 

ᠥᠪᠥᠷ ᠮᠣᠩᠭᠣᠯ ᠬᠡᠯᠡᠨ ‍ᠣ ᠤᠰᠤᠲᠤᠨ ᠮᠥᠬᠥᠬᠦ ᠵᠢᠨ ᠲᠠᠪᠤᠨ ᠬᠡᠯᠪᠡᠷᠢ

2018-01-15 22:52
  406
  0
 
 
   ᠥᠪᠥᠷ ᠮᠣᠩᠭᠣᠯ ᠬᠡᠯᠡᠨ ‍ᠣ ᠥᠨᠥᠳᠥᠷ ᠦᠨ ᠪᠠᠢᠳᠠᠯ ᠳ᠋ᠥ ᠮᠣᠩᠭᠣᠯᠴᠤᠳ ᠪᠦᠬᠦᠨ ᠰᠠᠨᠠᠭ᠎ᠠ ᠪᠣᠯᠵᠤ ᠪᠠᠢᠭ᠎ᠠ ᠪᠣᠯᠪᠠᠴᠤ ᠲᠡᠭᠦᠨ ᠤ ᠤᠯᠠᠮ ᠵᠢᠠᠷ ᠰᠤᠯᠠᠷᠠᠨ ᠮᠠᠭᠤᠲᠠᠵᠤ ᠪᠠᠢᠭ᠎ᠠ ᠪᠠᠢᠳᠠᠯ ᠨᠢ ᠬᠥᠮᠥᠰ ᠦᠨ ᠬᠦᠰᠡᠯ ᠳ᠋ᠥ ᠲᠠᠭᠠᠯᠠᠭᠳᠠᠮᠠᠷ ᠬᠠᠷᠢᠭᠤᠯᠲᠠ ᠲᠠᠢ ᠪᠣᠯᠵᠤ ᠴᠢᠳᠠᠬᠤ ᠦᠭᠡᠢ ᠪᠠᠢᠨ᠎ᠠ᠃ ᠶᠠᠭ ᠡᠢᠮᠦ ᠡᠴᠡ ᠵᠠᠷᠢᠮ ᠨᠢ ᠣᠳᠣ ᠲᠠᠪᠢᠨ ᠵᠢᠯ ᠪᠤᠢ ᠬᠡᠮᠡᠨ ᠭᠤᠲᠤᠷᠠᠵᠤ᠂ ᠪᠠᠰᠠ ᠵᠠᠷᠢᠮ ᠨᠢ ᠶᠠᠭᠠᠬᠢᠬᠤᠪ᠂ ᠴᠡᠪᠡᠷᠬᠡᠨ ᠶᠠᠷᠢᠵᠤ ᠪᠠᠢᠪᠠᠯ ᠲᠡᠢᠮᠦ ᠲᠠᠪᠢᠯᠠᠩ ᠳ᠋ᠥ ᠦᠯᠦ ᠬᠦᠷᠬᠦ ᠪᠤᠢ ᠬᠡᠮᠡᠨ ᠪᠠᠷᠳᠠᠮ ᠪᠣᠳᠣᠵᠤ ᠵᠥᠭᠡᠯᠡᠨ ᠳᠤᠤᠭᠠᠷᠤᠭᠰᠠᠭᠠᠷ ᠨᠡᠢᠭᠡᠮ ᠦᠨ ᠦᠨᠡᠨ ‍ᠣ ᠡᠮᠦᠨ᠎ᠡ ᠰᠥᠬᠥᠷᠡᠨ᠎ᠡ᠃ ᠬᠡᠷᠪᠡ ᠪᠣᠰᠣᠭ᠎ᠠ ᠮᠣᠩᠭᠣᠯ ᠦᠰᠦᠭ ᠮᠠᠨᠢ ᠦᠨᠡᠬᠡᠷ ᠥᠪᠥᠷ ᠮᠣᠩᠭᠣᠯ ᠳ᠋ᠥ ᠰᠥᠨᠥᠬᠦ ᠳ᠋ᠥ ᠬᠥᠷᠥᠨ᠎ᠡ ᠭᠡᠪᠡᠯ ᠲᠡᠷᠡ ᠨᠢ ᠴᠣᠬᠣᠮ ᠶᠠᠭᠠᠬᠢᠵᠤ ᠰᠥᠨᠥᠳᠡᠭ ᠪᠣᠯ︖ ᠲᠤᠩᠭᠠᠨ ᠪᠣᠳᠣᠪᠠᠯ ᠲᠡᠭᠦᠨ ᠳ᠋ᠥ ᠳᠠᠷᠠᠭᠠᠬᠢ ᠮᠡᠲᠦ 5 ᠵᠦᠢᠯ ᠦᠨ ᠰᠥᠨᠥᠬᠦ ᠠᠷᠭ᠎ᠠ ᠪᠤᠢ ᠪᠠᠢᠬ᠎ᠠ᠃ 
ᠰᠥᠨᠥᠬᠦ ᠬᠡᠯᠪᠡᠷᠢ 1᠂ 
  ᠲᠡᠷᠡ ᠨᠤᠲᠤᠭ ᠤᠨ ᠲᠡᠢᠮᠦ ᠨᠢᠭᠡᠨ ᠮᠠᠯᠵᠢᠬᠤ ᠬᠣᠰᠢᠭᠤ ᠪᠠᠷ ᠶᠠᠪᠤᠵᠤ ᠪᠠᠢᠬᠤ ᠳ᠋ᠥ ᠡᠢᠮᠦ ᠨᠢᠭᠡᠨ ᠰᠡᠳᠬᠢᠯ ᠳᠣᠭᠳᠣᠯᠤᠭᠤᠯᠤᠮ᠎ᠠ ᠶᠠᠪᠤᠳᠠᠯ ᠳ᠋ᠥ ᠳᠣᠬᠢᠶᠠᠯᠠᠭᠳᠠᠭᠰᠠᠨ ᠪᠢᠯᠡ᠃ ᠬᠣᠰᠢᠭᠤ ᠵᠠᠰᠠᠭ ᠤᠨ ᠨᠢᠭᠡᠨ ᠪᠠᠢᠭᠤᠯᠤᠯᠭ᠎ᠠ ᠲᠣ ᠠᠬᠠᠮᠠᠳ ᠨᠠᠰᠤᠲᠠᠢ ᠠᠷᠪᠠᠨ ᠠᠵᠢᠯᠲᠠᠨ ᠠᠵᠢᠯᠯᠠᠳᠠᠭ ᠪᠠᠢᠵᠠᠢ᠃ ᠡᠷᠬᠡ ᠴᠢᠳᠠᠪᠤᠷᠢ ᠨᠢ ᠪᠠᠭᠠᠲᠠᠢ᠂ ᠡᠳ᠋ ᠮᠥᠩᠭᠥ ᠵᠢᠨ ᠣᠷᠣᠯᠭ᠎ᠠ ᠦᠭᠡᠢ᠂ ᠲᠡᠦᠬᠡ ᠰᠣᠶᠣᠯ ᠤᠨ ᠬᠡᠳᠦᠨ ᠳᠠᠩᠰᠠ ᠡᠪᠬᠡᠮᠡᠯ ᠢ ᠡᠮᠬᠢᠯᠡᠨ᠂ ᠳ᠋ᠤᠭᠠᠷᠯᠠᠨ᠂ ᠬᠢᠮᠠᠭᠠᠳᠠᠨ ᠡᠳᠦᠷ ᠪᠣᠷᠣᠯᠠᠭᠤᠯᠳᠠᠭ ᠡᠨᠡ ᠵᠢᠭᠠᠬᠠᠨ ᠪᠠᠢᠭᠤᠯᠭ᠎ᠠ ᠨᠢ ᠡᠷᠲᠡ ᠬᠡᠳᠦᠨ ᠵᠢᠯ ᠡᠴᠡ ᠭᠠᠷ ᠬᠦᠷᠦᠯᠴᠡᠬᠦ ᠦᠭᠡᠢ ᠪᠠᠢᠨ᠎ᠠ᠂ ᠠᠵᠢᠯᠲᠠᠳ ᠨᠠᠰᠤᠵᠢᠭᠠᠳ ᠠᠵᠢᠯ ᠬᠦᠨᠳᠦᠷᠡᠭᠡᠳ ᠪᠠᠢᠨ᠎ᠠ ᠭᠡᠵᠦ ᠬᠣᠰᠢᠭᠤᠨ ‍ᠣ ᠪᠣᠯᠪᠠᠰᠤᠨ ᠬᠦᠴᠦᠨ ᠳ᠋ᠥ ᠡᠷᠭᠦᠳᠡᠯ ᠭᠠᠷᠭᠠᠨ᠂ ᠰᠢᠨ᠎ᠡ ᠵᠠᠯᠠᠭᠤ ᠣᠶᠤᠲᠠᠳ ᠠᠴᠠ ᠪᠠᠨ ᠶᠠᠳᠠᠵᠤ ᠨᠢᠭᠡ ᠶ᠋ᠢ ᠭᠡᠵᠦ ᠭᠤᠶᠤᠴᠢᠯᠠᠭᠰᠠᠨ ᠪᠣᠯᠪᠠᠴᠤ ᠬᠠᠷᠢᠭᠤᠯᠲᠠ ᠦᠭᠡᠢ ᠬᠡᠴᠢᠨᠡᠨ ᠵᠢᠯ ᠪᠣᠯᠵᠠᠢ᠃ 
  2012 ᠣᠨ ᠪᠣᠯᠬᠤ ᠳ᠋ᠥ ᠬᠣᠰᠢᠭᠤ ᠵᠠᠰᠠᠭ ᠤᠨ ᠪᠣᠯᠪᠠᠰᠤᠨ ᠬᠦᠴᠦᠨ ‍ᠣ ᠬᠢᠨᠢ ᠭᠡᠨᠡᠳᠲᠡ ᠰᠠᠨᠠᠭᠠᠨ ᠳ᠋ᠥ ᠣᠷᠣᠭᠰᠠᠨ ᠶᠤᠮ ᠦᠦ᠂ ᠮᠣᠩᠭᠣᠯ ᠬᠡᠯᠡ ᠦᠭᠡᠢ ᠣᠶᠤᠲᠠᠨ ᠥᠬᠢᠨ ᠢ ᠲᠣᠮᠢᠯᠠᠨ ᠢᠷᠡᠭᠦᠯᠪᠡ᠃ ᠨᠠᠰᠤᠲᠠᠢ ᠬᠥᠮᠥᠰ ᠲᠣ ᠶᠡᠷᠦ ᠨᠢ ᠵᠠᠯᠠᠭᠤ ᠬᠥᠮᠥᠨ ᠬᠥᠭᠡᠷᠦᠬᠦᠢᠯᠡᠭᠳᠡᠨ ᠬᠠᠷᠠᠭᠳᠠᠳᠠᠭ᠃ ᠪᠠᠢᠭᠤᠯᠭ᠎ᠠ ᠵᠢᠨ ᠠᠷᠪᠠᠨ ᠠᠵᠢᠯᠲᠠᠨ ᠳ᠋ᠥ ᠠᠰᠢᠭᠦᠢ ᠲᠣᠮᠣ ᠰᠣᠨᠢᠨ ᠪᠣᠯᠵᠤ ᠢᠷᠡᠭᠰᠡᠨ ᠡᠨᠡ ᠣᠶᠤᠲᠠᠨ ᠥᠬᠢᠨ ᠢ ᠬᠢᠲᠠᠳ ᠭᠡᠵᠦ ᠢᠯᠭᠠᠪᠤᠷᠢᠯᠠᠭᠰᠠᠨ ᠬᠥᠮᠥᠨ ᠦᠭᠡᠢ᠂ ᠵᠠᠯᠠᠭᠤ ᠣᠶᠤᠲᠠᠨ ᠴᠦ ᠤᠬᠠᠭᠠᠨᠲᠠᠢ ᠰᠠᠷᠠᠭᠤᠯ ᠥᠬᠢᠨ ᠪᠠᠢᠵᠤ᠂ ᠠᠪᠠᠭ᠎ᠠ᠂ ᠡᠭᠡᠴᠢ ᠭᠡᠳ ᠵᠥᠭᠡᠯᠡᠨ ᠵᠥᠭᠡᠯᠡᠨ ᠳᠤᠤᠭᠠᠷᠴᠤ᠂ ᠰᠠᠩᠪᠦ ᠠᠬ᠎ᠠ ᠵᠢᠨ ᠳ᠋ᠥ ᠴᠠᠢ ᠤᠤᠭᠤᠵᠤ᠂ ᠰᠠᠮᠠᠭ᠎ᠠ ᠡᠭᠡᠴᠢ ᠵᠢᠨ ᠳ᠋ᠥ ᠦᠳᠡᠯᠡᠵᠦ᠂ ᠽᠠᠨᠳᠠᠨ ᠡᠭᠡᠴᠢ ᠵᠢᠨ ᠬᠢ ᠪᠠᠷ ᠨᠢᠭᠡ ᠬᠣᠨᠣᠵᠤ᠂ ᠲᠥᠷᠥᠭᠰᠡᠨ ᠡᠴᠡ ᠢᠯᠡᠭᠦᠦ ᠳᠣᠲᠣᠨᠣᠴᠢᠯᠠᠭᠳᠠᠵᠤ᠂ ᠰᠠᠳᠤᠨ ᠠᠴᠠ ᠳᠤᠲᠠᠭᠤ ᠦᠭᠡᠢ ᠥᠬᠥᠭᠡᠷᠳᠡᠭᠳᠡᠭᠰᠡᠭᠡᠷ᠂ ᠨᠢᠭᠡ ᠮᠡᠳᠡᠬᠦ ᠳ᠋ᠥ ᠰᠠᠨᠠᠭ᠎ᠠ ᠰᠠᠢᠲᠠᠢ ᠬᠡᠦᠬᠡᠨ᠂ ᠠᠵᠢᠯ ᠰᠠᠢᠲᠠᠢ ᠥᠬᠢᠨ ᠭᠡᠵᠦ ᠡᠷᠡᠬᠡᠢ ᠭᠠᠷᠭᠠᠨ ᠮᠠᠭᠲᠠᠭᠤᠯᠬᠤ ᠪᠣᠯᠵᠠᠢ᠃ 
   ᠡᠢᠮᠦ ᠰᠠᠢᠬᠠᠨ ᠥᠬᠢᠨ᠂ ᠢᠩᠭᠢᠵᠦ ᠰᠠᠢᠨ ᠠᠵᠢᠯᠯᠠᠳᠠᠭ ᠬᠡᠦᠬᠡᠳ᠂ ᠮᠣᠩᠭᠣᠯ ᠬᠡᠯᠡ ᠦᠭᠡᠢ ᠨᠢ ᠬᠥᠭᠡᠷᠦᠬᠦᠢ ᠶᠤᠮ ᠠ ᠭᠡᠳ᠂ ᠬᠤᠷᠠᠯ ᠤᠨ ᠡᠳᠦᠷ ᠲᠣᠪᠴᠢᠶᠠᠨ ᠳᠠᠷᠤᠭ᠎ᠠ ᠮᠣᠳᠣᠨ ᠬᠡᠯᠡ ᠪᠠᠷ ᠬᠢᠲᠠᠳ ᠵᠢᠠᠷ ᠶᠠᠷᠢᠵᠤ ᠡᠬᠢᠯᠡᠪᠡ᠃ ᠬᠡᠭᠡᠷ᠎ᠡ ᠵᠢᠨ ᠪᠠᠢᠴᠠᠭᠠᠯᠲᠠ ᠪᠠᠷ ᠣᠴᠢᠭᠰᠠᠨ ᠮᠢᠨᠤ ᠡᠮᠦᠨ᠎ᠡ ᠲᠣᠪᠴᠢᠶᠠᠨ ᠳᠠᠷᠤᠭ᠎ᠠ ᠮᠠᠨᠢ ᠬᠣᠭᠣᠯᠠᠢ ᠪᠠᠨ ᠵᠠᠰᠠᠭᠠᠳ︽ ᠠ᠂ ᠵᠡᠭᠧ ᠵᠡᠭᠧ᠂ ᠱᠢᠶᠣᠣ ᠵᠠᠩ ᠪᠦᠬᠦᠢ ᠮᠡᠩᠭᠦᠶ᠋ᠢ ᠮᠠ︾ ᠯᠡ ᠭᠡᠳ ᠠᠨᠠᠢᠬᠠᠨ ᠮᠡᠳᠡᠳᠡᠭ ᠬᠢᠲᠠᠳ ᠬᠡᠯᠡ ᠪᠡᠨ ᠳᠥᠷᠪᠡᠳᠦᠭᠡᠷ ᠠᠶᠠᠯᠭᠤ ᠪᠠᠷ ᠴᠣᠯᠭᠢᠭᠤᠯᠵᠤ ᠡᠬᠢᠯᠡᠪᠡ᠃ 
ᠰᠥᠨᠥᠬᠦ ᠬᠡᠯᠪᠡᠷᠢ 2᠂ 
   ᠪᠡᠭᠡᠵᠢᠩ ᠶᠡᠬᠡ ᠰᠤᠷᠭᠠᠭᠤᠯᠢ᠂ ᠲᠣᠣᠺᠢᠥ ᠶᠡᠬᠡ ᠰᠤᠷᠭᠠᠭᠤᠯᠢ᠂ ᠨᠢᠦ᠋ ᠶᠥᠷᠺ ᠶᠡᠬᠡ ᠰᠤᠷᠭᠠᠭᠤᠯᠢ ᠭᠡᠵᠦ ᠪᠠᠢᠳᠠᠭ᠃ ᠪᠠᠰᠠ ᠵᠢᠭᠠᠬᠠᠨ ᠲᠠᠲᠠᠭᠠᠳ ᠶᠠᠷᠢᠬᠤ ᠳ᠋ᠥ ᠭᠢᠷᠢᠨ ᠶᠡᠬᠡ ᠰᠤᠷᠭᠠᠭᠤᠯᠢ᠂ ᠬᠠᠷᠠᠮᠥ᠋ᠷᠡᠨ ᠶᠡᠬᠡ ᠰᠤᠷᠭᠠᠭᠤᠯᠢ ᠭᠡᠵᠦ ᠣᠯᠠᠨ ᠣᠯᠠᠨ ᠪᠠᠢᠳᠠᠭ᠃ ᠬᠡᠨ ᠨᠢ ᠴᠤ ᠲᠡᠭᠦᠨ ᠳ᠋ᠥ ︽   ᠤᠨ ︾ ᠨᠡᠮᠡᠵᠦ ᠳᠠᠭᠤᠳᠠᠭ᠎ᠠ ᠦᠭᠡᠢ᠃ ᠬᠥᠬᠡᠬᠣᠲᠠ ᠦᠨᠳᠦᠰᠦᠲᠡᠨ ‍ᠣ ᠳᠡᠭᠡᠳᠦ ᠰᠤᠷᠭᠠᠭᠤᠯᠢ ᠵᠢᠨ ᠬᠢᠨ ᠬᠠᠷᠢᠨ ᠬᠥᠬᠡᠬᠣᠲᠠ ᠵᠢᠨ ᠦᠨᠳᠦᠰᠦᠲᠡᠨ ‍ᠣ ᠳᠡᠭᠡᠳᠦ ᠰᠤᠷᠭᠠᠭᠤᠯᠢ ᠭᠡᠵᠦ︽ ᠵᠢᠨ ᠤᠨ ᠤ ︾ ᠳᠠᠭᠠᠯᠳᠤᠭᠤᠯᠤᠨ ᠬᠠᠮᠢᠶᠠᠳᠠᠭᠤᠯᠤᠨ ᠳᠠᠭᠤᠳᠠᠬᠤ ᠪᠠᠷ ᠶᠡᠬᠡᠯ᠎ᠡ ᠠᠭᠤᠷᠯᠠᠵᠤ᠂ ᠬᠥᠬᠡᠬᠣᠲᠠ ᠵᠢᠨ ᠪᠢᠰᠢ᠂ ᠥᠪᠥᠷ ᠮᠣᠩᠭᠣᠯ ᠤᠨ ᠬᠥᠬᠡᠬᠣᠲᠠ ᠦᠨᠳᠦᠰᠦᠲᠡᠨ ‍ᠣ ᠳᠡᠭᠡᠳᠦ ᠰᠤᠷᠭᠠᠭᠤᠯᠢ ᠰᠢᠦ ᠳ᠋ᠡ ᠭᠡᠵᠦ ᠲᠣᠳᠣᠷᠬᠠᠢᠯᠠᠳᠠᠭ ᠭᠡᠨ᠎ᠡ᠃ ᠳᠠᠮ ᠤᠨ ᠰᠣᠨᠣᠰᠤᠯᠲᠠ ᠶ᠋ᠢ ᠦᠨᠡᠨ ᠭᠡᠵᠦ ᠶᠠᠭᠠᠬᠢᠵᠤ ᠮᠡᠳᠡᠬᠦ ᠪᠢᠯᠡ᠂ ᠭᠡᠪᠡᠴᠦ ᠬᠠᠷᠢᠨ ᠮᠠᠨ ‍ᠣ ᠳ᠋ᠥ ᠨᠢᠭᠡ ᠲᠡᠢᠮᠦ︽ ᠤᠨ︾ ᠭᠡᠳᠡᠭ ᠵᠢᠠᠨ ᠮᠠᠷᠲᠠᠯ ᠦᠭᠡᠢ ᠵᠢᠭᠢᠷᠢᠭᠯᠡᠨ ᠨᠡᠮᠡᠵᠦ ᠳᠠᠰᠤᠭᠰᠠᠨ ᠲᠡᠢᠮᠦ ᠨᠢᠭᠡᠨ ᠠᠢᠬᠤᠪᠲᠤᠷ ᠶᠡᠬᠡ ᠰᠤᠷᠭᠠᠭᠤᠯᠢ ᠪᠠᠢᠵᠤ᠂ ᠲᠡᠨᠳᠡᠬᠢ ᠵᠢᠨ ᠫᠷᠣᠹᠧᠰᠰᠣᠷ ᠴᠣᠯᠠ ᠲᠠᠢ ᠳ᠋ᠣᠺᠲ᠋ᠣᠷ ᠪᠠᠲᠤᠯᠠᠭᠰᠠᠨ ᠡᠷᠳᠡᠮᠲᠡᠳ ᠨᠢ ᠠᠭᠤᠯᠵᠠᠯᠳᠠᠬᠤ ᠪᠠᠷ︽ ᠲᠣᠯᠣᠭᠠᠢ ᠲᠣᠯᠣᠭᠠᠢ ᠪᠠᠨ ᠬᠢᠷᠭᠠᠵᠤ ︾ ᠠᠮᠤᠷ ᠮᠡᠨᠳᠦ ᠪᠠᠨ ᠠᠰᠠᠭᠤᠨ ᠮᠡᠨᠳᠦᠴᠢᠯᠡᠨ ᠵᠣᠯᠭᠠᠯᠳᠤᠳᠠᠭ ᠬᠠᠴᠢᠨ ᠭᠠᠢᠬᠠᠯᠲᠠᠢ ᠰᠤᠷᠲᠠᠬᠤᠨ ᠲᠠᠢ ᠶᠤᠮ ᠪᠢᠯᠡ᠃ 
 ᠬᠠᠷᠸᠠᠷᠲ ᠠᠴᠠ ᠬᠠᠷᠢᠵᠤ ᠢᠷᠡᠭᠰᠡᠨ ᠡᠷᠳᠡᠮᠲᠡᠨ ᠪᠠᠭᠰᠢ ᠪᠠᠯᠳᠠᠨᠫᠥ᠋ᠷᠪᠦ ᠫᠷᠣᠹᠧᠰᠰᠣᠷ ᠬᠢᠴᠢᠶᠡᠯ ᠦᠨ ᠵᠠᠪᠰᠠᠷ ᠠᠰᠠᠷ ᠤᠨ ᠭᠤᠯᠳᠤᠩ ᠳ᠋ᠥ ᠮᠧᠷᠸᠢᠨ ᠡᠴᠡ ᠢᠷᠡᠭᠰᠡᠨ ᠮᠠᠩᠯᠠᠢᠪᠠᠭᠠᠲᠤᠷ ᠪᠠᠭᠰᠢ ᠲᠠᠢ ᠬᠠᠯᠵᠠ ᠲᠠᠭᠠᠷᠠᠨ ᠠᠭᠤᠯᠵᠠᠯᠳᠠᠪᠠ᠃ 
︽ ᠥ᠂ ᠰᠠᠢᠨ ᠪᠠᠢᠨ᠎ᠠ ᠦᠦ᠂ ᠮᠠ ᠪᠠᠭᠰᠢ ᠠ︾ ᠭᠡᠳ ᠪᠠᠯᠳᠠᠨᠫᠥ᠋ᠷᠪᠦ ᠫᠷᠣᠹᠧᠰᠰᠣᠷ ᠤᠷᠢᠳᠠᠪᠠᠷ ᠬᠢᠷᠭᠠᠵᠤ ᠠᠮᠵᠢᠬᠤ ᠳ᠋ᠥ᠂︽ ᠪᠠ ᠪᠠᠭᠰᠢ ᠬᠢᠴᠢᠶᠡᠯ ᠲᠠᠢ ᠪᠠᠢᠭᠰᠠᠨ ᠶᠤᠮ ᠦᠦ᠂ ᠬᠠ ᠬᠠ︾ ᠭᠡᠵᠦ ᠮᠠᠩᠯᠠᠢᠪᠠᠭᠠᠲᠤᠷ ᠪᠠᠭᠰᠢ ᠠᠯᠳᠠᠯ ᠦᠭᠡᠢ ᠬᠠᠷᠢᠭᠤ ᠬᠢᠷᠭᠠᠪᠠ᠃ 
  ᠳ᠋ᠠᠢ ᠰᠡᠴᠡᠨ ᠵᠢᠠᠷ ᠶᠢᠰᠦᠭᠡᠢ ᠪᠠᠭᠠᠲᠤᠷ ᠲᠠᠢ ᠠᠭᠤᠯᠵᠠᠯᠳᠠᠬᠤ ᠪᠠᠷ︽ ᠶᠢ ᠬᠤᠳᠠ ᠠ᠂ ᠪᠢ ᠨᠠᠴᠢᠨ ᠱᠣᠩᠬᠣᠷ ᠲᠣᠭᠣᠨᠣ ᠳ᠋ᠥ ᠰᠠᠭᠤᠭᠰᠠᠨ ᠭᠡᠳ ᠵᠡᠭᠦᠳᠦᠯᠡᠭᠰᠡᠨ ᠰᠢᠦ᠂ ᠬᠠ ᠬᠠ ᠬᠠ ︾ ᠭᠡᠵᠦ ᠮᠡᠨᠳᠦᠴᠢᠯᠡᠨ ᠠᠭᠤᠯᠵᠠᠭᠰᠠᠨ ᠪᠣᠯᠪᠠ ᠦᠦ︖ ᠡᠰᠡᠬᠦᠯ᠎ᠡ ᠴᠢᠩᠭᠢᠰ ᠬᠠᠭᠠᠨ ᠵᠠᠮᠤᠬ᠎ᠠ ᠲᠠᠢ ᠠᠭᠤᠯᠵᠠᠬᠤ ᠳᠠᠭᠠᠨ ᠵᠠᠮᠤᠬ᠎ᠠ ᠠᠨᠳᠠ ᠠ ᠪᠢᠰᠢ︽ ᠵᠠ ᠠᠨᠳᠠ ᠠ᠂ ᠰᠠᠢᠬᠠᠨ ᠡᠪᠦᠯᠵᠢᠵᠦ ᠪᠠᠢᠨ᠎ᠠ ᠦᠦ︾ ᠭᠡᠵᠦ ᠠᠭᠤᠯᠵᠠᠭᠰᠠᠨ ᠴᠤ ᠶᠤᠮ ᠦᠦ᠂ ᠪᠦᠦ ᠮᠡᠳᠡ᠃ ᠭᠡᠨᠡᠳᠲᠡ ᠨᠢᠭᠡ ᠮᠡᠳᠡᠬᠦ ᠪᠠᠷ ᠮᠠᠨ ‍ᠣ ᠥᠪᠥᠷ ᠮᠣᠩᠭᠣᠯᠴᠤᠳ ᠮᠠᠨᠢ ᠰᠢᠶᠣᠣ ᠵᠠᠩ᠂ ᠯᠣᠣ ᠵᠠᠩ ᠭᠡᠳᠡᠭ ᠡᠴᠡ ᠪᠠᠨ ᠯᠤᠤ ᠠ᠂ ᠯᠣᠣ ᠪᠠ ᠭᠡᠵᠦ ᠨᠡᠷ᠎ᠡ ᠲᠠᠢ ᠬᠥᠮᠥᠨ ᠢ ᠨᠡᠷ᠎ᠡ ᠨᠢ ᠪᠢᠰᠢ᠂ ᠲᠣᠯᠣᠭᠠᠢ ᠶᠢ ᠨᠢ ᠬᠢᠷᠭᠠᠨ ᠲᠣᠢᠮᠣᠴᠢᠯᠠᠨ ᠳᠠᠭᠤᠳᠠᠳᠠᠭ ᠪᠣᠯᠵᠤ ᠪᠢᠯᠡ᠃ 
  ᠠ᠂ ᠮᠣᠩᠭᠣᠯᠴᠤᠳ ᠲᠣ ᠣᠪᠣᠭ ᠦᠭᠡᠢ ᠶᠤᠮ ᠦᠦ᠂ ᠵᠠ᠂ ᠯᠤᠤ ᠠ ᠭᠡᠬᠦ ᠦᠦ ᠭᠡᠳ ᠭᠡᠬᠦᠯᠵᠬᠦ ᠬᠢᠲᠠᠳ ᠶᠢᠨ ᠳᠠᠭᠤᠳᠠᠯᠭ᠎ᠠ ᠶᠢ ᠳᠠᠭᠠᠯᠳᠤᠭᠠᠳ᠂ ᠮᠠᠨ ᠮᠣᠩᠭᠣᠯᠴᠤᠳ ᠲᠣᠯᠣᠭᠠᠢ ᠬᠢᠷᠭᠠᠨ ᠮᠡᠨᠳᠦᠴᠢᠯᠡᠵᠦ᠂ ᠲᠡᠭᠦᠨ ᠵᠢᠠᠨ ᠰᠠᠢᠬᠠᠨ ᠬᠦᠨᠳᠦᠯᠡᠵᠦ ᠮᠡᠨᠳᠦᠴᠢᠯᠡᠵᠦ ᠪᠤᠢ ᠭᠡᠵᠦ ᠪᠣᠳᠣᠳᠠᠭ ᠪᠣᠯᠵᠠᠢ᠃ ᠬᠢᠲᠠᠳ ᠰᠣᠶᠣᠯ ᠳ᠋ᠥ ᠬᠢᠲᠠᠳ ᠣᠪᠣᠭ ᠤᠨ ᠰᠠᠢᠬᠠᠨ ᠰᠣᠶᠣᠯ ᠤᠨ ᠰᠢᠰᠲ᠋ᠧᠮ ᠪᠠᠢᠵᠤ᠂ ᠺᠦᠩᠽᠢ ᠵᠢᠨ ᠬᠣᠢᠴᠢᠰ ᠨᠢ ᠺᠦᠩ ᠣᠪᠣᠭ ᠵᠢᠠᠷ ᠪᠠᠬᠠᠷᠬᠠᠯ ᠵᠢᠠᠨ ᠪᠣᠯᠭᠠᠳᠠᠭ᠃ ᠶᠡᠬᠡ ᠵᠸᠦ ᠵᠢᠨ ᠶ᠋ᠢ ᠣᠪᠣᠭ ᠨᠢ ᠲᠡᠭᠦᠨ ‍ᠣ ᠬᠣᠢᠴᠢᠰ ᠤᠨ ᠪᠠᠬᠠᠷᠬᠠᠯ ᠪᠣᠯᠵᠤ᠂ ᠺᠦᠩ᠂ ᠶ᠋ᠢ ᠣᠪᠣᠭᠲᠠᠨ ᠨᠤᠭᠤᠳ ᠥᠪᠡᠷ ᠢ ᠪᠠᠨ ᠲᠠᠨᠢᠯᠴᠠᠭᠤᠯᠬᠤ ᠳ᠋ᠥ︽ ᠮᠢᠶᠠᠨ ᠭᠦᠢ ᠰᠢᠩ ᠺᠦᠩ︵ ᠶ᠋ᠢ︶︾ ᠭᠡᠵᠦ ᠬᠢᠴᠢᠶᠡᠩᠭᠦᠢᠯᠡᠭᠰᠡᠨ ᠬᠡᠯᠡᠯᠭᠡ ᠶ᠋ᠢ ᠬᠡᠷᠡᠭᠯᠡᠬᠦ ᠡᠴᠡ ᠲᠠᠲᠠᠭᠠᠯᠵᠠᠳᠠᠭ᠃ ᠲᠡᠳᠡᠨᠦᠰ ᠺᠦᠩ᠂ ᠶ᠋ᠢ ᠣᠪᠣᠭ ᠢ ᠡᠷᠬᠢᠮ ᠪᠢᠰᠢ ᠭᠡᠵᠦ ᠬᠡᠯᠡᠵᠦ ᠪᠣᠯᠬᠤ ᠦᠭᠡᠢ ᠬᠡᠮᠡᠨ ᠬᠢᠴᠢᠶᠡᠳᠡᠭ᠃ ᠪᠤᠰᠤᠳ ᠣᠪᠣᠭ ᠤᠨ ᠬᠢᠲᠠᠳ ᠢᠷᠭᠡᠳ ᠴᠤ ᠭᠡᠰᠡᠨ ᠭᠡᠷ ᠦᠨ ᠴᠠᠳᠢᠭ ᠬᠡᠮᠡᠨ ᠦᠶ᠎ᠡ ᠦᠶ᠎ᠡ ᠲᠡᠮᠳᠡᠭᠯᠡᠨ ᠦᠯᠡᠳᠡᠭᠡᠭᠰᠡᠨ ᠭᠡᠷ ᠦᠨ ᠲᠡᠦᠬᠡ ᠪᠢᠴᠢᠭᠡᠰᠦ ᠪᠠᠨ ᠳᠡᠭᠡᠳᠦᠰ ᠦᠨ ᠲᠠᠬᠢᠯᠭ᠎ᠠ ᠵᠢᠨ ᠦᠶ᠎ᠡ ᠪᠠᠷ ᠦᠷ᠎ᠡ ᠨᠢᠯᠬᠠᠰ ᠲᠠᠭᠠᠨ ᠨᠢᠳᠦᠯᠡᠭᠦᠯᠦᠨ ᠲᠠᠨᠢᠭᠤᠯᠵᠤ᠂ ᠣᠪᠣᠭ ᠲᠥᠷᠥᠯ ᠦᠨ ᠪᠠᠬᠠᠷᠬᠠᠯ ᠣᠮᠣᠭᠰᠢᠯ ᠢ ᠬᠥᠮᠥᠵᠢᠭᠦᠯᠳᠡᠭ᠃ ᠬᠢᠲᠠᠳ ᠰᠣᠶᠣᠯ ᠳ᠋ᠥ ᠣᠪᠣᠭ ᠵᠢᠠᠷ ᠨᠢ ᠣᠪᠣᠭᠴᠢᠯᠠᠨ ᠳᠠᠭᠤᠳᠠᠬᠤ ᠵᠠᠩᠰᠢᠯ ᠨᠢ ᠲᠡᠷᠡ ᠰᠣᠶᠣᠯ ᠳ᠋ᠥ ᠲᠣᠬᠢᠷᠠᠯᠴᠠᠭᠰᠠᠨ ᠬᠦᠨᠳᠦᠳᠬᠡᠯ ᠦᠨ ᠠᠭᠤᠯᠭ᠎ᠠ ᠰᠢᠨᠵᠢ ᠲᠠᠢ ᠪᠠᠢᠳᠠᠭ᠃ 
   ᠭᠡᠲᠡᠯ᠎ᠡ ᠮᠣᠩᠭᠣᠯ ᠰᠣᠶᠣᠯ ᠴᠢᠨᠢ ᠬᠢᠲᠠᠳ ᠰᠣᠶᠣᠯ ᠪᠢᠰᠢ᠃ ᠬᠢᠲᠠᠳ ᠰᠣᠶᠣᠯ ᠤᠨ ᠣᠪᠣᠭᠴᠢᠯᠠᠨ ᠳᠠᠭᠤᠳᠠᠬᠤ ᠬᠦᠨᠳᠦᠳᠬᠡᠯ ᠢ ᠰᠣᠬᠣᠷ ᠪᠠᠯᠠᠢ ᠪᠠᠷ ᠳᠠᠭᠤᠷᠢᠶᠠᠨ ᠮᠣᠩᠭᠣᠯ ᠨᠡᠷ᠎ᠡ ᠵᠢᠨ ᠲᠣᠯᠣᠭᠠᠢ ᠶ᠋ᠢ ᠬᠢᠷᠭᠠᠨ ᠲᠠᠰᠤᠳᠠᠬᠤ ᠴᠢᠨᠢ ᠬᠦᠨᠳᠦᠳᠬᠡᠯ ᠪᠢᠰᠢ ᠬᠠᠷᠢᠶᠠᠯ᠃ ᠶᠠᠷᠢᠶᠠᠨ ᠦᠭᠡᠢ ᠮᠣᠩᠭᠣᠯᠴᠤᠳ ᠥᠪᠡᠷ ᠦᠨ ᠣᠪᠣᠭ ᠲᠥᠷᠥᠯ ᠦᠨ ᠰᠣᠶᠣᠯ ᠰᠢᠰᠲ᠋ᠧᠮ ᠲᠠᠢ ᠪᠠᠢᠭ᠎ᠠ᠃ ᠬᠢᠲᠠᠳ ᠰᠣᠶᠣᠯ ᠤᠨ ᠵᠠᠭᠤᠨ ᠣᠪᠣᠭᠲᠠᠨ ‍ᠣ ᠵᠢᠭᠰᠠᠭᠠᠯᠲᠠ ᠠᠴᠠ ᠪᠢ ᠶᠠᠮᠠᠷ ᠣᠪᠣᠭ ᠲᠠᠢ ᠭᠡᠵᠦ ᠡᠷᠢᠬᠦ ᠬᠡᠷᠡᠭ ᠴᠦ ᠦᠭᠡᠢ᠃ ᠮᠣᠩᠭᠣᠯᠴᠤᠳ ᠤᠨ ᠬᠦᠨᠳᠦᠳᠬᠡᠯ ᠶᠣᠰᠣᠨ ᠳ᠋ᠥ ᠣᠪᠣᠭ ᠢ ᠬᠠᠮᠢᠶ᠎ᠠ ᠦᠭᠡᠢ ᠳᠠᠭᠤᠳᠠᠯᠴᠬᠤ ᠪᠢᠰᠢ᠂ ᠬᠠᠷᠢᠨ ᠠᠪᠤ ᠡᠵᠢ ᠵᠢᠨ ᠬᠠᠢᠷᠠᠯᠠᠭᠰᠠᠨ ᠨᠡᠷ᠎ᠡ ᠪᠠᠷ ᠨᠢ ᠳᠠᠭᠤᠳᠠᠯᠴᠠᠳᠠᠭ᠃ ᠮᠣᠩᠭᠣᠯ ᠤᠨ ᠲᠡᠦᠬᠡᠨ ᠳ᠋ᠥ ᠠᠳᠠᠯᠢᠬᠠᠨ ᠨᠡᠷ᠎ᠡ ᠲᠠᠢ ᠬᠥᠮᠥᠰ᠂ ᠵᠢᠱᠢᠶᠡᠯᠡᠪᠡᠯ ᠲᠡᠮᠦᠵᠢᠨ᠂ ᠬᠤᠪᠢᠯᠠᠢ᠂ ᠨᠠᠴᠢᠨ᠂ ᠲᠡᠮᠦᠷᠪᠤᠬ᠎ᠠ᠂ ᠮᠤᠬᠣᠯᠠᠢ ᠭᠡᠬᠦ ᠵᠡᠷᠭᠡ ᠣᠯᠠᠨ ᠪᠠᠢᠳᠠᠭ᠃ ᠲᠡᠷᠡ ᠨᠢ ᠮᠣᠩᠭᠣᠯᠴᠤᠳ ᠤᠨ ᠳᠡᠭᠡᠳᠦᠰ ᠦᠨ ᠦᠯᠡᠳᠡᠭᠡᠭᠰᠡᠨ ᠣᠪᠣᠭ ᠲᠠᠢ ᠠᠳᠠᠯᠢᠬᠠᠨ᠂ ᠥᠪᠡᠷ ᠲᠣ ᠨᠢ ᠣᠯᠭᠤᠭᠠᠭᠳᠠᠭᠰᠨ ᠨᠡᠷ᠎ᠡ ᠶ᠋ᠢ ᠬᠦᠨᠳᠦᠯᠡᠨ ᠦᠵᠡᠳᠡᠭ ᠦᠨ ᠵᠢᠱᠢᠶ᠎ᠡ ᠪᠣᠯᠬᠤ ᠶᠤᠮ᠃ ᠭᠠᠯᠠᠭᠤ ᠭᠠᠷᠪᠠᠯ ᠳᠠᠭᠤ ᠪᠠᠨ᠂ ᠬᠥᠮᠥᠨ ᠶᠠᠪᠤᠪᠠᠯ ᠨᠡᠷ᠎ᠡ ᠪᠠᠨ᠂ ᠬᠠᠷᠢᠨ ᠬᠢᠷᠭᠠᠭᠰᠠᠨ ᠭᠠᠭᠴᠠᠬᠠᠨ ᠠᠪᠢᠶ᠎ᠠ ᠪᠢᠰᠢ᠃ ᠰᠣᠶᠣᠯ᠂ ᠠᠮᠢᠳᠤᠷᠠᠯ ᠤᠨ ᠰᠣᠯᠪᠢᠴᠠᠭᠰᠠᠨ ᠴᠡᠭ ᠲᠣ ᠦᠨᠳᠦᠰᠦᠲᠡᠨ ‍ᠣ ᠣᠶᠣᠨ ‍ᠣ ᠠᠯᠮᠠᠰ ᠬᠠᠳᠠᠭᠠᠰᠤ ᠪᠠᠢᠳᠠᠭ᠃ ᠮᠥᠩᠬᠡ ᠲᠡᠭᠷᠢ ᠵᠢᠨ ᠵᠠᠶᠠᠭ᠎ᠠ᠂ ᠣᠯᠭᠣᠭᠰᠠᠨ ᠨᠡᠷ᠎ᠡ᠂ ᠬᠦᠷᠲᠡᠭᠡᠭᠰᠡᠨ ᠬᠡᠰᠢᠭ᠂ ᠳᠠᠭᠠᠭᠠᠯᠭᠠᠭᠰᠠᠨ ᠡᠭᠦᠷᠭᠡ᠂ ᠲᠡᠷᠡ ᠪᠦᠭᠦᠳᠡ ᠨᠢ ᠠᠮᠢᠳᠤᠷᠠᠯ ᠤᠨ ᠵᠠᠩ ᠦᠢᠯᠡ ᠳ᠋ᠥ ᠤᠯᠠᠮᠵᠢᠯᠠᠯ ᠵᠢᠠᠨ ᠣᠯᠵᠤ᠂ ᠮᠣᠩᠭᠣᠯ ᠭᠡᠰᠡᠨ ᠮᠦᠰᠦ ᠶ᠋ᠢ ᠪᠦᠷᠢᠯᠳᠦᠭᠦᠯᠳᠡᠭ᠃ 
   ᠮᠣᠩᠭᠣᠯ ᠬᠥᠮᠥᠨ ᠨᠡᠷ᠎ᠡ ᠨᠡᠷ᠎ᠡ ᠪᠠᠨ ᠲᠠᠰᠤᠴᠢᠨ ᠳᠠᠭᠤᠳᠠᠳᠠᠭ ᠦᠭᠡᠢ ᠶᠤᠮ ᠰᠢᠦ ᠭᠡᠰᠡᠨ ᠭᠠᠭᠴᠠᠬᠠᠨ ᠦᠭᠡ ᠴᠢᠨᠢ ᠲᠠᠨ ‍ᠣ ᠬᠡᠦᠬᠡᠳ ᠦᠨ ᠥᠪᠡᠷ ᠢ ᠪᠡᠨ ᠮᠣᠩᠭᠣᠯ ᠭᠡᠳᠡᠭ ᠮᠡᠳᠡᠷᠡᠯ ᠢ ᠣᠷᠭᠢᠯᠤᠭᠤᠯᠤᠨ ᠪᠤᠴᠠᠯᠭᠠᠵᠤ ᠴᠢᠳᠠᠬᠤ ᠶᠤᠮ᠃ ᠦᠭᠡᠢ ᠪᠣᠯ ᠮᠣᠩᠭᠣᠯ ᠬᠡᠯᠡᠨ ‍ᠣ ᠰᠥᠨᠥᠬᠦ ᠬᠡᠯᠪᠡᠷᠢ ᠡᠨᠡ ᠪᠣᠯᠠᠢ᠃ 
ᠰᠥᠨᠥᠬᠦ ᠬᠡᠯᠪᠡᠷᠢ 3 
  ᠠᠮᠧᠷᠢᠺᠠ ᠵᠢᠨ ᠬᠡᠯᠡᠨ ‍ᠣ ᠡᠷᠳᠡᠮᠲᠡᠨ ᠴᠣᠢᠮᠰᠺᠢ ᠬᠡᠯᠡᠭᠰᠡᠨ ᠨᠢ︽ ᠬᠥᠮᠥᠨ ᠲᠥᠷᠥᠯᠬᠢᠲᠡᠨ ᠳ᠋ᠥ ᠲᠠᠷᠢᠬᠢᠨ ‍ᠣ ᠬᠡᠯᠡ ᠵᠦᠢ ᠵᠢᠨ ᠲᠣᠭᠲᠠᠯᠴᠠᠭ᠎ᠠ ᠳ᠋ᠥ ᠨᠡᠢᠳᠡᠮ ᠬᠡᠯᠡᠨ ᠵᠦᠢ ᠭᠡᠵᠦ ᠲᠥᠷᠥᠯᠬᠢ ᠴᠢᠳᠠᠪᠬᠢ ᠪᠠᠢᠳᠠᠭ᠃ ᠲᠡᠷᠡ ᠨᠢ ᠬᠡᠦᠬᠡᠳ ᠤᠳ ᠶᠠᠮᠠᠷ ᠴᠤ ᠬᠡᠯᠡ ᠶᠢ ᠰᠤᠷᠴᠤ ᠪᠣᠯᠬᠤ ᠪᠣᠯᠣᠯᠴᠠᠭ᠎ᠠ ᠶ᠋ᠢ ᠬᠠᠩᠭᠠᠵᠤ ᠪᠠᠢᠳᠠᠭ᠃︾᠃ ᠶᠠᠭ ᠡᠢᠮᠦ ᠡᠴᠡ ᠬᠡᠦᠬᠡᠳ ᠶᠠᠮᠠᠷ ᠬᠡᠯᠡᠨ ᠳ᠋ᠥ ᠣᠢᠷᠠᠲᠤᠬᠤ ᠭᠡᠳᠡᠭ ᠨᠢ ᠲᠡᠭᠦᠨ ‍ᠣ ᠶᠠᠮᠠᠷ ᠬᠡᠯᠡ ᠲᠠᠢ ᠪᠣᠯᠣᠨ ᠬᠥᠮᠥᠵᠢᠬᠦ ᠭᠡᠳᠡᠭ ᠢ ᠰᠢᠢᠳᠴᠦ ᠪᠠᠢᠳᠠᠭ᠃ ᠶᠠᠭ ᠡᠢᠮᠦ ᠡᠴᠡ ᠹᠷᠠᠨᠼᠢ ᠵᠢᠨ ᠬᠡᠯᠡᠨ ‍ᠣ ᠡᠷᠳᠡᠮᠲᠡᠨ ᠶᠠᠩ ᠪᠠᠷ︽ ᠠᠮᠢᠳᠤᠷᠠᠯ ᠤᠨ ᠬᠡᠯᠡ ᠨᠢ ᠴᠥᠭᠡᠬᠡᠨ ᠲᠣᠭᠠᠲᠠᠨ ‍ᠣ ᠬᠡᠯᠡᠨ ‍ᠣ ᠤᠯᠠᠮᠵᠢᠯᠠᠭᠳᠠᠬᠤ᠂ ᠲᠠᠰᠤᠯᠳᠠᠬᠤ᠂ ᠰᠡᠷᠭᠦᠬᠦ᠂ ᠰᠥᠨᠥᠬᠦ ᠵᠢᠨ ᠵᠠᠩᠭᠢᠯᠠᠭ᠎ᠠ ᠪᠣᠯᠬᠤ ᠶᠤᠮ᠃︾︽ ᠢᠪᠷᠡᠢ ᠬᠡᠯᠡᠨ ‍ᠣ ᠭᠠᠢᠬᠠᠯᠲᠠᠢ ᠬᠤᠷᠳᠤᠨ ᠰᠡᠷᠭᠦᠯᠲᠡ ᠨᠢ ᠢᠪᠷᠡᠢᠴᠦᠳ ᠦᠨ ᠬᠣᠶᠠᠷ ᠰᠢᠯᠢᠳᠡᠭ ᠤᠯᠠᠮᠵᠢᠯᠠᠯ ᠠᠴᠠ ᠰᠠᠯᠵᠤ ᠴᠢᠳᠠᠬᠤ ᠦᠭᠡᠢ︾᠂ ᠲᠡᠭᠦᠨ ‍ᠣ ᠨᠢᠭᠡ ᠨᠢ ᠢᠪᠷᠡᠢ ᠱᠠᠰᠢᠨ ‍ᠣ ᠰᠤᠳᠤᠷ ᠲᠠᠬᠢ ᠪᠢᠴᠢᠭ ᠦᠨ ᠬᠡᠯᠡᠨ ‍ᠣ ᠡᠬᠢ ᠪᠠᠶᠠᠯᠢᠭ᠂ ᠨᠥᠭᠥᠭᠡ ᠨᠢ ᠢᠪᠷᠡᠢᠴᠦᠳ ᠭᠡᠷ ᠦᠨ ᠠᠮᠢᠳᠤᠷᠠᠯ  ᠳᠠᠭᠠᠨ ᠵᠠᠪᠠᠯ ᠢᠪᠷᠡᠢ ᠬᠡᠯᠡ ᠪᠠᠷ ᠬᠠᠷᠢᠯᠴᠠᠳᠠᠭ ᠶᠠᠪᠤᠳᠠᠯ ᠪᠣᠯᠣᠨ᠎ᠠ᠂ ᠨᠠᠼᠢᠰ ᠾᠢᠲᠲᠯᠠᠷ ᠤᠨ ᠬᠦᠨᠳᠦ ᠰᠢᠬᠠᠯᠲᠠ ᠵᠢᠨ ᠦᠶ᠎ᠡ ᠳ᠋ᠥ ᠴᠤ ᠡᠢᠮᠦ ᠪᠠᠢᠭᠰᠠᠨ ᠭᠡᠵᠡᠢ᠃ ᠡᠨᠡ ᠨᠢ︽ ᠬᠠᠮᠤᠭ ᠰᠡᠭᠦᠯᠴᠢ ᠵᠢᠨ ᠬᠢᠴᠢᠶᠡᠯ︾ ᠭᠡᠳᠡᠭ ᠬᠠᠷᠠᠮᠰᠠᠯᠲᠤ ᠳᠠᠭᠤᠯᠠᠯ ᠠᠴᠠ ᠬᠠᠮᠢᠶ᠎ᠠ ᠦᠭᠡᠢ ᠥᠷᠳᠡᠭ ᠲᠠᠢ ᠪᠠᠢᠵᠤ ᠮᠠᠭᠠᠳ ᠦᠭᠡᠢ᠃ ᠶᠠᠫᠤᠨ ‍ᠣ ᠡᠷᠳᠡᠮᠲᠡᠨ ᠺᠠᠽᠢᠶᠠ ᠺᠸᠢᠰᠦᠺᠧ ᠡᠴᠡ ᠳᠤᠮᠳᠠᠳᠤ ᠤᠯᠤᠰ ᠤᠨ ᠴᠦᠬᠡᠨ ᠲᠣᠭᠠᠲᠠᠨ ‍ᠣ ᠬᠡᠯᠡᠨ ‍ᠣ ᠠᠬᠤᠢ ᠵᠢᠨ ᠰᠢᠭᠦᠮᠵᠢᠯᠡᠯ ᠳᠡᠬᠡᠨ 90% ᠭᠡᠬᠦ ᠬᠠᠷᠢᠴᠠᠯᠠᠰᠢᠭᠦᠢ ᠬᠡᠯᠡᠨ ‍ᠣ ᠰᠢᠬᠠᠯᠲᠠ ᠵᠢᠨ ᠣᠷᠴᠢᠨ ᠳ᠋ᠥ ᠴᠦᠬᠡᠨ ᠲᠣᠭᠠᠲᠠᠨ ‍ᠣ ᠬᠡᠯᠡᠨ ‍ᠣ ᠬᠠᠷᠢᠴᠠᠩᠭᠤᠢ ᠠᠮᠢᠵᠢᠷᠠᠯ ᠤᠨ ᠣᠷᠣᠨ ᠵᠠᠢ ᠪᠠᠢᠨ᠎ᠠ ᠭᠡᠵᠦ ᠵᠢᠱᠢᠬᠦ ᠳ᠋ᠥ ᠬᠥᠷᠪᠡᠯ᠂ ᠲᠡᠷᠡ ᠨᠢ ᠭᠡᠷ ᠪᠦᠯᠢ ᠵᠢᠨ ᠠᠮᠢᠳᠤᠷᠠᠯ ᠳ᠋ᠥ ᠬᠠᠩᠭᠠᠯᠲᠠᠲᠠᠢ ᠶᠠᠷᠢᠭᠳᠠᠵᠤ ᠪᠠᠢᠬᠤ ᠶᠠᠪᠤᠳᠠᠯ ᠪᠠᠢᠬ᠎ᠠ᠃ ᠫᠦ᠋ ᠲᠦᠩ ᠬᠤᠸᠠ ᠭᠡᠬᠦ ᠨᠢᠭᠡᠳᠦᠯ ᠦᠨ ᠬᠤᠭᠤᠰ ᠳᠤᠮᠳᠠ ᠪᠠᠢᠭ᠎ᠠ ᠲᠥᠷᠥ ᠵᠢᠨ ᠬᠡᠯᠡᠨ ‍ᠣ ᠨᠢᠭᠡᠳᠬᠡᠬᠦ ᠶᠠᠪᠤᠴᠠ ᠨᠢ ᠳᠤᠮᠳᠠᠳᠤ ᠤᠯᠤᠰ ᠤᠨ ᠢᠷᠭᠡᠨ ‍ᠣ ᠨᠢᠭᠲᠠᠷᠠᠯ ᠤᠨ ᠱᠠᠭᠠᠷᠳᠠᠯᠭ᠎ᠠ ᠠᠴᠠ ᠪᠣᠯᠵᠤ ᠤᠯᠠᠮ ᠵᠢᠠᠷ ᠴᠢᠩᠭᠠᠷᠠᠬᠤ ᠪᠠᠢᠬ᠎ᠠ ᠭᠡᠵᠦ ᠵᠢᠱᠢᠬᠦ ᠦᠶ᠎ᠡ ᠨᠡᠩ ᠢᠯᠠᠩᠭᠤᠶ᠎ᠠ ᠭᠡᠷ ᠪᠦᠯᠢ ᠡᠴᠡ ᠭᠠᠳᠠᠨ᠎ᠠ ᠬᠣᠶᠠᠳᠠᠭᠢ ᠰᠣᠩᠭᠣᠯᠲᠠ ᠵᠢᠨ ᠪᠣᠯᠣᠯᠴᠠᠭ᠎ᠠ ᠪᠠᠢᠬᠤ ᠦᠭᠡᠢ ᠪᠢᠵᠡ ᠭᠡᠵᠦ ᠶᠠᠫᠤᠨ ᠬᠥᠮᠥᠨ ‍ᠣ ᠬᠢᠴᠢᠶᠡᠩᠭᠦᠢ ᠥᠭᠦᠯᠡᠮᠵᠢ ᠪᠠᠷ ᠥᠭᠦᠯᠡᠭᠰᠡᠨ ᠪᠠᠢᠳᠠᠭ᠃ 
