-
146699
ᠢᠵᠢᠯ ᠮᠦᠷᠡᠨ
2020-09-08 10:05
135
0
ᠢᠵᠢᠯ ᠮᠦᠷᠡᠨ
ᠦᠭᠡ ᠄ ᠂ ᠰᠡᠴᠡᠨᠴᠤᠭᠲᠤ
ᠠᠶ᠎ᠠ ᠄ ᠂ ᠰᠡᠴᠡᠨᠪᠠᠭᠠᠲᠣᠷ
ᠴᠠᠩ ᠰᠠᠪᠰᠠᠭᠤᠯᠤᠨ ᠦᠨᠳᠡᠯᠵᠡᠭᠰᠡᠨ
ᠴᠠᠰᠤᠲᠤ ᠠᠯᠲᠠᠢ ᠪᠠᠨ ᠰᠠᠨᠠᠯ᠎ᠠ
ᠴᠠᠢ ᠪᠠᠨ ᠰᠠᠮᠤᠷᠤᠨ ᠬᠦᠯᠢᠶᠡᠭᠰᠡᠨ
ᠴᠠᠭᠠᠨ ᠪᠤᠭᠤᠷᠤᠯ ᠡᠵᠢ ᠪᠡᠨ ᠰᠠᠨᠠᠯ᠎ᠠ
ᠪᠤᠴᠠᠶ᠎ᠠ ᠪᠤᠴᠠᠶ᠎ᠠ ᠭᠡᠬᠦᠯᠡᠷ ᠡᠵᠢ ᠮᠢᠨᠢ
ᠪᠤᠭᠤᠷᠤᠯ ᠮᠦᠷᠡᠨ ᠬᠦᠯᠳᠡᠭᠰᠡᠨ ᠦᠭᠡᠢ
ᠳᠤᠷᠤᠨ᠎ᠠ ᠶᠢᠨ ᠰᠠᠷᠠᠨ ᠢ ᠮᠡᠯᠲᠡᠯᠵᠡᠬᠦᠯᠦᠭᠰᠡᠨ
ᠳᠤᠭᠰᠢᠨ ᠡᠷᠴᠢᠰ ᠢᠶᠡᠨ ᠰᠠᠨᠠᠯ᠎ᠠ
ᠤᠮᠤᠭᠯᠠᠩ ᠮᠤᠷᠢᠳ ᠳᠠᠪᠬᠢᠯᠳᠤᠭᠰᠠᠨ
ᠳᠤᠮᠤᠭᠲᠤ ᠰᠢᠷ᠎ᠠ ᠲᠠᠯ᠎ᠠ ᠪᠠᠨ ᠰᠠᠨᠠᠯ᠎ᠠ
ᠬᠠᠷᠢᠶ᠎ᠠ ᠬᠠᠷᠢᠶ᠎ᠠ ᠬᠡᠭᠦᠯᠡᠷ ᠠᠨᠳᠠ ᠮᠢᠨᠢ
ᠬᠤᠯᠠ ᠶᠢᠨ ᠮᠦᠷᠡᠨ ᠬᠦᠯᠳᠡᠭᠰᠡᠨ ᠦᠭᠡᠢ
ᠬᠤᠷ᠎ᠠ ᠨᠠᠷᠠ ᠨᠢ ᠠᠰᠬᠠᠷᠠᠭᠰᠠᠨ
ᠬᠤᠷᠠᠭᠠᠨ ᠤ ᠪᠡᠯᠴᠢᠭᠡᠷ ᠢᠶᠡᠨ ᠰᠠᠨᠠᠯ᠎ᠠ
ᠬᠤᠭᠤᠷ ᠴᠤᠭᠤᠷ ᠬᠦᠩᠭᠢᠨᠡᠭᠦᠯᠦᠭᠰᠡᠨ
ᠲᠤᠤᠯᠢᠴᠢ ᠮᠡᠷᠭᠡᠨ ᠠᠪᠤ ᠪᠠᠨ ᠰᠠᠨᠠᠯ᠎ᠠ
ᠶᠠᠪᠤᠶ᠎ᠠ ᠶᠠᠪᠤᠶ᠎ᠠ ᠬᠡᠭᠦᠯᠡᠷ ᠠᠪᠤ ᠮᠢᠨᠢ
ᠶᠡᠬᠡ ᠮᠦᠷᠡᠨ ᠬᠦᠯᠳᠡᠭᠰᠡᠨ ᠦᠭᠡᠢ
ᠤᠩᠭᠤᠨ ᠬᠦᠯᠦᠭ ᠦᠨ ᠳᠡᠯᠡᠨ ᠳᠡᠭᠡᠭᠦᠷ
ᠣᠳᠣ ᠲᠠᠢ ᠰᠦᠨᠢ ᠶᠢᠨ ᠲᠤᠶᠠᠭᠠᠨ ᠳᠤᠮᠳᠠᠭᠤᠷ
ᠤᠯᠠᠨ ᠪᠠᠭᠠᠲᠤᠷ ᠤᠨ ᠴᠢᠰᠦᠨ ᠳᠤᠮᠳᠠᠭᠤᠷ
ᠤᠪᠰᠢ ᠬᠠᠭᠠᠨ ᠨᠤᠲᠤᠭ ᠢᠶᠠᠨ ᠵᠤᠷᠢᠯ᠎ᠠ
ᠢᠷᠡᠶ᠎ᠡ ᠢᠷᠡᠶ᠎ᠡ ᠬᠡᠬᠦᠯᠡᠷ ᠨᠤᠲᠤᠭ ᠮᠢᠨᠢ
ᠢᠵᠢᠯ ᠮᠦᠷᠡᠨ ᠬᠦᠯᠳᠡᠭᠰᠡᠨ ᠦᠭᠡᠢ
ᠦᠴᠦᠬᠡᠨ ᠰᠡᠳᠬᠢᠭᠳᠡᠯ ~ ~
ᠤᠷᠤᠭᠰᠢᠯᠠᠶ᠎ᠠ ᠬᠡᠬᠦ ᠳ᠋ᠥ ᠡᠮᠦᠨᠡᠬᠢ ᠵᠠᠮ ᠳᠦ ᠨᠢ ᠬᠠᠶᠠ ᠪᠤᠰᠤᠳᠴᠢ ᠨᠦᠬᠦᠴᠡᠯ
ᠬᠠᠷᠰᠢᠯᠠᠬᠤ ᠨᠢ ᠳᠠᠩᠴᠤ ᠬᠡᠴᠡᠬᠦᠦ ᠶᠣᠮ ᠳ᠋ᠠ ︕
2020 ᠣᠨ ᠤ ᠶᠢᠰᠦᠨ ᠰᠠᠷᠠᠶᠢᠨ ᠨᠠᠢᠮᠠᠨ ᠳᠤ
ᠱᠠᠩᠬᠠᠢ ᠬᠤᠲᠠᠨ᠎ᠠ ᠲᠡᠮᠲᠡᠭᠯᠡᠪᠡ