-
20582
ᠬᠢᠵᠠᠭᠠᠷᠲᠠᠢ ᠬᠠᠷᠠᠭᠠᠨ ᠰᠡᠷᠡᠯ
2023-06-13 07:09
55
0
ᠬᠢᠵᠠᠭᠠᠷᠲᠠᠢ ᠬᠠᠷᠠᠭᠠᠨ ᠰᠡᠷᠡᠯ
ᠲᠦᠳᠡᠭ
ᠪᠥᠮᠪᠥᠷᠴᠡᠭ ᠦᠨ ᠨᠥᠭᠥᠭᠡ ᠲᠠᠯ᠎ᠠ ᠳᠤ ᠵᠤᠭᠰᠤᠴᠢᠬᠠᠭᠠᠳ
ᠨᠠᠮ᠎ᠠ ᠶᠢ ᠲᠣᠩᠭᠤᠷᠠᠴᠢᠬᠠᠭᠰᠠᠨ
ᠲᠣᠯᠣᠭᠠᠢ ᠪᠠᠷ ᠢᠶᠠᠨ ᠤᠷᠤᠭᠤ ᠬᠠᠨᠳᠤᠴᠢᠬᠠᠭᠰᠠᠨ ᠭᠡᠨ᠎ᠡ
ᠬᠣᠶᠠᠷ ᠬᠥᠯ ᠮᠢᠨᠢ ᠭᠠᠵᠠᠷ ᠠᠴᠠ ᠰᠠᠯᠤᠭ᠎ᠠ ᠦᠭᠡᠶ ᠪᠠᠶᠢᠬᠤ ᠳᠤ᠂
ᠬᠣᠶᠠᠷ ᠲᠤᠶᠢᠯ ᠳᠤ ᠠᠮᠢᠳᠤᠷᠠᠵᠤ ᠪᠠᠶᠢᠭ᠎ᠠ ᠪᠢᠳᠡ
ᠬᠠᠷᠢᠯᠴᠠᠨ ᠨᠢᠭᠡ ᠨᠢᠭᠡ ᠪᠡᠨ ᠡᠰᠡᠷᠭᠦ ᠪᠣᠳᠣᠬᠤ ᠨᠢ ᠴᠤ ᠵᠥᠪ ᠪᠠᠶᠢᠯᠭᠦᠢ
ᠪᠥᠮᠪᠥᠷᠴᠡᠭ ᠢᠶᠡᠨ ᠬᠠᠵᠠᠭᠤ ᠲᠠᠯ᠎ᠠ ᠠᠴᠠ ᠨᠢ ᠬᠠᠷᠠᠪᠠᠯ
ᠬᠠᠪᠢᠷᠭ᠎ᠠ ᠪᠠᠷ ᠢᠶᠠᠨ ᠶᠠᠪᠤᠬᠤ ᠬᠥᠮᠥᠨ ᠴᠤ ᠮᠣᠩᠳᠠᠬᠤ ᠦᠭᠡᠢ ᠰᠢᠦ
ᠬᠠᠷᠠᠭᠠᠨ ᠰᠡᠷᠡᠯ ᠳᠦ
ᠬᠠᠮᠤᠭ ᠵᠦᠢᠯ ᠨᠡᠪᠲᠡ ᠪᠢᠰᠢ
ᠡᠨᠳᠡ ᠢᠷᠡᠪᠡᠯ ᠰᠠᠶ᠋ᠢ ᠴᠢ ᠮᠢᠨᠤᠬᠢ
ᠡᠷᠡᠭᠦᠯ ᠶᠠᠪᠤᠭ᠎ᠠ ᠶᠢ ᠣᠶᠢᠯᠠᠭᠠᠬᠤ ᠶᠤᠮ᠃
2023.6.2