  ᠭᠡᠬᠦ ᠳ᠋ᠥ ᠥᠪᠥᠷ ᠮᠣᠩᠭᠣᠯᠴᠤᠳ ᠮᠠᠨᠢ ᠭᠡᠷ ᠪᠦᠯᠢ ᠵᠢᠨ ᠠᠮᠢᠳᠤᠷᠠᠯ ᠳ᠋ᠥ ᠮᠣᠩᠭᠣᠯ ᠵᠢᠠᠷ ᠵᠢᠠᠨ ᠶᠠᠷᠢᠯᠴᠠᠳᠠᠭ ᠪᠣᠯᠪᠠ ᠦᠦ︖ᠨᠠᠮᠤᠷ ᠤᠨ ᠬᠠᠭᠤᠷᠠᠢ ᠤᠯᠠᠷᠢᠯ ᠳ᠋ᠥ ᠬᠠᠨᠢᠶᠠᠳᠤ ᠳᠡᠯᠭᠡᠷᠡᠵᠦ᠂ ᠠᠷᠭ᠎ᠠ ᠦᠭᠡᠢ ᠵᠡᠭᠡᠯᠢ ᠵᠢᠨ ᠮᠣᠬᠣᠷ ᠲᠤ ᠪᠠᠢᠭ᠎ᠠ ᠬᠤᠪᠢ ᠵᠢᠨ ᠡᠮᠨᠡᠯᠭᠡ ᠲᠤ ᠲᠠᠷᠢᠯᠭ᠎ᠠ ᠳᠤᠰᠤᠯᠭᠠᠬᠤ ᠪᠠᠷ ᠪᠣᠯᠣᠯ᠎ᠠ᠃ ᠠᠷᠠᠢ ᠰᠢᠷᠠᠯᠠᠵᠦ ᠪᠦᠷᠪᠦᠢᠭᠰᠡᠨ ᠴᠠᠭᠠᠨ ᠬᠤᠴᠢᠯᠭ᠎ᠠ ᠲᠠᠢ ᠣᠷᠣ ᠳᠡᠭᠡᠷ᠎ᠡ ᠳᠤᠰᠤᠯᠭ᠎ᠠ ᠵᠢᠨ ᠳᠤᠰᠤᠯ ᠢ ᠲᠣᠭᠠᠯᠠᠵᠤ ᠬᠡᠪᠲᠡᠬᠦ ᠳ᠋ᠥ᠂ ᠬᠣᠶᠠᠷ ᠣᠷᠣ ᠵᠢᠭᠢᠷᠢᠭᠯᠡᠨ ᠴᠠᠭᠠᠨ᠎ᠠ ᠣᠷᠣ ᠳᠡᠭᠡᠷ᠎ᠡ ᠨᠢᠭᠡᠨ 7-8 ᠨᠠᠰᠤᠨ ‍ᠣ ᠪᠠᠨᠳᠢ ᠬᠠᠨᠢᠶᠠᠳᠤ ᠠᠪᠴᠤ ᠳᠤᠰᠤᠯᠭ᠎ᠠ ᠲᠠᠷᠢᠭᠤᠯᠵᠤ ᠬᠡᠪᠲᠡᠵᠦ ᠪᠠᠢᠯ᠎ᠠ᠃ ᠪᠣᠭᠣᠷᠰᠣᠭ ᠢᠳᠡᠨ᠎ᠡ᠂ ᠰᠢᠬᠢᠷ ᠢᠳᠡᠨ᠎ᠡ᠂ ᠠ᠂ ᠦᠭᠡᠢ ᠵᠢᠮᠢᠰ ᠢᠳᠡᠨ᠎ᠡ ᠭᠡᠳ ᠬᠢᠲᠠᠳ ᠬᠡᠯᠡ ᠱᠣᠯᠣᠭᠣᠨᠠᠬᠤ ᠳ᠋ᠥ᠂ ᠣᠷᠣ ᠵᠢᠨ ᠬᠠᠵᠠᠭᠤ ᠳ᠋ᠥ ᠠᠰᠠᠷᠠᠨ ᠰᠠᠭᠤᠭᠰᠠᠨ ᠵᠢᠷᠠᠭᠠᠳ ᠨᠠᠰᠤᠨ ‍ᠣ ᠡᠪᠦᠭᠡ ᠨᠢ ᠣᠬᠠᠢ᠂ ᠶᠠᠭ ᠮᠣᠩᠭᠣᠯ ᠰᠢᠳᠡ ᠭᠡᠵᠦ ᠮᠡᠳᠡᠭᠳᠡᠮ᠎ᠡ ᠠᠨᠠᠢᠬᠠᠨ ᠬᠢᠲᠠᠳ ᠬᠡᠯᠡ ᠪᠠᠷ ᠬᠡᠦᠬᠡᠳ ᠵᠢᠠᠨ ᠠᠷᠭᠠᠴᠠᠭᠠᠵᠤ ᠪᠠᠢᠯ᠎ᠠ᠃ ᠺᠸ ᠰᠧᠦ ᠯᠠ᠂ ᠲᠠᠩ ᠪᠦᠦ ᠨᠡᠩ ᡂᠢ ᠭᠡᠵᠦ ᠪᠠᠢᠯ᠎ᠠ᠃ ᠲᠡᠭᠡᠵᠦ ᠪᠠᠢᠲᠠᠯ᠎ᠠ ᠡᠮᠡᠭᠡ ᠡᠵᠢ ᠨᠢ ᠬᠥᠷᠴᠦ ᠢᠷᠡᠯ᠎ᠡ᠃ ᠥ᠂ ᠸᠧ ᠳ᠋ᠢ ᠰᠦᠨᠽᠢ ᠭᠡᠳ ᠥᠬᠥᠭᠡᠷᠳᠡᠭᠡᠳ ᠡᠬᠢᠯᠡᠯ᠎ᠡ᠃ 
   ᠠᠢ᠂ ᠬᠥᠭᠡᠷᠦᠬᠦᠢ᠂ ᠪᠠᠰᠠ ᠨᠢᠭᠡᠨ ᠮᠣᠩᠭᠣᠯ ᠬᠡᠦᠬᠡᠳ ᠮᠣᠩᠭᠣᠯ ᠬᠡᠯᠡ ᠪᠠᠨ ᠠᠯᠳᠠᠵᠤ ᠳ᠋ᠠ ᠭᠡᠳ ᠬᠠᠶᠠ ᠨᠢᠭᠡ ᠬᠠᠷᠠᠭᠠᠳ᠂ ᠬᠢᠲᠠᠳ ᠪᠣᠯᠣᠭᠰᠠᠨ ᠣᠮᠪᠣᠯᠣ ᠲᠠᠢ ᠪᠠᠨ ᠬᠠᠷᠢᠴᠠᠬᠤ ᠵᠢᠨ ᠲᠥᠯᠥᠭᠡ ᠮᠣᠳᠣᠨ ᠬᠡᠯᠡ ᠪᠠᠷ ᠶᠠᠷᠢᠵᠦ ᠰᠠᠭᠤᠭ᠎ᠠ ᠬᠣᠶᠠᠷ ᠬᠥᠭᠰᠢᠨ ᠢ ᠥᠷᠥ ᠡᠪᠡᠳᠦᠨ ᠬᠥᠭᠡᠷᠦᠬᠦᠢᠯᠡᠵᠦ ᠬᠡᠪᠲᠡᠭᠰᠡᠭᠡᠷ ᠪᠠᠢᠲᠠᠯ᠎ᠠ ᠬᠣᠶᠠᠷᠳᠠᠬᠢ ᠰᠢᠯ ᠲᠠᠢ ᠲᠠᠷᠢᠯᠭ᠎ᠠ ᠵᠢᠨ ᠡᠮ ᠬᠦᠷᠴᠦ ᠢᠷᠠᠵᠤ᠂ ᠦᠳᠡ ᠣᠢᠷᠠᠲᠤᠨ ᠥᠯᠥᠰᠥᠭᠰᠡᠨ ᠭᠡᠳᠡᠰᠦ ᠬᠠᠶᠠ ᠨᠢ ᠬᠦᠷᠴᠢᠭᠢᠨᠡᠨ ᠳᠤᠤᠭᠠᠷᠴᠤ ᠪᠠᠢᠯ᠎ᠠ᠃ ᠬᠠᠨᠢᠶᠠᠳᠤ ᠵᠢᠨ ᠬᠠᠯᠠᠭᠤᠷᠠᠯ ᠳ᠋ᠥ ᠤᠢᠳᠬᠠᠷ ᠭᠤᠨᠢᠭ ᠳᠠᠪᠬᠤᠴᠠᠨ ᠬᠢᠳᠡᠯ ᠠᠯᠳᠠᠨ ᠬᠡᠪᠲᠡᠲᠡᠯ᠎ᠡ ᠭᠡᠨᠡᠳᠲᠡ︽ ᠥ᠂ ᠮᠢᠨᠤ ᠬᠦᠦ ᠵᠦᠭᠡᠷ ᠪᠣᠯᠣᠭᠰᠠᠨ ᠦᠦ︖ ᠡᠵᠢ ᠪᠠᠨ ᠰᠠᠨᠠᠭᠰᠠᠨ ᠦᠦ︾ ᠭᠡᠭᠰᠡᠭᠡᠷ ᠨᠢᠭᠡᠨ ᠵᠠᠯᠠᠭᠤᠬᠠᠨ ᠪᠦᠰᠡᠭᠦᠢ ᠣᠷᠣᠵᠤ ᠢᠷᠡᠵᠦ᠂ ᠰᠠᠶ᠋ᠢ ᠵᠢᠨ ᠡᠪᠦᠭᠡ ᠡᠮᠡᠭᠡ ᠲᠠᠢ ᠪᠠᠨ ᠬᠢᠲᠠᠳ ᠵᠢᠠᠷ ᠱᠣᠯᠣᠭᠠᠨᠠᠭᠠᠳ ᠪᠠᠢᠭᠰᠠᠨ ᠪᠠᠨᠳᠢ ᠶ᠋ᠢ ᠥᠬᠥᠭᠡᠷᠳᠡᠨ ᠢᠯᠢᠪᠡ᠃ ᠪᠠᠨᠳᠢ ᠴᠤ ᠡᠵᠢ ᠪᠠᠨ ᠬᠠᠷᠠᠭᠠᠳ ᠤᠬᠠᠭ᠎ᠠ ᠦᠭᠡᠢ ᠪᠠᠶᠠᠷᠯᠠᠨ᠂ ᠡᠢᠮᠦ ᠵᠢᠮᠢᠰ ᠢᠳᠡᠯ᠎ᠡ᠂ ᠲᠡᠢᠮᠦ ᠪᠣᠭᠣᠷᠰᠣᠭ ᠢᠳᠡᠯ᠎ᠡ᠃ ᠪᠠᠰᠠ ᠬᠡᠳᠦᠢ ᠤᠰᠤ ᠤᠤᠭᠤᠯ᠎ᠠ ᠭᠡᠳ ᠶᠣᠰᠣᠲᠠᠢ ᠰᠠᠢᠬᠠᠨ ᠪᠠᠷᠢᠮᠵᠢᠶ᠎ᠠ ᠮᠣᠩᠭᠣᠯ ᠵᠢᠠᠷ ᠲᠦᠴᠢᠭᠢᠨᠡᠲᠡᠯ᠎ᠡ ᠨᠢ ᠶᠠᠷᠢᠵᠦ ᠡᠬᠢᠯᠡᠯ᠎ᠡ᠃ ᠶᠠᠮᠠᠷ ᠭᠣᠶᠣ ᠪᠣᠢ ᠭᠡᠵᠦ ᠪᠠᠬᠠᠷᠬᠠᠨ ᠬᠠᠷᠠᠵᠤ ᠬᠡᠪᠲᠡᠲᠡᠯ᠎ᠡ ᠡᠮᠡᠭᠡ ᠡᠵᠢ ᠨᠢ ᠪᠡᠷᠢ ᠳᠡᠬᠡᠨ ᠬᠢᠲᠠᠳ ᠬᠡᠯᠡ ᠪᠠᠷ ᠲᠤᠰᠢᠶᠠᠯ ᠳᠠᠭᠠᠭᠠᠯᠭᠠᠵᠤ ᠡᠬᠢᠯᠡᠪᠡ᠃ ᠮᠣᠩᠭᠣᠯ ᠬᠡᠯᠡ ᠪᠠᠷ ᠳᠦᠩᠭᠡᠷ ᠳᠠᠩᠭᠠᠷ ᠶᠠᠷᠢᠵᠦ ᠰᠠᠭᠤᠭ᠎ᠠ ᠡᠬᠡ ᠬᠦᠦ ᠬᠣᠶᠠᠭᠤᠯᠠ ᠲᠠᠢ ᠠᠨᠠᠢ ᠬᠢᠲᠠᠳ ᠬᠡᠯᠡ ᠪᠠᠷ ᠰᠤᠷᠭᠠᠵᠤ ᠰᠠᠭᠤᠭ᠎ᠠ ᠡᠮᠡᠭᠡ ᠡᠬᠡ ᠨᠢ ᠶᠠᠭᠠᠬᠢᠬᠤ ᠵᠢᠨ ᠠᠷᠭ᠎ᠠ ᠦᠭᠡᠢ ᠢᠨᠢᠶᠡᠳᠦᠮ ᠲᠠᠢ ᠴᠦ ᠶᠤᠮ ᠦᠦ᠂ ᠭᠣᠨᠢᠭᠯᠠᠯ ᠲᠠᠢ ᠴᠤ ᠶᠤᠮ ᠦᠦ ᠰᠠᠨᠠᠭᠳᠠᠯ᠎ᠠ᠃ 
ᠶᠡᠬᠡ ᠬᠤᠪᠢᠰᠬᠠᠯ᠂ ᠰᠢᠯᠢᠳᠡᠭ ᠰᠣᠶᠣᠯ᠂ ᠠᠭᠤᠤ ᠶᠡᠬᠡ ᠨᠢᠭᠡᠳᠦᠯ ᠦᠨ ᠰᠤᠷᠭᠠᠨ ᠬᠥᠮᠥᠵᠢᠯ ᠳ᠋ᠥ ᠤᠬᠢᠶᠠᠭᠳᠠᠭᠰᠠᠨ ᠬᠡᠯᠡᠨ ‍ᠣ ᠤᠬᠠᠮᠰᠠᠷ ᠤᠨ ᠡᠷᠭᠢᠯᠲᠡ ᠵᠠᠰᠠᠷᠠᠭᠳᠠᠬᠤ ᠦᠭᠡᠢ ᠶᠤᠮ ᠪᠣᠯ ᠮᠣᠩᠭᠣᠯ ᠬᠡᠯᠡᠨ ‍ᠣ ᠰᠥᠨᠥᠬᠦ ᠬᠡᠯᠪᠡᠷᠢ ᠵᠢᠨ ᠨᠢᠭᠡ ᠨᠢ ᠲᠡᠷᠡ ᠪᠣᠯᠬᠤ ᠶᠤᠮ᠃ 
ᠰᠥᠨᠥᠬᠦ ᠬᠡᠯᠪᠡᠷᠢ 4 
ᠯᠣᠭᠢᠭ ᠭᠡᠳᠡᠭ ᠨᠢ ᠶᠠᠭᠤ ᠪᠢᠯᠡ︖ 
ᠠᠢ ᠶᠠ᠂ ᠲᠡᠷᠡ ᠴᠢᠨᠢ ᠯᠥᠸᠧ ᠵᠢᠢ ᠰᠢᠳᠡ᠃ 
ᠣᠣᠬᠠᠢ᠂ ᠲᠡᠢᠮᠦ ᠪᠠᠢᠨ᠎ᠠ ᠰᠢᠳᠡ᠃ 
ᠬᠢᠲᠠᠳ ᠬᠡᠯᠡ ᠶ᠋ᠢ ᠮᠣᠩᠭᠣᠯ ᠬᠡᠯᠡᠨ ᠳ᠋ᠥ ᠬᠥᠷᠪᠡᠭᠦᠯᠵᠦ᠂ ᠮᠣᠩᠭᠣᠯ ᠬᠡᠯᠡ ᠶ᠋ᠢ ᠬᠢᠲᠠᠳ ᠬᠡᠯᠡᠨ ᠳ᠋ᠥ ᠬᠥᠷᠪᠡᠭᠦᠯᠦᠭᠡᠳ ᠣᠢᠯᠭᠠᠭᠰᠠᠨ ᠪᠣᠯᠵᠤ ᠰᠠᠭᠤᠬᠤ ᠶᠤᠮ᠃ 
ᠠᠪᠤ ᠠ᠂ ᠬᠦᠮᠡᠯᠢ ᠭᠡᠳᠡᠭ ᠨᠢ ᠶᠠᠭᠤ ᠪᠤᠢ︖ 
ᠥ᠂ ᠲᠡᠷᠡ ᠴᠢᠨᠢ ᠱᠠ ᠽᠦᠩ ᠰᠢᠳᠡ᠃ 
ᠭᠣᠪᠢ ᠬᠥᠳᠡᠭᠡ ᠪᠠᠷ ᠤᠷᠭᠤᠳᠠᠭ ᠭᠣᠭᠣᠳ ᠰᠢᠭ ᠬᠡᠭᠡᠷ᠎ᠡ ᠵᠢᠨ ᠤᠷᠭᠤᠮᠠᠯ ᠭᠡᠪᠡᠯ ᠶᠠᠭᠠᠬᠢᠳᠠᠭ ᠪᠣᠯ︖
ᠥᠪᠥᠷ ᠮᠣᠩᠭᠣᠯ ᠶᠡᠬᠡ ᠰᠤᠷᠭᠠᠭᠤᠯᠢ ᠵᠢᠨ ᠵᠢᠷᠠᠨ ᠵᠢᠯ ᠣᠢ ᠶ᠋ᠢ ᠲᠡᠮᠳᠡᠭᠯᠡᠬᠦ ᠤᠷᠠᠨ ᠰᠠᠢᠬᠠᠨ ‍ᠣ ᠲᠣᠭᠯᠠᠯᠲᠠ ᠨᠢ ᠵᠠᠪᠠᠯ ᠬᠢᠲᠠᠳ ᠬᠡᠯᠡᠨ ᠳ᠋ᠥ ᠪᠡᠨ ᠵᠣᠬᠢᠴᠠᠵᠤ᠂ ᠦᠰᠦᠭ ᠦᠨ ᠲᠣᠭ᠎ᠠ ᠨᠢ ᠠᠳᠠᠯᠢᠬᠠᠨ ᠪᠠᠢᠬᠤ ᠬᠡᠷᠡᠭᠲᠡᠢ ᠭᠡᠨ᠎ᠡ᠃ ᠲᠡᠭᠡᠭᠡᠳ ᠪᠠᠶᠠᠷᠯᠠᠨ ᠤᠭᠲᠤᠬᠤ᠂ ᠶᠡᠬᠡ ᠲᠣᠭᠯᠠᠯᠲᠠ ᠭᠡᠬᠦ ᠵᠡᠷᠭᠡ ᠪᠠᠷ ᠣᠷᠴᠢᠭᠤᠯᠵᠤ ᠡᠬᠢᠯᠡᠬᠦ ᠶᠤᠮ᠃ ᠮᠣᠩᠭᠣᠯ ᠵᠢᠠᠷ ᠰᠡᠳᠬᠢᠵᠦ᠂ ᠮᠣᠩᠭᠣᠯ ᠵᠢᠡᠷ ᠵᠢᠠᠨ ᠨᠠᠢᠷᠠᠭᠤᠯᠵᠤ ᠪᠣᠯᠳᠠᠭ ᠦᠭᠡᠢ ᠶᠤᠮ ᠭᠡᠵᠢ ᠦᠦ︖ 
  ᠰᠡᠳᠬᠢᠬᠦ ᠴᠢᠳᠠᠪᠤᠷᠢ ᠵᠢᠠᠨ ᠠᠯᠳᠠᠭᠰᠠᠨ ᠬᠡᠯᠡ ᠨᠢ ᠦᠭᠡ ᠪᠦᠲᠦᠬᠦ ᠴᠢᠳᠠᠪᠤᠷᠢ ᠵᠢᠠᠨ ᠠᠯᠳᠠᠳᠠᠭ᠃ ᠶᠣᠰᠣᠲᠠᠢ ᠬᠡᠯᠡᠨ ‍ᠣ ᠲᠥᠯᠥᠪᠯᠡᠭᠡᠲᠦ ᠦᠷᠡᠵᠢᠯ ᠦᠨ ᠱᠠᠲᠦᠨ ᠳ᠋ᠥ ᠣᠷᠣᠨ᠎ᠠ᠃︽ ᠨᠡᠢᠯᠡᠬᠦ ᠵᠢᠨ ᠬᠡᠮ ᠵᠢᠷᠤᠮ︾ ᠭᠡᠳᠡᠭ ᠤᠳᠬ᠎ᠠ ᠠᠴᠠ ᠨᠡᠢᠭᠡᠮ ᠭᠡᠳᠡᠭ ᠦᠭᠡ ᠪᠦᠲᠦᠭᠡᠭᠳᠡᠯ᠎ᠡ ᠭᠡᠳᠡᠭ᠃ ᠪᠠᠰᠠ ᠠᠳᠤᠭᠤ ᠬᠠᠷᠠᠬᠤ᠂ ᠭᠡᠭᠦᠦ ᠰᠠᠭᠠᠬᠤ ᠭᠡᠳ ᠬᠤᠷᠢᠮ ᠳ᠋ᠥ ᠰᠠᠭᠤᠭᠰᠠᠨ ᠡᠷᠡᠭᠲᠡᠢ ᠡᠮᠡᠭᠲᠡᠢ ᠭᠦᠲᠦᠯ ᠳᠠᠪᠠᠨ ᠵᠢᠷᠤᠭᠠᠯᠠᠨ ᠬᠤᠷᠳᠤᠯᠠᠬᠤ ᠵᠢ ᠭᠡᠷ ᠲᠤ ᠰᠠᠭᠤᠭᠠᠳ ᠬᠠᠷᠠᠵᠤ ᠪᠠᠢᠭᠰᠠᠨ ᠪᠢᠮᠪᠠ ᠵᠢᠨ ᠷᠢᠨᠴᠢᠨ ᠭᠤᠸᠠᠢ ᠵ ᠵᠣᠷᠯᠣᠩ ᠭᠡᠳᠡᠭ ᠰᠠᠢᠬᠠᠨ ᠦᠭᠡ ᠶ᠋ᠢ ᠪᠦᠲᠦᠭᠡᠯ᠎ᠡ ᠭᠡᠳᠡᠭ᠃ 
  ᠠᠲ᠋ᠣᠮ ᠭᠡᠷ ᠪᠦᠯᠢ ᠪᠤᠶᠤ ᠴᠦᠮ᠎ᠡ ᠭᠡᠷ ᠪᠦᠯᠢ ᠭᠡᠬᠦ ᠳ᠋ᠥ ᠵᠠᠪᠠᠯ ᠭᠣᠣᠯᠳᠠᠯᠭᠠᠲᠤ ᠭᠡᠷ ᠪᠦᠯᠢ ᠭᠡᠵᠦ ᠵᠠᠯᠠᠷᠠᠭᠤᠯᠤᠨ ᠵᠠᠰᠠᠬᠤ ᠬᠡᠯᠡᠨ ‍ᠣ ᠡᠷᠳᠡᠮᠲᠡᠨ ᠮᠡᠷᠭᠡᠳ ᠣᠯᠠᠰᠢᠷᠠᠵᠤ᠂ ᠲᠡᠷᠡ ᠮᠡᠷᠭᠡᠵᠢᠯ ᠦᠨ ᠬᠦᠷᠢᠶᠡᠨ ᠳ᠋ᠥ ᠲᠡᠷᠡ ᠨᠢ ᠶᠠᠮᠠᠷ ᠤᠳᠬ᠎ᠠ ᠭᠡᠳᠡᠭ ᠢ ᠨᠡᠬᠡᠨ ᠦᠵᠡᠬᠦ ᠦᠭᠡᠢ᠂ ᠬᠢᠲᠠᠳ ᠬᠡᠯᠡᠨ ᠳ᠋ᠥ ᠾᠧ ᠰᠢᠨ ᠵᠢᠶᠠ ᠲᠢᠩ ᠪᠢᠰᠢ ᠦᠦ᠂ ᠾᠧ ᠰᠢᠨ ᠭᠡᠳᠡᠭ ᠴᠢᠨᠢ ᠭᠣᠣᠯᠳᠠᠯᠭ᠎ᠠ ᠪᠢᠰᠢ ᠦᠦ ᠭᠡᠳ ᠬᠤᠴᠢᠬᠤ ᠶᠤᠮ᠃ ᠡᠴᠢᠭᠡ ᠵᠢᠨ ᠴᠢᠨᠢ ᠾᠧ ᠰᠢᠨ᠂ ᠲᠡᠷᠡ ᠴᠢᠨᠢ ᠠᠲ᠋ᠣᠮ ᠪᠤᠶᠤ ᠴᠦᠮ᠎ᠡ ᠭᠡᠰᠡᠨ ᠠᠩᠭ᠍ᠯᠢ ᠭᠠᠷᠤᠯ ᠲᠠᠢ ᠨᠡᠷ᠎ᠡ ᠲᠣᠮᠢᠶᠠᠨ ‍ᠣ ᠬᠢᠲᠠᠳ ᠣᠷᠴᠢᠭᠤᠯᠭ᠎ᠠ᠃ 
ᠮᠦᠯᠵᠢᠭᠦᠷ ᠪᠣᠳᠠᠰ ᠣᠯᠳᠠᠭᠰᠠᠨ ᠭᠠᠭᠴᠠᠬᠠᠨ ᠵᠦᠢᠯ ᠳ᠋ᠥ ᠪᠠᠨ ᠮᠦᠴᠢᠷᠬᠡᠨ ᠠᠮᠢᠳᠤᠷᠠᠬᠤ ᠵᠣᠷᠰᠢᠯ ᠰᠢᠭ᠂ ᠵᠥᠪ ᠪᠦᠬᠦᠨ ᠢ ᠭᠠᠭᠴᠠᠬᠠᠨ ᠮᠡᠳᠡᠳᠡᠭ ᠬᠡᠯᠡᠨ ᠡᠴᠡ ᠬᠠᠷᠢᠭᠤᠯᠲᠠ ᠡᠷᠢᠳᠡᠭ ᠪᠣᠯᠪᠠᠯ᠂ ᠬᠡᠯᠡ ᠵᠢᠠᠨ ᠥᠪᠡᠷᠲᠡᠭᠡᠨ ᠺᠣᠯᠣᠨᠢᠴᠢᠯᠠᠬᠤ ᠪᠣᠯᠣᠨ᠎ᠠ᠃ ᠲᠠᠪᠤᠨ ᠥᠩᠭᠡ ᠳᠦᠷᠪᠡᠨ ᠬᠠᠷᠢ ᠶ᠋ᠢ ᠮᠡᠳᠡᠬᠦ ᠦᠭᠡᠢ᠂ ᠬᠠᠷᠢ ᠭᠠᠳᠠᠭᠠᠳᠤ ᠵᠢᠨ ᠮᠡᠳᠡᠯᠭᠡ ᠶ᠋ᠢ ᠳᠠᠮᠵᠢᠭᠤᠯᠤᠨ ᠵᠥᠭᠡᠭᠡᠬᠦ ᠦᠭᠡᠢ᠂ ᠣᠷᠴᠢᠭᠤᠯᠤᠭᠰᠠᠨ ᠵᠦᠢᠯᠡᠰ ᠢ ᠢᠯᠭᠠᠨ ᠭᠠᠳᠠᠭᠤᠷᠬᠠᠵᠤ᠂ ᠲᠣᠮᠣ ᠭᠦᠷᠦᠨ ‍ᠣ ᠰᠣᠶᠣᠯ ᠤᠨ ᠶᠡᠬᠡᠷᠬᠡᠭ ᠦᠵᠡᠯ ᠢ ᠳᠠᠭᠤᠷᠢᠶᠠᠨ᠂ ᠣᠷᠴᠢᠭᠤᠯᠭ᠎ᠠ ᠶ᠋ᠢ ᠪᠦᠲᠦᠭᠡᠯ ᠦᠯᠦ ᠲᠣᠭᠠᠴᠢᠬᠤ ᠪᠣᠯᠣᠭᠰᠠᠨ ᠨᠢ ᠥᠪᠡᠰᠦᠪᠡᠨ ᠥᠪᠡᠷ ᠦᠨ ᠰᠡᠳᠬᠢᠬᠦᠢ ᠵᠢᠨ ᠰᠢᠮ᠎ᠡ ᠲᠡᠵᠢᠭᠡᠯ ᠦᠨ ᠢᠷᠡᠯᠲᠡ ᠵᠢᠡᠨ ᠲᠠᠰᠤᠳᠠᠨ ᠣᠭᠴᠣᠷᠠᠭᠰᠠᠨ ᠲᠠᠢ ᠨᠢᠭᠡᠨ ᠠᠳᠠᠯᠢ ᠪᠤᠶᠤ᠃ 
  ᠬᠡᠷᠡᠭ ᠪᠣᠳᠠᠰ ᠤᠨ ᠭᠦᠨ ᠳᠠᠯᠳᠠ ᠵᠢᠨ ᠵᠢᠮ᠎ᠡ ᠬᠠᠦᠯᠢ ᠶ᠋ᠢ ᠰᠣᠨᠢᠷᠬᠠᠨ ᠰᠢᠨᠵᠢᠯᠡᠬᠦ ᠳᠠᠳᠬᠠᠯ ᠵᠢᠠᠨ ᠠᠯᠳᠠᠨ᠂ ᠰᠡᠳᠬᠢᠬᠦᠢ ᠵᠢᠨ ᠳᠠᠩ ᠴᠣᠯᠭᠣᠢ ᠡᠷᠭᠢᠯᠲᠡ ᠳ᠋ᠥ ᠲᠡᠨᠦᠵᠦ᠂ ᠦᠭᠡ ᠪᠦᠲᠦᠬᠦ ᠵᠢᠨ ᠴᠢᠳᠠᠪᠤᠷᠢ ᠵᠢᠠᠨ ᠠᠯᠳᠠᠭᠰᠠᠨ ᠲᠠᠢᠭᠠᠨ ᠬᠡᠯᠡ ᠠᠨᠤ ᠰᠥᠨᠥᠬᠦ ᠵᠢᠨ ᠬᠡᠯᠪᠡᠷᠢ 4 ᠲᠡᠷᠡ ᠪᠤᠶᠤ᠃ 
ᠰᠥᠨᠥᠬᠦ ᠬᠡᠯᠪᠡᠷᠢ 5 
  ᠳᠤᠮᠳᠠᠳᠤ ᠤᠯᠤᠰ ᠲᠤ ᠰᠢᠨ᠎ᠡ ᠭᠡᠳᠡᠭ ᠨᠢ ᠶᠣᠰᠣᠲᠠᠢ ᠰᠢᠨ᠎ᠡ ᠢᠳᠢᠥᠷᠥᠭᠢ ᠵᠢᠨ ᠰᠢᠨ᠎ᠡ ᠬᠡᠯᠪᠡᠷᠢ᠃ ᠰᠢᠶᠠ ᠱᠠᠩ ᠵᠸᠦ ᠵᠢᠨ ᠦᠶ᠎ᠡ ᠡᠴᠡ ᠲᠥᠷᠥ ᠨᠢ ᠰᠢᠨ᠎ᠡ᠂ ᠡᠵᠡᠨ ᠨᠢ ᠰᠢᠨ᠎ᠡ᠂ ᠣᠷᠴᠢᠨ ᠦᠶ᠎ᠡ ᠪᠣᠯᠬᠤ ᠳ᠋ᠥ ᠨᠡᠢᠭᠡᠮ ᠰᠢᠨ᠎ᠡ᠂ ᠰᠣᠶᠣᠯ ᠰᠢᠨ᠎ᠡ᠂ ᠦᠰᠦᠭ ᠨᠢ ᠰᠢᠨ᠎ᠡ᠂ ᠨᠡᠩ ᠴᠢᠨᠠᠭᠰᠢᠯᠠᠭᠠᠳ ᠦᠵᠡᠯ ᠰᠠᠨᠠᠭ᠎ᠠ᠂ ᠦᠭᠡ ᠶᠠᠷᠢᠶ᠎ᠠ ᠨᠢ ᠴᠤ ᠰᠢᠨ᠎ᠡ᠃ 
   ᠰᠢᠨᠡᠴᠢᠯᠡᠯ ᠭᠡᠳᠡᠭ ᠨᠢ ᠡᠨᠡ ᠬᠦ ᠲᠥᠷᠥ ᠵᠢᠨ ᠪᠦᠬᠦ ᠰᠣᠨᠢᠷᠬᠠᠯ᠂ ᠬᠥᠳᠡᠯᠭᠡᠬᠦ ᠬᠦᠴᠦᠨ ᠪᠣᠯᠣᠭᠰᠠᠨ ᠪᠠᠢᠳᠠᠭ᠃ ᠰᠢᠨ᠎ᠡ ᠦᠶ᠎ᠡ ᠵᠢᠨ ᠰᠢᠨ᠎ᠡ ᠪᠠᠢᠳᠠᠯ ᠳ᠋ᠥ ᠵᠣᠬᠢᠴᠠᠬᠤ ᠨᠢ ᠡᠷᠳᠡᠮᠲᠡᠳ ᠦᠨ ᠵᠠᠩ ᠠᠷᠠᠨᠰᠢᠨ ᠪᠣᠯᠵᠤ᠂ ᠰᠢᠨ᠎ᠡ ᠰᠣᠨᠢᠨ᠂ ᠤᠬᠠᠭᠠᠨ ᠨᠢ ᠣᠯᠳᠠᠬᠤ ᠦᠭᠡᠢ ᠰᠢᠨ᠎ᠡ ᠣᠨᠣᠯ ᠴᠤ ᠮᠣᠩ ᠦᠭᠡᠢ ᠣᠯᠠᠨ ᠭᠠᠷᠴᠤ ᠢᠷᠡᠭᠰᠡᠨ ᠪᠢᠯᠡ᠃ ᠤᠲᠤᠭ᠎ᠠ ᠤᠨᠢᠶᠠᠷ ᠨᠢ ᠣᠷᠴᠢᠨ ᠦᠶ᠎ᠡ ᠵᠢᠨ ᠰᠠᠨᠰᠠᠷ ᠤᠨ ᠳᠠᠢᠨ ᠳ᠋ᠥ ᠪᠠᠢᠭᠠᠯᠢ ᠠᠴᠠ ᠣᠯᠭᠣᠭᠰᠠᠨ ᠪᠠᠮᠪᠠᠢ ᠰᠢᠬᠦᠷ᠂ ᠶᠠᠳᠠᠭᠤ ᠠᠢᠯ ᠤᠨ ᠬᠡᠦᠬᠡᠳ ᠶᠡᠬᠡ ᠰᠤᠷᠭᠠᠭᠤᠯᠢ ᠳ᠋ᠥ ᠰᠠᠭᠤᠬᠤ ᠬᠡᠷᠡᠭ ᠦᠭᠡᠢ᠂ ᠪᠠ ᠲᠢᠶᠧ ᠠᠪᠲᠣᠫᠦᠰ ᠦᠨ ᠰᠢᠨ᠎ᠡ ᠨᠡᠭᠡᠭᠡᠯᠲᠡ᠂ ᠴᠢᠨᠠᠭᠰᠢᠯᠠᠭᠠᠳ ᠺᠢᠨᠣ᠋ ᠤᠷᠠᠨ ᠪᠦᠲᠦᠭᠡᠯ ᠨᠢ ᠬᠦᠷᠲᠡᠯ᠎ᠡ ᠪᠤᠤ ᠵᠢᠨ ᠰᠣᠮᠣ ᠵᠢᠨ ᠨᠢᠰᠦᠯᠲᠡ ᠶ᠋ᠢ ᠬᠦᠴᠦ ᠪᠠᠷ ᠬᠠᠶᠠᠯᠲᠠ ᠵᠢᠨ ᠱᠤᠭᠤᠮ ᠳ᠋ᠥ ᠰᠢᠯᠵᠢᠭᠦᠯᠬᠦ᠂ ᠡᠮᠡᠭᠲᠡᠢ ᠬᠥᠮᠥᠨ ‍ᠣ ᠠᠯᠠᠨ ᠳ᠋ᠥ ᠭᠷᠨᠠᠳ᠋ ᠨᠥᠭᠡᠴᠡᠯᠡᠬᠦ ᠵᠡᠷᠭᠡ ᠬᠥᠮᠥᠨ ᠲᠥᠷᠥᠯᠬᠢᠲᠡᠨ ‍ᠣ ᠲᠡᠦᠬᠡᠨ ᠳ᠋ᠥ ᠭᠠᠷᠤᠭ᠎ᠠ ᠦᠭᠡᠢ ᠡᠭᠦᠳᠦᠯᠲᠡ ᠨᠦᠭᠥᠳ ᠢᠯᠡᠷᠡᠭᠰᠡᠨ ᠪᠢᠯᠡ᠃ ᠵᠠ ᠶᠠᠭᠠᠬᠢᠪᠠ᠂ 5000 ᠣᠨ ‍ᠣ ᠰᠣᠶᠣᠯ᠂ 10 ᠳ᠋ᠦᠩᠰᠢᠭᠤᠷ ᠢᠷᠭᠡᠨ ᠦ ᠬᠦᠴᠦ ᠲᠡᠨᠳᠡ ᠪᠠᠢᠭ᠎ᠠ᠂ ᠶᠠᠭᠠᠬᠢᠵᠤ ᠰᠠᠨᠳᠠᠭᠠᠭᠰᠠᠨ ᠴᠦ ᠬᠥᠷᠥᠩᠭᠡ ᠬᠦᠴᠦ ᠬᠥᠮᠥᠨ ᠭᠤᠷᠪᠠ ᠨᠢ ᠵᠠᠭᠤᠨ ᠵᠢᠯ᠂ ᠬᠣᠶᠠᠷ ᠵᠠᠭᠤᠨ ᠵᠢᠯ ᠬᠠᠩᠭᠠᠯᠲᠠᠲᠠᠢ ᠬᠦᠷᠦᠯᠴᠡᠨ᠎ᠡ᠃ 
ᠭᠡᠲᠡᠯ᠎ᠡ ᠮᠠᠨ ‍ᠣ ᠬᠢᠨ ᠴᠤ ᠡᠬᠢᠯᠡᠭᠡᠳ ᠰᠢᠨ᠎ᠡ ᠭᠡᠳ ᠬᠥᠭᠡᠭᠡᠴᠡᠯᠳᠦᠬᠦ ᠶᠤᠮ᠃ ᠵᠥᠪ ᠪᠢᠴᠢᠬᠦ ᠳᠦᠷᠢᠮ ᠨᠢ ᠰᠢᠨᠡᠴᠢᠯᠡᠯ᠎ᠡ᠃ ᠬᠡᠦᠬᠡᠳ ᠨᠢ ᠮᠠᠨ ‍ᠣ ᠪᠢᠴᠢᠭᠰᠡᠨ ᠢ ᠲᠠᠨᠢᠬᠤ ᠦᠭᠡᠢ ᠪᠣᠯᠣᠯ᠎ᠠ᠂ ᠬᠡᠦᠬᠡᠳ ᠦᠨ ᠪᠢᠴᠢᠭᠰᠡᠨ ᠢ ᠪᠢᠳᠡ ᠲᠠᠨᠢᠬᠤ ᠪᠠᠨ ᠪᠣᠯᠢᠯ᠎ᠠ᠃ ᠮᠣᠩᠭᠣᠯ ᠬᠡᠯᠡᠨ ‍ᠣ ᠰᠤᠷᠠᠭ ᠵᠠᠩᠭᠢᠴᠢᠯᠠᠯᠲᠠ ᠭᠡᠳ ᠮᠣᠩᠭᠣᠯ ᠬᠡᠯᠡᠨ ‍ᠣ ᠣᠯᠠᠨ ᠺᠣᠮᠫᠢᠦ᠋ᠲ᠋ᠧᠷ ᠰᠤᠹᠲ ᠨᠤᠭᠤᠳ ᠭᠠᠷᠴᠤ ᠢᠷᠡᠯ᠎ᠡ᠃ ᠣᠯᠠᠨ ᠰᠤᠹᠲ ᠨᠢ ᠰᠢᠨ᠎ᠡ ᠰᠢᠨ᠎ᠡ ᠮᠡᠷᠭᠡᠵᠢᠯ ᠢ ᠬᠡᠷᠡᠭᠯᠡᠭᠰᠡᠨ ᠭᠡᠵᠦ ᠵᠠᠷᠯᠠᠵᠤ᠂ ᠬᠡᠨ ᠠᠯᠢᠨ ᠳᠤ ᠪᠠᠨ ᠵᠣᠬᠢᠴᠠᠨ ᠲᠣᠬᠢᠷᠠᠯᠴᠠᠬᠤ ᠦᠭᠡᠢ᠂ ᠴᠦᠬᠡᠨ ᠬᠡᠳᠦᠨ ᠮᠣᠩᠭᠣᠯ ᠤᠨ ᠬᠢ ᠪᠠᠨ ᠠᠯᠭᠠᠨ ᠲᠡᠳᠦᠢ ᠵᠠᠬ᠎ᠠ ᠶ᠋ᠢ︽ ᠣᠳᠣ ᠲᠠᠢ ᠲᠡᠭᠷᠢ ᠣᠷᠴᠢᠵᠤ᠂ ᠣᠯᠠᠨ ᠤᠯᠤᠰ ᠲᠡᠮᠡᠴᠡᠯᠳᠦᠵᠦ᠂ ᠣᠷᠣᠨ ᠳᠠᠭᠠᠨ ᠬᠡᠪᠲᠡᠬᠦ ᠵᠠᠪ ᠦᠭᠡᠢ᠂ ᠣᠯᠵᠠᠯᠳᠣᠨ ᠪᠤᠯᠢᠶᠠᠯᠳᠤᠵᠤ︾ ᠪᠠᠢᠨ᠎ᠠ ᠪᠢᠯᠡ᠃ 
   ᠳᠠᠶᠠᠭᠠᠷᠴᠢᠯᠠᠯᠲᠠ ᠵᠢᠨ ᠦᠨᠳᠦᠰᠦ ᠤᠯᠠᠮᠵᠢᠯᠠᠯ ᠳ᠋ᠥ ᠪᠠᠢᠳᠠᠭ᠂ ᠬᠠᠷᠢᠨ ᠲᠡᠭᠦᠨ ᠤ ᠡᠰᠡᠷᠭᠦ ᠪᠢᠰᠢ᠃ ᠭᠢᠳᠢᠨᠰ ᠭᠡᠵᠦ ᠨᠥᠬᠥᠷ ᠶᠠᠷᠢᠭᠰᠠᠨ ᠪᠠᠢᠳᠠᠭ᠃ ᠳᠠᠶᠠᠭᠠᠷᠴᠢᠯᠠᠯᠲᠠ ᠨᠢ ᠳᠡᠯᠡᠬᠡᠢ ᠵᠢᠨ ᠪᠦᠬᠦ ᠰᠣᠶᠣᠯ ᠨᠢ ᠮᠡᠳᠡᠭᠡᠯᠡᠯ ᠦᠨ ᠮᠡᠷᠭᠡᠵᠢᠯ ᠳ᠋ᠥ ᠳᠡᠪᠰᠢᠨ᠂ ᠳᠡᠯᠡᠬᠡᠢ ᠵᠢᠨ ᠬᠦᠷᠢᠶᠡᠨ ᠳ᠋ᠥ ᠡᠷᠬᠡ ᠲᠡᠭᠰᠢ ᠳᠡᠯᠭᠡᠷᠡᠨ ᠴᠡᠴᠡᠭᠯᠡᠬᠦ ᠵᠢ ᠵᠢᠭᠠᠳᠠᠭ᠃ ᠬᠠᠷᠢᠨ ᠤᠯᠠᠮᠵᠢᠯᠠᠯ ᠰᠣᠶᠣᠯ ᠵᠢᠠᠨ ᠲᠠᠶᠠᠭᠳᠠᠨ᠂ ᠰᠢᠨ᠎ᠡ ᠶ᠋ᠢ ᠬᠥᠭᠡᠭᠡᠴᠡᠯᠳᠦᠨ᠂ ᠰᠣᠶᠣᠯ ᠤᠯᠠᠮᠵᠢᠯᠠᠯ ᠵᠢᠠᠨ ᠵᠠᠬ᠎ᠠ ᠵᠡᠭᠡᠯᠢ ᠵᠢᠨ ᠬᠠᠷ᠎ᠠ ᠮᠠᠢᠮᠠᠢ ᠪᠣᠯᠭᠠᠬᠤ ᠶᠠᠪᠤᠳᠠᠯ ᠪᠢᠰᠢ᠃ ᠨᠡᠩ ᠴᠦ ᠥᠪᠡᠷ ᠦᠨ ᠠᠰᠢᠭ ᠲᠤᠰᠠ ᠵᠢᠨ ᠲᠥᠯᠥᠭᠡ ᠨᠠᠵᠠᠭᠠᠢᠷᠠᠭᠤᠯᠤᠨ᠂ ᠬᠤᠪᠢᠷᠠᠭᠤᠯᠤᠨ᠂ ᠥᠭᠡᠷᠡᠴᠢᠯᠡᠨ ᠲᠠᠢᠯᠪᠤᠷᠢᠯᠠᠵᠤ ᠰᠢᠨ᠎ᠡ ᠶᠢ ᠡᠭᠦᠳᠦᠯ᠎ᠡ ᠭᠡᠵᠦ ᠣᠩᠭᠢᠷᠠᠬᠤ ᠶᠠᠪᠤᠳᠠᠯ ᠪᠢᠰᠢ᠃ ᠰᠢᠨ᠎ᠡ ᠭᠡᠳᠡᠭ ᠨᠢ ᠲᠦᠯᠡᠰᠢᠨ ‍ᠣ ᠳᠡᠪᠰᠢᠯᠲᠡ ᠡᠴᠡ ᠬᠠᠶᠠᠭᠳᠠᠭᠰᠠᠨ ᠠᠷᠭᠠᠯ ᠵᠢᠠᠨ ᠬᠣᠭ ᠪᠢᠰᠢ ᠪᠠᠶᠠᠯᠢᠭ ᠪᠣᠯᠭᠠᠨ ᠨᠡᠭᠡᠭᠡᠬᠦ᠂ ᠦᠨ᠎ᠡ ᠨᠢ ᠤᠨᠠᠵᠤ ᠬᠠᠶᠠᠭᠳᠠᠵᠤ ᠪᠠᠢᠭ᠎ᠠ ᠠᠷᠠᠰᠤ ᠰᠢᠷᠢ ᠵᠢᠡᠨ ᠪᠠᠶᠠᠯᠢᠭ ᠪᠣᠯᠭᠠᠨ ᠪᠣᠯᠪᠠᠰᠤᠷᠠᠭᠤᠯᠬᠤ ᠵᠡᠷᠭᠡ ᠤᠯᠠᠮᠵᠢᠯᠠᠯ ᠵᠢᠠᠨ ᠵᠠᠯᠭᠠᠮᠵᠢᠯᠠᠨ ᠬᠥᠭᠵᠢᠭᠦᠯᠬᠦ ᠶᠠᠪᠤᠳᠠᠯ ᠪᠣᠯᠬᠤ ᠶᠤᠮ᠃ ᠮᠠᠯᠵᠢᠯ ᠰᠣᠶᠣᠯ ᠴᠠᠭ ᠡᠷᠡᠨ ᠡᠴᠡ ᠬᠣᠴᠣᠷᠤᠭᠰᠠᠨ ᠪᠢᠰᠢ᠂ GDP ᠪᠠᠷ ᠪᠠᠷᠢᠮᠵᠢᠶᠠᠯᠠᠭᠰᠠᠨ ᠰᠢᠯᠭᠠᠯᠲᠠ ᠳ᠋ᠥ ᠢᠯᠭᠠᠪᠤᠷᠢᠯᠠᠭᠳᠠᠨ ᠭᠠᠳᠠᠭᠤᠷᠴᠢᠯᠠᠭᠳᠠᠭᠰᠠᠨ ᠲᠡᠳᠦᠢ ᠶᠤᠮ᠃ ᠭᠠᠳᠠᠭᠤᠷᠴᠢᠯᠠᠯ ᠢ ᠡᠰᠡᠷᠭᠦᠴᠡᠬᠦ ᠦᠭᠡᠢ ᠰᠢᠳᠤᠷᠭᠤᠯᠠᠨ ᠵᠢᠷᠤᠭᠤᠯᠵᠤ᠂ ᠤᠯᠠᠮᠵᠢᠯᠠᠯ ᠵᠢᠠᠨ ᠬᠠᠶᠠᠭᠰᠠᠨ ᠨᠡᠢᠭᠡᠮ ᠨᠢ ᠰᠦᠨᠡᠰᠦ ᠪᠠᠨ ᠭᠡᠭᠡᠭᠰᠡᠨ ᠬᠡᠭᠦᠷ ᠲᠡᠳᠦᠢ ᠪᠠᠢᠵᠤ᠂ ᠬᠡᠯᠡ ᠨᠢ ᠭᠣᠯᠣᠭᠠᠳ ᠲᠡᠨᠳᠡ ᠡᠷᠭᠢᠴᠡᠬᠦ ᠦᠭᠡᠢ᠃ ᠥᠪᠥᠷ ᠮᠣᠩᠭᠣᠯ ᠬᠡᠯᠡᠨ ‍ᠣ ᠰᠥᠨᠥᠬᠦ ᠬᠡᠯᠪᠡᠷᠢ ᠵᠢᠨ 5 ᠨᠢ ᠡᠨᠡ ᠪᠣᠯᠬᠤ ᠠᠵᠤᠭᠤ᠃ 
 ᠬᠡᠯᠡ ᠰᠤᠳᠤᠯᠤᠯ ᠤᠨ ᠡᠷᠳᠡᠮᠲᠡᠨ ᠳ᠋ᠠᠨᠢᠸᠢᠯ᠂ ᠨᠧᠲ᠋ᠧᠯ ᠪᠣᠯᠣᠨ ᠰᠣᠽᠠᠨᠧ᠂ ᠿᠤᠮᠠᠢᠨᠧ ᠠᠴᠠ ᠬᠡᠯᠡᠨ ‍ᠣ ᠮᠥᠬᠥᠯ ᠰᠥᠨᠥᠯ ᠦᠨ ᠲᠤᠬᠠᠢ ᠥᠭᠥᠯᠡᠬᠦ ᠳᠡᠬᠡᠨ︽ ᠬᠡᠯᠡ ᠥᠪᠡᠰᠦᠪᠡᠨ ᠰᠦᠨᠦᠬᠦ ᠪᠢᠰᠢ᠂ ᠬᠠᠷᠢᠨ ᠬᠡᠯᠡ ᠨᠢ ᠬᠡᠯᠡᠨ ᠳ᠋ᠥ ᠪᠠᠨ ᠬᠥᠨᠥᠭᠡᠭᠳᠡᠳᠡᠭ ᠶᠤᠮ ︾ ᠭᠡᠵᠡᠢ᠃ ᠣᠳᠣ ᠳᠡᠯᠡᠬᠡᠢ ᠵᠢᠨ ᠬᠡᠪᠴᠢᠶᠡᠨ ᠳ᠋ᠥ 6000 ᠭᠠᠷᠤᠢ ᠲᠥᠷᠥᠯ ᠦᠨ ᠬᠡᠯᠡ ᠣᠷᠣᠰᠢᠨ ᠪᠠᠢᠭ᠎ᠠ ᠭᠡᠵᠦ ᠲᠣᠭᠠᠴᠢᠯᠠᠭᠳᠠᠵᠤ ᠪᠠᠢᠨ᠎ᠠ᠃ ᠭᠡᠲᠡᠯ᠎ᠡ ᠥᠪᠡᠷ ᠦᠨ ᠭᠡᠰᠡᠨ ᠨᠡᠷᠡᠢᠳᠦᠯ ᠲᠠᠢ ᠬᠡᠯᠡ ᠨᠢ ᠠᠯᠪᠠᠨ ᠶᠣᠰᠣᠨ ᠤ ᠲᠣᠭᠠᠴᠠᠭ᠎ᠠ ᠵᠢᠨ 6 ᠳᠠᠬᠢᠨ ᠢᠯᠡᠭᠦᠦ 39000 ᠲᠥᠷᠥᠯ ᠪᠠᠢᠭ᠎ᠠ ᠭᠡᠵᠦ ᠬᠡᠯᠡ ᠰᠤᠳᠤᠯᠤᠯ ᠤᠨ ᠡᠷᠳᠡᠮᠲᠡᠳ ᠡᠴᠡ ᠮᠡᠳᠡᠭᠡᠯᠡᠵᠦ ᠪᠤᠢ᠃ ᠭᠡᠪᠡᠴᠦ ᠣᠳᠣ ᠳᠡᠯᠡᠬᠡᠢ ᠵᠢᠨ ᠤᠯᠤᠰ ᠤᠨ ᠲᠣᠭ᠎ᠠ ᠨᠢ 200 ᠭᠠᠷᠤᠢᠬᠠᠨ ᠪᠠᠢᠵᠤ᠂ ᠰᠢᠭᠤᠳ ᠲᠡᠭᠰᠢᠳᠬᠡᠨ ᠦᠵᠡᠪᠡᠯ ᠤᠯᠤᠰ ᠨᠢᠭᠡᠪᠦᠷᠢ ᠳ᠋ᠥ 300 ᠭᠠᠷᠤᠢ ᠬᠡᠯᠡ ᠶ᠋ᠢ ᠬᠡᠷᠡᠭᠯᠡᠵᠦ ᠪᠠᠢᠨ᠎ᠠ ᠭᠡᠬᠦ ᠲᠣᠭᠠᠴᠠᠭ᠎ᠠ ᠪᠣᠯᠬᠤ ᠶᠤᠮ᠃ 
 ᠳᠡᠯᠡᠬᠡᠢ ᠵᠢᠨ ᠬᠡᠯᠡ ᠬᠥᠮᠥᠨ ᠢ ᠰᠣᠴᠢᠭᠠᠮ᠎ᠠ ᠲᠥᠷᠥᠯᠵᠢᠨ ᠳᠡᠯᠭᠡᠷᠡᠵᠦ ᠪᠠᠢᠭ᠎ᠠ ᠪᠣᠯᠪᠠᠴᠤ ᠤᠯᠤᠰ ᠨᠢᠭᠡᠪᠦᠷᠢ 300 ᠲᠥᠷᠥᠯ ᠦᠨ ᠬᠡᠯᠡ ᠶ᠋ᠢ ᠬᠡᠷᠡᠭᠯᠡᠵᠦ ᠪᠠᠢᠨ᠎ᠠ ᠭᠡᠳᠡᠭ ᠰᠡᠳᠬᠢᠯ ᠦᠨ ᠣᠯᠣᠯᠲᠠ ᠮᠠᠨᠤᠰ ᠲᠣ ᠣᠬᠠᠢ ᠲᠡᠢᠮᠦ ᠪᠤᠢ ᠭᠡᠵᠦ ᠲᠣᠯᠣᠭᠠᠢ ᠳᠣᠬᠢᠨ ᠵᠥᠪᠰᠢᠶᠡᠬᠦ ᠲᠥᠷᠥᠭᠳᠡᠯ ᠢ ᠣᠯᠭᠣᠵᠤ ᠴᠢᠳᠠᠬᠤ ᠦᠭᠡᠢ ᠪᠠᠢᠳᠠᠭ᠃ ᠳᠡᠯᠡᠬᠡᠢ ᠵᠢᠨ ᠬᠡᠯᠡᠨ ‍ᠣ ᠲᠠᠷᠬᠠᠯᠲᠠ ᠵᠢᠨ ᠨᠢᠭᠲᠠᠴᠠ ᠨᠢ ᠠᠹᠷᠢᠺᠠ ᠲᠢᠪ ᠪᠤᠶᠤ ᠠᠦ᠋ᠰᠲᠷᠠᠯᠢᠶ᠎ᠠ ᠵᠡᠷᠭᠡ ᠣᠷᠣᠨ ᠵᠢᠠᠷ ᠭᠠᠢᠬᠠᠯ ᠲᠥᠷᠥᠮ᠎ᠠ ᠣᠯᠠᠨ ᠬᠡᠯᠡ ᠬᠥᠷᠰᠢᠯᠡᠳᠦᠨ ᠣᠷᠣᠰᠢᠬᠤ ᠪᠣᠯᠪᠠᠴᠤ᠂ ᠡᠸᠦ᠋ᠷᠦᠫᠡ ᠲᠢᠪ ᠦᠨ ᠤᠯᠤᠰ ᠣᠷᠣᠨ ᠵᠢᠠᠷ ᠳᠡᠯᠡᠬᠡᠢ ᠵᠢᠨ ᠨᠢᠭᠡᠳᠦᠭᠡᠷ ᠤᠳᠠᠭᠠᠨ ‍ᠣ ᠳᠠᠢᠨ ᠠᠴᠠ ᠡᠬᠢᠯᠡᠨ ᠡᠷᠴᠢᠮᠯᠡᠭᠳᠡᠨ ᠴᠢᠩᠭᠠᠷᠠᠭᠰᠠᠨ︽ ᠨᠢᠭᠡ ᠬᠡᠯᠡ᠂ ᠨᠢᠭᠡ ᠦᠨᠳᠦᠰᠦᠲᠡᠨ᠂ ᠨᠢᠭᠡ ᠲᠥᠷᠥ︾ ᠵᠢᠨ ᠤᠯᠤᠰ ᠲᠥᠷᠥ ᠵᠢᠨ ᠢᠳᠢᠥᠷᠥᠭᠢ ᠳ᠋ᠥ ᠨᠣᠴᠢᠲᠠᠢ ᠨᠥᠯᠥᠭᠡᠯᠡᠭᠳᠡᠨ᠂ ᠨᠢᠭᠡ ᠤᠯᠤᠰ ᠲᠤ ᠨᠢᠭᠡ ᠬᠡᠯᠡ ᠭᠠᠭᠴᠠᠭᠠᠷ ᠡᠵᠡᠷᠬᠡᠬᠦ ᠬᠡᠯᠡᠨ ‍ᠣ ᠰᠡᠢᠷᠡᠭ ᠪᠠᠢᠳᠠᠯ ᠨᠡᠢᠳᠡᠮᠵᠢᠭᠰᠡᠨ ᠪᠠᠢᠳᠠᠭ᠃ ᠠᠽᠢᠶ᠎ᠠ ᠵᠢᠨ ᠬᠣᠵᠢᠮᠳᠠᠭᠤ ᠦᠶ᠎ᠡ ᠳ᠋ᠥ ᠣᠷᠴᠢᠨ ᠦᠶ᠎ᠡ ᠵᠢᠨ ᠲᠥᠷᠥ ᠵᠢᠨ ᠪᠠᠢᠭᠤᠯᠤᠯ ᠢ ᠵᠢᠭᠡᠯᠡᠨ ᠰᠤᠷᠤᠯᠴᠠᠭᠰᠠᠨ ᠤᠯᠤᠰ ᠣᠷᠣᠨ ᠨᠢ ᠶᠠᠭᠤᠨ ‍ᠣ ᠡᠮᠦᠨ᠎ᠡ ᠬᠡᠯᠡᠨ ᠦ ᠨᠢᠭᠡᠳᠦᠯ ᠢ ᠴᠢᠬᠤᠯᠠᠴᠢᠯᠠᠨ ᠦᠵᠡᠬᠦ ᠪᠣᠯᠣᠭᠰᠠᠨ ᠨᠢ ᠴᠤ ᠡᠭᠦᠨ ᠡᠴᠡ ᠢᠷᠡᠯᠲᠡᠢ ᠶᠤᠮ᠃ 
 ᠳᠡᠯᠡᠬᠡᠢ ᠵᠢᠨ ᠬᠡᠯᠡᠨ ‍ᠣ ᠲᠥᠷᠥᠯ ᠨᠢ 6000 ᠭᠡᠬᠦ ᠳ᠋ᠥ ᠠᠰᠤᠷᠤ ᠶᠡᠬᠡ ᠲᠣᠭ᠎ᠠ ᠰᠢᠭ᠋ ᠬᠠᠷᠠᠭᠳᠠᠬᠤ ᠪᠣᠯᠪᠠᠴᠤ ᠡᠨᠡ ᠨᠢ 500 ᠵᠢᠯ ᠦᠨ ᠡᠮᠦᠨᠡᠬᠢ ᠬᠡᠯᠡᠨ ‍ᠣ ᠲᠥᠷᠥᠯ ᠲᠣᠭ᠎ᠠ ᠵᠢᠨ ᠲᠠᠯ᠎ᠠ ᠬᠠᠭᠠᠰ ᠲᠡᠳᠦᠢ ᠶᠤᠮ᠃ ᠡᠨᠡ ᠨᠢ 500 ᠵᠢᠯ ᠦᠨ ᠲᠤᠷᠰᠢ ᠳ᠋ᠥ ᠳᠡᠯᠡᠬᠡᠢ ᠵᠢᠨ ᠬᠡᠯᠡᠨ ‍ᠣ ᠲᠠᠯ᠎ᠠ ᠬᠠᠭᠠᠰ ᠨᠢ ᠰᠥᠨᠥᠭᠰᠡᠨ ᠭᠡᠳᠡᠭ ᠲᠣᠭᠠᠴᠠᠭ᠎ᠠ ᠪᠣᠯᠬᠤ ᠪᠥᠭᠡᠳ ᠦᠯᠡᠳᠡᠵᠦ ᠪᠤᠢ ᠲᠠᠯ᠎ᠠ ᠬᠠᠭᠠᠰ ᠵᠢᠨ ᠬᠢᠨᠢ 20% ᠵᠢᠨ ᠬᠡᠯᠡ ᠨᠢ ᠴᠦ ᠰᠥᠨᠥᠬᠦ ᠶᠠᠪᠤᠴᠠ ᠪᠠᠨ ᠡᠬᠢᠯᠡᠭᠦᠯᠦᠭᠰᠡᠨ ᠪᠥᠭᠡᠳ ᠡᠨᠡ ᠬᠦ ᠶᠠᠪᠤᠴᠠ ᠨᠢ ᠤᠯᠠᠮ ᠵᠢᠠᠷ ᠬᠤᠷᠳᠤᠰᠬᠤ ᠣᠨᠴᠠᠯᠢᠭ ᠰᠢᠨᠵᠢ ᠲᠠᠢ ᠪᠣᠯᠵᠠᠢ᠃ ᠳ᠋ᠠᠨᠢᠸᠢᠯ᠂ ᠨᠧᠲ᠋ᠧᠯ ᠪᠣᠯᠣᠨ ᠰᠣᠽᠠᠨᠧ᠂ ᠿᠣᠮᠠᠢᠨᠧ ᠠᠴᠠ︽ ᠰᠥᠨᠥᠨ ᠣᠳᠬᠤ ᠬᠡᠯᠨ ᠨᠤᠭᠤᠳ︾ ᠭᠡᠳᠡᠭ ᠪᠦᠲᠦᠭᠡᠯ ᠳᠡᠬᠡᠨ ᠨᠢᠭᠡ ᠲᠥᠷᠥᠯ ᠦᠨ ᠬᠡᠯᠡ ᠨᠢ ᠰᠥᠨᠥᠵᠦ ᠣᠳᠬᠤ ᠵᠢᠨ ᠰᠢᠯᠲᠠᠭᠠᠨ ᠢ ᠤᠯᠤᠰ ᠲᠥᠷᠥ᠂ ᠠᠵᠤ ᠠᠬᠤᠢ᠂ ᠨᠡᠢᠭᠡᠮ ᠦᠨ ᠬᠠᠷᠠᠭᠠᠰᠤᠨ ᠠᠴᠠ ᠰᠢᠨᠵᠢᠯᠡᠨ ᠵᠠᠳᠠᠯᠵᠤ᠂ ᠴᠥᠭᠡᠬᠡᠨ ᠲᠣᠭᠠᠲᠠᠳ ᠤᠨ ᠬᠡᠯᠡᠨ ‍ᠣ ᠮᠥᠬᠥᠯ ᠶᠢᠨ ᠬᠠᠷᠠᠰᠠᠯᠲᠤ ᠪᠠᠢᠳᠠᠯ ᠢ ᠮᠡᠳᠡᠭᠡᠯᠡᠭᠰᠡᠨ ᠪᠠᠢᠳᠠᠭ᠃ ᠲᠤᠰ ᠨᠣᠮ ᠳ᠋ᠥ︽ ᠠᠢᠷᠯᠠᠨᠳ᠋ ᠬᠡᠯᠡ ᠨᠢ ᠬᠡᠯᠡᠨ ᠦ ᠠᠯᠠᠭᠤᠷᠴᠢᠨ ᠠᠩᠭ᠍ᠯᠢ ᠬᠡᠯᠡ ᠳ᠋ᠥ ᠬᠥᠨᠥᠭᠡᠭᠳᠡᠪᠡ︾ ᠭᠡᠵᠦ ᠬᠡᠯᠡᠭᠰᠡᠨ ᠪᠠᠢᠳᠠᠭ᠃1966 ᠣᠨ ‍ᠣ ᠦᠶ᠎ᠡ ᠳ᠋ᠥ ᠳᠡᠯᠡᠬᠡᠢ ᠵᠢᠨ ᠰᠢᠦᠳᠠᠨ ᠳᠠᠮᠵᠢᠭᠤᠯᠭ᠎ᠠ ᠵᠢᠨ 70% ᠣᠷᠴᠢᠮ ᠨᠢ ᠠᠩᠭ᠍ᠯᠢ ᠬᠡᠯᠡ ᠪᠡᠷ ᠬᠠᠶᠠᠭᠯᠠᠭᠳᠠᠵᠤ᠂ ᠷᠠᠳᠢᠤ ᠲᠸ᠋ᠯᠸᠢᠰ ᠦᠨ ᠨᠡᠪᠲᠡᠷᠡᠭᠦᠯᠭᠡ ᠵᠢᠨ ᠬᠡᠯᠡᠨ ‍ᠣ 60% ᠨᠢ ᠠᠩᠭ᠍ᠯᠢ ᠬᠡᠯᠡ ᠪᠣᠯᠵᠠᠢ᠃ ᠣᠯᠠᠨ ᠤᠯᠤᠰ ᠤᠨ ᠬᠠᠷᠢᠯᠴᠠᠭ᠎ᠠ᠂ ᠤᠯᠤᠰ ᠲᠥᠷᠥ᠂ ᠠᠵᠤ ᠠᠬᠤᠢ ᠵᠢᠨ ᠲᠠᠪᠴᠠᠩ ᠳ᠋ᠥ ᠠᠩᠭ᠍ᠯᠢ ᠬᠡᠯᠡ ᠬᠣᠰᠢᠭᠤᠴᠢᠯᠠᠨ ᠴᠣᠯᠭᠣᠷᠠᠵᠤ᠂ ᠳᠡᠯᠡᠬᠡᠢ ᠵᠢᠨ ᠲᠠᠯ᠎ᠠ ᠬᠠᠭᠠᠰ ᠢ ᠳᠠᠪᠠᠭᠰᠠᠨ ᠣᠯᠠᠨ ᠲᠣᠭᠠᠨ ‍ᠣ ᠬᠥᠮᠥᠨ ᠠᠮᠠ ᠵᠢᠨ ᠠᠮᠢᠳᠤᠷᠠᠯ ᠳ᠋ᠥ ᠰᠢᠭᠤᠳ ᠪᠤᠶᠤ ᠳᠠᠮ ᠵᠢᠠᠷ ᠨᠥᠯᠥᠭᠡᠯᠡᠬᠦ ᠪᠣᠯᠵᠠᠢ᠃ ᠭᠡᠲᠡᠯ᠎ᠡ ᠠᠩᠭ᠍ᠯᠢ ᠬᠡᠯᠡ ᠥᠪᠡᠷ ᠢ ᠪᠠᠨ ᠬᠡᠯᠡᠨ ‍ᠣ ᠠᠯᠠᠭᠤᠷᠴᠢᠨ ᠭᠡᠵᠦ ᠶᠡᠷᠦ ᠡᠴᠡ ᠮᠡᠳᠡᠷᠡᠵᠦ ᠦᠵᠡᠭᠡ ᠦᠭᠡᠢ ᠪᠥᠭᠡᠳ ᠲᠡᠭᠡᠵᠦ ᠮᠡᠳᠡᠷᠡᠵᠦ ᠦᠵᠡᠬᠦ ᠪᠣᠳᠣᠯ ᠴᠤ ᠪᠠᠢᠬᠤ ᠦᠭᠡᠢ᠃ ᠮᠠᠨ ᠡᠷᠡᠨ ‍ᠣ 17-18 ᠵᠠᠭᠤᠨ ‍ᠣ ᠬᠣᠭᠣᠷᠣᠨᠳᠤ ᠥᠷᠥᠨᠡᠳᠠᠬᠢᠨ ‍ᠣ ᠬᠡᠯᠡᠨ ᠨᠤᠭᠤᠳ ᠥᠪᠡᠷ ᠥᠪᠡᠷ ᠦᠨ ᠺᠣᠯᠣᠨᠢ ᠣᠷᠣᠨ ᠳ᠋ᠥ ᠲᠡᠷᠡ ᠨᠤᠲᠤᠭ ᠤᠨ ᠤᠤᠭᠠᠯ ᠬᠡᠯᠡᠨ ᠳ᠋ᠥ ᠰᠢᠨᠵᠢᠯᠡᠬᠦ ᠤᠬᠠᠭᠠᠨᠴᠢ ᠢᠯᠡᠷᠬᠡᠢᠯᠡᠯ ᠳ᠋ᠥ ᠡᠰᠡ ᠵᠣᠬᠢᠴᠠᠭᠰᠠᠨ ᠪᠦᠳᠦᠭᠦᠯᠢᠭ ᠪᠣᠷᠣᠭᠵᠢᠭᠤᠨ ᠬᠡᠯᠡᠨ ᠨᠦᠭᠥᠳ ᠭᠡᠬᠦ ᠱᠣᠰᠢᠭ᠎ᠠ ᠶᠢ ᠬᠠᠳᠠᠨ᠂ ᠲᠡᠨᠳᠡᠬᠢ ᠢᠷᠭᠡᠳ ᠢ ᠤᠤᠭᠠᠯ ᠬᠡᠯᠡᠨ ᠡᠴᠡ ᠪᠠᠨ ᠠᠩᠭ᠍ᠯᠢ ᠬᠡᠯᠡᠨ ᠳ᠋ᠥ ᠰᠢᠯᠵᠢᠬᠦ ᠶᠢ ᠤᠷᠮᠠᠰᠢᠭᠤᠯᠤᠨ ᠬᠥᠬᠢᠭᠦᠯᠵᠦ᠂ ᠲᠡᠭᠦᠨ ᠢ ᠪᠡᠨ ᠢᠷᠭᠡᠨᠰᠢᠯ ᠦᠨ ᠶᠡᠬᠡ ᠳᠡᠪᠰᠢᠯᠲᠡ ᠬᠡᠮᠡᠨ ᠤᠶᠠᠩᠭᠠᠯᠠᠨ ᠤᠬᠠᠭᠤᠯᠤᠭᠰᠠᠨ ᠪᠢᠯᠡ᠃ 
 ᠰᠥᠨᠥᠨ ᠣᠳᠣᠭᠰᠠᠨ ᠬᠡᠯᠡᠨ ᠨᠦᠭᠥᠳ ᠨᠢ ᠦᠨᠡᠬᠡᠷ ᠳᠠᠩ ᠴᠤᠯᠭᠤᠢ ᠪᠦᠳᠦᠭᠦᠯᠢᠭ ᠬᠡᠯᠡᠨ ᠨᠦᠭᠥᠳ ᠪᠠᠢᠭᠰᠠᠨ ᠦᠦ︖ ᠱᠠᠯ ᠬᠤᠳᠠᠯ ᠬᠤᠴᠠᠭᠰᠠᠨ ᠭᠡᠳᠡᠭ ᠨᠢ ᠣᠳᠣ ᠰᠡᠭᠦᠯ ᠦᠨ ᠦᠶ᠎ᠡ ᠵᠢᠨ ᠬᠡᠯᠡ ᠰᠤᠳᠤᠯᠤᠯ ᠤᠨ ᠳ᠋ᠦᠩ ᠳ᠋ᠥ ᠢᠯᠡᠷᠡᠭᠰᠡᠨ ᠪᠠᠢᠨ᠎ᠠ᠃ ᠦᠪᠢᠹ ᠬᠡᠯᠡ ᠨᠢ 81 ᠭᠡᠢᠭᠦᠯᠦᠭᠴᠢ᠂ 3 ᠡᠭᠡᠰᠢᠭ ᠲᠠᠢ ᠬᠡᠯᠡ ᠰᠤᠳᠤᠯᠤᠯ ᠤᠨ ᠬᠤᠪᠢ ᠳ᠋ᠥ ᠭᠠᠢᠬᠠᠮᠰᠢᠭ ᠲᠠᠢ ᠰᠠᠢᠬᠠᠨ ᠣᠨᠴᠠᠯᠢᠭ ᠪᠦᠬᠦᠢ ᠬᠡᠯᠡ ᠪᠠᠢᠭᠰᠠᠨ ᠪᠠ ᠫᠠᠪᠦᠨᠢᠶ᠎ᠠ ᠺᠸ᠋ᠨᠢᠶ᠎ᠠ ᠵᠢᠨ ᠿᠣᠲᠺᠠᠰ ᠬᠡᠯᠡ ᠨᠢ 5 ᠡᠭᠡᠰᠢᠭ 6 ᠭᠡᠢᠭᠦᠯᠦᠭᠴᠢ ᠪᠦᠬᠦᠢ ᠰᠣᠨᠢᠷᠬᠠᠯᠲᠠᠢ ᠰᠠᠢᠬᠠᠨ ᠬᠡᠯᠡ ᠪᠠᠢᠭᠰᠠᠨ ᠪᠢᠯᠡ᠃ ᠠᠪᠢᠶ᠎ᠠ ᠵᠢᠨ ᠬᠤᠪᠢ ᠳ᠋ᠥ ᠡᠢᠨᠬᠦ ᠪᠠᠢᠭᠰᠠᠨ ᠭᠠᠳᠠᠨ᠎ᠠ᠂ ᠰᠡᠳᠬᠢᠬᠦᠢ ᠵᠢᠨ ᠬᠤᠪᠢ ᠳ᠋ᠥ᠂ ᠢᠨᠦᠢᠲ ᠬᠡᠯᠡ ᠨᠢ ᠨᠣᠬᠠᠢ ᠵᠢᠨ ᠪᠡᠶ᠎ᠡ ᠵᠢᠨ ᠵᠢᠩ ᠪᠠ ᠴᠢᠷᠭ᠎ᠠ ᠵᠢᠨ ᠶᠡᠬᠡ ᠪᠠᠭ᠎ᠠ ᠶᠢ ᠢᠯᠭᠠᠪᠤᠷᠢᠯᠠᠨ ᠵᠢᠭᠠᠬᠤ ᠴᠢᠳᠠᠪᠬᠢ ᠲᠠᠢ ᠪᠠᠢᠭᠰᠠᠨ ᠪᠠ ᠢᠨᠳᠢᠶᠠᠨᠴᠤᠳ ᠤᠨ ᠮᠢᠺᠮᠠᠺ ᠬᠡᠯᠡ ᠨᠢ ᠣᠢ ᠪᠠᠷ ᠨᠡᠪᠲᠡᠷᠡᠨ ᠥᠩᠭᠡᠷᠡᠬᠦ ᠰᠠᠯᠬᠢᠨ ‍ᠣ ᠴᠢᠭᠯᠡᠯ ᠪᠠ ᠲᠡᠭᠦᠨ ‍ᠣ ᠠᠨᠢᠷ ᠴᠢᠮᠡᠭᠡ ᠳ᠋ᠥ ᠦᠨᠳᠦᠰᠦᠯᠡᠨ ᠣᠢ ᠵᠢᠨ ᠲᠥᠷᠥᠯ ᠵᠦᠢᠯ ᠢ ᠢᠯᠭᠠᠪᠤᠷᠢᠯᠠᠨ ᠬᠤᠪᠢᠶᠠᠷᠢᠯᠠᠵᠤ᠂ ᠨᠡᠷᠡᠢᠳᠴᠦ ᠪᠠᠢᠭᠰᠠᠨ ᠪᠠᠢᠨ᠎ᠠ᠃ ᠪᠠᠰᠠ ᠤᠰᠸ᠋ᠨᠢᠶ᠎ᠠ ᠵᠢᠨ ᠣᠯᠠᠩᠬᠢ ᠬᠡᠯᠡ ᠨᠢ ᠥᠮᠴᠢᠯᠡᠭᠦᠯᠦᠨ ᠵᠠᠯᠭᠠᠮᠵᠢᠯᠠᠵᠤ ᠪᠣᠯᠬᠤ ᠵᠦᠢᠯ ᠪᠠ ᠥᠮᠴᠢᠯᠡᠭᠦᠯᠦᠨ ᠵᠠᠯᠭᠠᠮᠵᠢᠯᠠᠵᠤ ᠦᠯᠦ ᠪᠣᠯᠬᠤ ᠵᠦᠢᠯ ᠭᠡᠬᠦ ᠵᠠᠷᠴᠢᠮ ᠵᠢᠠᠷ ᠬᠡᠷᠡᠭ ᠪᠣᠳᠠᠰ ᠢ ᠢᠯᠭᠠᠪᠤᠷᠢᠯᠠᠨ ᠨᠡᠷᠡᠯᠡᠳᠡᠭ ᠪᠠᠢᠭᠰᠠᠨ ᠪᠥᠭᠡᠳ ᠣᠷᠴᠢᠨ ᠦᠶ᠎ᠡ ᠵᠢᠨ ᠬᠡᠯᠡ ᠵᠦᠢ ᠵᠢᠨ ᠣᠨᠣᠯ ᠳ᠋ᠥ ᠦᠭᠡᠰ ᠤᠨ ᠰᠠᠩ ᠨᠢ ᠴᠢᠩᠭ᠎ᠠ︵ ᠡᠷ᠎ᠡ ︶ ᠬᠥᠨᠳᠡᠢ︵ ᠡᠮ᠎ᠡ ︶᠂ ᠪᠠᠢᠭᠠᠯᠢ ᠵᠢᠨ ᠪᠤᠶᠤ ᠲᠣᠭᠲᠠᠮᠠᠯ ᠨᠡᠷ᠎ᠡ ᠵᠡᠷᠭᠡ ᠳ᠋ᠥ ᠬᠤᠪᠢᠶᠠᠷᠢᠯᠠᠭᠰᠠᠨ ᠪᠦᠬᠦ ᠦᠭᠡᠰ ᠢ ᠲᠡᠷᠡ ᠵᠠᠷᠴᠢᠮ ᠤᠨ ᠳᠠᠭᠠᠤ ᠳ᠋ᠥ ᠬᠣᠶᠠᠷ ᠶᠡᠬᠡ ᠲᠥᠷᠥᠯ ᠳ᠋ᠥ ᠬᠤᠪᠢᠶᠠᠷᠢᠯᠠᠵᠤ ᠴᠢᠳᠠᠳᠠᠭ ᠪᠠᠢᠨ᠎ᠠ᠃ 500 ᠵᠠᠭᠤᠨ ᠵᠢᠯ ᠦᠨ ᠲᠤᠷᠰᠢ ᠳ᠋ᠥ ᠲᠣᠭᠠᠯᠠᠰᠢ ᠦᠭᠡᠢ ᠣᠯᠠᠨ ᠲᠥᠷᠥᠯ ᠦᠨ ᠣᠶᠣᠨ ‍ᠣ ᠨᠥᠭᠡᠴᠡ᠂ ᠬᠥᠮᠥᠨ ᠲᠥᠷᠥᠯᠬᠢᠲᠡᠨ ‍ᠣ ᠰᠡᠳᠬᠢᠬᠦᠢ ᠵᠢᠨ ᠬᠡᠯᠪᠡᠷᠢ ᠵᠢᠨ ᠰᠢᠨ᠎ᠡ ᠪᠤᠶᠤ ᠥᠭᠡᠷ᠎ᠡ ᠨᠢᠭᠡᠨ ᠲᠥᠷᠥᠯ ᠦᠨ ᠪᠣᠯᠣᠯᠴᠠᠭ᠎ᠠ ᠨᠤᠭᠤᠳ ᠨᠢ ᠲᠡᠷᠡ ᠬᠡᠯᠡᠨ ‍ᠣ ᠬᠢ ᠬᠠᠮᠲᠤ ᠡᠨᠡ ᠬᠣᠷᠸ᠎ᠠ ᠡᠴᠡ ᠰᠥᠨᠥᠵᠦ ᠣᠳᠣᠭᠰᠠᠨ ᠪᠠᠢᠨ᠎ᠠ᠃ 
ᠬᠡᠯᠡᠨ ‍ᠣ ᠠᠯᠠᠭᠤᠷᠴᠢᠨ ‍ᠣ ᠬᠤᠷᠴᠠ ᠵᠡᠪᠰᠡᠭ ᠨᠢ ᠲᠡᠭᠦᠨ ‍ᠣ ᠣᠮᠣᠷᠬᠠᠭ ᠦᠵᠡᠯ ᠤᠨ ᠬᠣᠱᠣᠩᠨᠠᠯ᠂ ᠢᠯᠭᠠᠪᠤᠷᠢᠯᠠᠯ᠂ ᠱᠣᠰᠢᠭᠠᠯᠠᠯ ᠪᠣᠯᠣᠨ᠎ᠠ᠃ ᠨᠤᠲᠤᠭ ᠤᠨ ᠠᠶᠠᠯᠭᠤ᠂ ᠠᠷᠠᠳ ᠤᠨ ᠠᠮᠠᠨ ᠠᠶᠠᠯᠭᠤ ᠳ᠋ᠥ ᠬᠠᠨᠳᠤᠭᠤᠯᠤᠭᠰᠠᠨ ᠢᠯᠭᠠᠪᠤᠷᠢᠯᠠᠯ᠂ ᠳᠣᠣᠷᠠᠰᠢᠶᠠᠯ ᠪᠠ ᠶᠡᠬᠡ ᠬᠡᠯᠡᠨ ᠳ᠋ᠥ ᠬᠠᠨᠳᠤᠭᠰᠠᠨ ᠪᠠᠭ᠎ᠠ ᠬᠡᠯᠡᠨ ‍ᠣ ᠰᠡᠳᠬᠢᠯ ᠦᠨ ᠬᠢᠮᠤᠷᠠᠯ ᠵᠡᠷᠭᠡ ᠨᠢ ᠬᠡᠯᠡᠨ ‍ᠣ ᠠᠯᠠᠭᠤᠷᠴᠢᠨ ᠳ᠋ᠥ ᠰᠢᠳᠤᠷᠭᠤ ᠪᠠᠷ ᠳᠠᠭᠠᠯᠳᠤᠭᠰᠠᠳ ᠤᠨ ᠨᠢᠭᠤᠴᠠ ᠵᠡᠪᠰᠡᠭ ᠪᠣᠯᠬᠤ ᠶᠤᠮ᠃ ᠬᠡᠯᠡᠨ ᠦ ᠶᠡᠬᠡ ᠬᠢᠳᠤᠯᠭ᠎ᠠ ᠳ᠋ᠥ ᠬᠥᠨᠥᠭᠡᠭᠳᠡᠭᠡ ᠦᠭᠡᠢ ᠬᠠᠲᠠᠭᠤᠵᠢᠨ ᠴᠢᠭᠢᠷᠠᠭᠵᠢᠭᠰᠠᠨ ᠬᠡᠯᠡᠨ ‍ᠣ ᠨᠢᠭᠡᠨ ᠳ᠋ᠥ ᠣᠳᠣ ᠦᠶ᠎ᠡ ᠳ᠋ᠥ ᠬᠡᠯᠡᠨ ‍ᠣ ᠠᠯᠠᠭᠤᠷᠴᠢᠨ᠂ ᠬᠡᠯᠡᠨ ‍ᠣ ᠡᠵᠡᠷᠬᠡᠭ ᠦᠵᠡᠯᠲᠡᠨ ᠭᠡᠭᠳᠡᠭᠰᠡᠨ ᠠᠩᠭ᠍ᠯᠢ ᠬᠡᠯᠡ ᠲᠣᠭᠠᠯᠠᠭᠳᠠᠬᠤ ᠶᠤᠮ᠃ ᠯᠠᠲ᠋ᠢᠨ ᠬᠡᠯᠡ᠂ ᠭᠷᠢᠭ ᠬᠡᠯᠡ᠂ ᠹᠷᠠᠨᠼᠢ ᠬᠡᠯᠡ ᠵᠡᠷᠭᠡ ᠡᠸᠦ᠋ᠷᠦᠫᠡ ᠵᠢᠨ ᠣᠯᠠᠨ ᠬᠡᠯᠡ ᠡᠴᠡ ᠶᠡᠬᠡ ᠬᠡᠮᠵᠢᠶ᠎ᠡ ᠪᠠᠷ ᠵᠢᠭᠡᠯᠡᠨ ᠬᠤᠷᠠᠮᠳᠤᠭᠤᠯᠤᠭᠰᠠᠨ ᠦᠭᠡᠰ ᠨᠢ ᠠᠩᠭ᠍ᠯᠢ ᠬᠡᠯᠡᠨ ‍ᠣ ᠦᠭᠡᠰ ᠦᠨ ᠰᠠᠩ ᠤᠨ 60-70% ᠢ ᠡᠵᠡᠯᠡᠳᠡᠭ᠃ ᠬᠥᠷᠰᠢ ᠪᠠᠢᠭ᠎ᠠ ᠨᠠᠷᠠᠨ ᠤᠯᠤᠰ ᠤᠨ ᠶᠠᠫᠤᠨ ᠬᠡᠯᠡᠨ ᠨᠢ ᠬᠢᠲᠠᠳ ᠬᠡᠯᠡᠨ ᠳ᠋ᠥ ᠰᠢᠭᠤᠳ ᠳᠠᠭᠠᠷᠢᠭᠳᠠᠵᠤ᠂ ᠮᠠᠢᠵᠢ ᠵᠢᠨ ᠰᠢᠨᠡᠴᠢᠯᠡᠯ ᠦᠨ ᠦᠶ᠎ᠡ ᠳ᠋ᠥ ᠪᠠᠢᠩᠭᠤ ᠬᠡᠷᠡᠭᠯᠡᠬᠦ ᠬᠢᠲᠠᠳ ᠦᠰᠦᠭ ᠤᠨ ᠲᠣᠭ᠎ᠠ ᠶ᠋ᠢ ᠬᠠᠤᠯᠢ ᠪᠠᠷ ᠬᠢᠵᠠᠭᠠᠷᠯᠠᠨ᠂ ᠾᠢᠷᠠᠭᠠᠨᠠ᠂ ᠺᠠᠲᠠᠺᠠᠨᠠ ᠦᠰᠦᠭ ᠢ ᠬᠡᠷᠡᠭᠯᠡᠬᠦ ᠶ᠋ᠢ ᠤᠷᠮᠠᠰᠢᠭᠤᠯᠤᠨ ᠬᠥᠬᠢᠭᠦᠯᠵᠦ ᠪᠠᠢᠭᠰᠠᠨ ᠪᠣᠯᠪᠠᠴᠤ ᠣᠳᠣ ᠦᠶ᠎ᠡ ᠳ᠋ᠥ ᠨᠢᠭᠡᠨᠲᠡ ᠬᠡᠳᠦᠨ ᠵᠠᠭᠤᠨ ᠵᠢᠯ ᠦᠷᠭᠦᠯᠵᠢᠯᠡᠭᠰᠡᠨ ᠬᠢᠲᠠᠳ ᠬᠡᠯᠡᠨ ᠨᠥᠯᠥᠭᠡ ᠶᠢ ᠲᠤᠭᠤᠯᠤᠨ ᠳᠠᠪᠠᠵᠤ ᠴᠢᠳᠠᠭᠰᠠᠨ ᠪᠠᠢᠨ᠎ᠠ᠃ ᠦᠭᠡᠰ ᠦᠨ ᠰᠠᠩ ᠤᠨ ᠵᠢᠭᠡᠯᠡᠯᠭᠡ ᠨᠢ ᠬᠡᠯᠡᠨ ᠮᠥᠬᠥᠯ ᠦᠨ ᠦᠨᠳᠦᠰᠦᠨ ᠰᠢᠯᠲᠠᠭᠠᠨ ᠪᠢᠰᠢ ᠭᠡᠳᠡᠭ ᠨᠢ ᠬᠡᠯᠡ ᠰᠤᠳᠤᠯᠤᠯ ᠤᠨ ᠣᠯᠠᠨ ᠮᠡᠳᠡᠭᠦᠯᠦᠯᠲᠡ ᠳ᠋ᠥ ᠪᠠᠲᠤᠯᠠᠭᠳᠠᠭᠰᠠᠨ ᠪᠠᠢᠳᠠᠭ᠃ ᠬᠡᠯᠡᠨ ‍ᠣ ᠮᠥᠬᠥᠯ ᠰᠥᠨᠥᠯ ᠭᠡᠵᠦ ᠶᠠᠷᠢᠭᠰᠠᠨ ᠴᠤ ᠬᠡᠯᠡ ᠨᠢ ᠥᠪᠡᠰᠦᠪᠡᠨ ᠪᠡᠶ᠎ᠡ ᠪᠠᠨ ᠳᠠᠭᠠᠭᠰᠠᠨ ᠠᠮᠢᠳᠤ ᠪᠣᠳᠠᠰ ᠪᠢᠰᠢ ᠪᠠᠢᠳᠠᠭ ᠤᠨ ᠬᠤᠪᠢ ᠳ᠋ᠥ᠂ ᠲᠡᠷᠡ ᠨᠢ ᠲᠡᠭᠦᠨ ᠢ ᠬᠡᠷᠡᠭᠯᠡᠭᠴᠢᠳ ᠦᠨ ᠤᠯᠤᠰ ᠲᠥᠷᠥ᠂ ᠨᠡᠢᠭᠡᠮ ᠠᠵᠤ ᠠᠬᠤᠢ ᠵᠢᠴᠢ ᠦᠵᠡᠯ ᠤᠬᠠᠮᠰᠠᠷ ᠤᠨ ᠰᠢᠯᠲᠠᠭᠠᠨ ᠠᠴᠠ ᠪᠣᠯᠵᠤ︽ ᠠᠯᠠᠭᠳᠠᠵᠤ ︾ ᠪᠠᠢᠳᠠᠭ᠃  



  
     
     