 

ᠨᠡᠶᠢᠰᠯᠡᠯ ᠪᠡᠭᠡᠵᠢᠩ ᠢ ᠲᠤᠷᠬᠢᠭᠤᠯᠤᠭᠰᠠᠨ ᠮᠠᠩᠬᠠᠨ ᠨᠤᠳᠤᠭ ᠤᠨ ᠤᠷᠠᠯᠢᠭ ᠤᠨ ᠪᠦᠯᠭᠦᠮ

2019-08-09 09:36
  268
  0
     ᠨᠢᠳᠤᠨᠤᠨ ᠤ 8 ᠰᠠᠷ᠎ᠠ ᠶᠢᠨ 23 ᠤ ᠡᠳᠦᠷ᠂ ᠨᠠᠶᠢᠰᠯᠡᠯ ᠪᠡᠬᠡᠵᠢᠩ ᠳᠤ ᠪᠤᠯᠤᠭᠰᠠᠠ ᠨᠠᠶᠢᠷᠠᠯ ᠲᠠᠭᠤᠨ ᠤ ᠤᠷᠠᠯᠢᠭ ᠤᠨ ᠨᠠᠶᠢᠷ ᠲᠤ ᠲᠦᠩᠯᠢᠶᠤᠤ ᠬᠤᠳᠠ ᠶᠢᠨ ᠬᠦᠷᠢᠶ᠎ᠠ ᠬᠤᠰᠢᠭᠤᠨ ᠤ ᠮᠠᠩᠬᠠᠨ ᠰᠤᠮᠤᠨ ᠤ ︽ᠮᠦᠯᠡᠨ︾ ᠨᠠᠶᠢᠷᠠᠯ ᠲᠠᠭᠤᠤ ᠶᠢᠨ ᠪᠦᠯᠬᠦᠮ ᠨᠢ ︽ᠰᠠᠷᠠᠨ᠎ᠠ ᠴᠡᠴᠡᠭ ᠤᠯᠠᠯᠵᠠᠨ ᠲᠡᠯᠬᠡᠷᠡᠨ᠎ᠠ︾ ᠬᠡᠬᠦ ᠰᠠᠶᠢᠬᠠᠨ ᠠᠶ᠎ᠠ ᠲᠠᠭᠤᠤ ᠪᠠᠷ ᠢᠶᠠᠨ ᠮᠦᠩᠬᠦᠨ ᠮᠧᠳᠠᠯ ᠭᠠᠷᠳᠠᠵᠤ᠂ ︽ᠠᠨᠳᠠᠢ ᠤᠷᠠᠯᠢᠭ ᠤᠨ ᠦᠯᠦᠬᠡᠢ︾ ᠬᠡᠮᠡᠭᠳᠡᠭᠰᠡᠡ ᠬᠦᠷᠢᠶ᠎ᠠ ᠨᠤᠳᠤᠭ ᠤᠨ ᠠᠯᠳᠠᠷ ᠨᠡᠷ᠎ᠠ ᠶᠢ ᠤᠯᠤᠰ ᠲᠠᠶᠠᠭᠠᠷ ᠲᠤ ᠲᠠᠬᠢᠨᠳᠠ ᠴᠤᠤᠷᠢᠶᠠᠳᠤᠭᠤᠯᠪᠠ᠃ ᠪᠦᠬᠦ ᠤᠯᠤᠰ ᠤᠨ 54 ᠨᠠᠶᠢᠷᠠᠯ ᠲᠠᠭᠤᠤ ᠶᠢᠨ ᠪᠦᠯᠬᠦᠮ ᠤᠷᠤᠯᠴᠠᠭᠰᠠᠠ ᠡᠨᠡ ᠬᠦ ᠲᠤᠮᠤ ᠬᠡᠪᠴᠢᠶᠠᠨ ᠤ ᠤᠷᠠᠯᠢᠭ ᠤᠨ ᠨᠠᠶᠢᠷ ᠲᠤ ᠮᠠᠨ ᠤ ᠤᠷᠤᠨ ᠢᠶᠠᠨ ᠲᠦᠯᠦᠬᠡᠯᠡᠵᠤ ᠤᠷᠤᠯᠴᠠᠭᠰᠠᠠ ᠴᠤᠷ ᠤᠨ ᠭᠠᠭᠴᠠ ᠨᠠᠶᠢᠷᠠᠯ ᠲᠠᠭᠤᠤ ᠶᠢᠨ ᠪᠦᠯᠬᠦᠮ᠂ ᠮᠦᠨ ᠴᠤ ᠴᠤᠷ ᠤᠨ ᠭᠠᠭᠴᠠ ᠬᠠᠮᠤᠭ ᠦᠨᠳᠦᠰᠦᠨ ᠱᠠᠳᠤᠨ ᠤ ᠮᠠᠯᠴᠢᠨ ᠲᠠᠷᠢᠶᠠᠴᠢᠨ ᠢᠶᠠᠷ ᠪᠦᠷᠢᠯᠳᠦᠭᠰᠡᠡ ᠤᠷᠠᠯᠢᠭ ᠤᠨ ᠪᠦᠯᠬᠦᠮ ᠪᠤᠯᠤᠭᠰᠠᠠ ᠤ ᠬᠤᠪᠢ ᠳᠤ ᠡᠶᠢᠨ ᠬᠦ ᠦᠨᠳᠦᠷ ᠢᠷᠠᠭᠤ ᠠᠯᠳᠠᠷ ᠬᠦᠷᠳᠡᠨ᠎ᠠ ᠬᠡᠳᠡᠭ ᠴᠤᠬᠤᠮ ᠴᠤ ᠠᠮᠠᠷ ᠦᠬᠡᠢ ᠤᠴᠢᠷ ᠡ᠂ ᠪᠦᠯᠬᠦᠮ ᠤᠨ ᠬᠡᠰᠢᠬᠦᠨ ᠲᠡᠬᠦᠦᠵᠠᠶᠠᠭ᠎ᠠ ᠶᠢᠨ ᠦᠬᠡ ᠪᠠᠷ ᠬᠡᠯᠡᠪᠠᠯ ︽ᠶᠤᠰᠤᠳᠠᠢ ᠠᠷᠪᠠᠨ ᠵᠡᠬᠦᠳᠦᠨ ᠳᠤ ᠤᠷᠤᠭ᠎ᠠ ᠦᠬᠡᠢ ᠶᠠᠪᠤᠳᠠᠯ︾ ᠪᠢᠯᠠ᠃ 
    — ᠲᠤᠬᠠᠢ ᠶᠢᠨ ᠦᠶ᠎ᠠ ᠳᠤ ᠬᠤᠶᠠᠳᠤᠭᠠᠷ ᠤᠯᠤᠭᠰᠠᠠ ᠢ ᠰᠤᠨᠤᠰᠤᠭᠠᠳ ᠪᠦᠬᠦᠳᠡᠬᠡᠷ ᠢᠶᠠᠨ ᠪᠦᠷ ᠪᠠᠶᠠᠷᠯᠠᠭᠠᠳ ᠤᠬᠢᠯᠠᠴᠢᠬᠠᠭᠰᠠᠠ᠂ ᠡᠶᠢᠮᠤ ᠲᠤᠮᠤ ᠲᠠᠶᠢᠰᠠᠠ ᠲᠡᠬᠡᠷ᠎ᠠ ᠲᠤᠭᠯᠠᠯᠳᠠ ᠭᠠᠷᠭᠠᠬᠤ ᠨᠢ ᠮᠠᠨ ᠤ ᠮᠠᠯᠴᠢᠨ ᠲᠠᠷᠢᠶᠠᠴᠢᠨ ᠳᠤ ᠠᠪᠴᠤ ᠬᠡᠯᠡᠪᠠᠯ ᠨᠢᠬᠡᠨᠳᠠ ᠤᠯᠳᠠᠰᠢ ᠦᠬᠡᠢ ᠵᠠᠪᠰᠢᠶᠠᠨ ᠪᠤᠯᠬᠤ ᠶᠤᠮ ᠬᠡᠵᠤ ᠲᠡᠷᠡ ᠵᠢᠯ ᠤᠨ ᠡᠮᠦᠨᠡᠬᠢ ᠤᠴᠢᠷ ᠢᠶᠠᠨ ᠡᠷᠬᠢᠴᠡᠬᠦᠯᠵᠤ ᠶᠠᠷᠢᠬᠤ ᠳᠤ ᠮᠦᠨ ᠰᠡᠳᠬᠢᠯ ᠲᠤᠭᠳᠤᠯᠤᠭᠰᠠᠭᠠᠷ᠃ ᠪᠠᠶᠢᠭᠤᠯᠤᠭᠳᠠᠭᠠᠳ ᠰᠠᠶ᠋ᠢ ᠭᠤᠷᠪᠠᠭ᠋ᠠᠨ ᠵᠢᠯ ᠤᠨ ᠨᠢᠭᠤᠷ ᠢ ᠦᠵᠡᠵᠤ ᠪᠠᠶᠢᠭ᠎ᠠ ᠡᠨᠡ ᠬᠦ ᠴᠤᠯ ᠮᠠᠯᠴᠢᠨ ᠲᠠᠷᠢᠶᠠᠴᠢᠨ ᠢᠶᠠᠷ ᠪᠦᠷᠢᠯᠳᠦᠭᠰᠡᠡ ᠠᠵᠢᠯ ᠤᠨ ᠴᠢᠯᠦᠬᠡᠨ ᠤ ᠨᠠᠶᠢᠷᠠᠯ ᠲᠠᠭᠤᠤ ᠪᠦᠯᠬᠦᠮ ᠤᠨ ᠦᠨᠦᠳᠦᠷ ᠤᠨ ᠠᠮᠵᠢᠯᠳᠠ ᠶᠢ ᠲᠤᠷᠠᠳᠬᠤ ᠳᠤ ᠬᠦᠷᠢᠶ᠎ᠠ ᠨᠤᠳᠤᠭ ᠤᠨ ᠬᠦᠨ ᠵᠤᠵᠠᠭᠠᠨ ᠤᠳᠬ᠎ᠠ ᠤᠷᠠᠯᠢᠭ ᠤᠨ ᠬᠦᠷᠦᠰᠤ ᠰᠢᠷᠤᠢ᠂ ᠬᠦᠮᠦᠨ ᠵᠤᠨ ᠤ ᠠᠷᠠᠳ ᠤᠨ ᠤᠷᠠᠯᠢᠭ ᠢᠶᠠᠨ ᠬᠡᠰᠡᠡ ᠴᠡᠪᠡᠷ ᠪᠤᠷᠤᠭᠵᠢᠭᠤᠨ ᠬᠠᠶᠢᠷ᠎ᠠ ᠰᠡᠳᠬᠢᠯᠬᠡ ᠠᠴᠠ ᠰᠠᠯᠵᠤ ᠴᠢᠳᠠᠬᠤ ᠦᠬᠡᠢ ᠶᠤᠮ᠃
    7 ᠰᠠᠷ᠎ᠠ ᠶᠢᠨ 4 ᠤ ᠡᠳᠦᠷ᠂ ᠵᠤᠨ ᠤ ᠬᠠᠯᠠᠭᠤᠨ ᠨᠠᠷᠠ ᠵᠤᠯᠠᠢ ᠲᠦᠬᠡᠨᠡᠮᠡᠷ ᠦᠳᠡ ᠳᠤ ᠪᠢᠳᠠ ᠬᠦᠷᠢᠶ᠎ᠠ ᠬᠤᠰᠢᠭᠤᠨ ᠤ ᠮᠠᠩᠬᠠᠨ ᠰᠤᠮᠤᠨ ᠤ ᠰᠤᠪᠤᠷᠭᠠᠨᠳᠠᠯ᠎ᠠ ᠭᠠᠴᠠᠭᠠᠠ ᠳᠤ ᠬᠦᠷᠪᠠ᠃ ᠭᠠᠴᠠᠭᠠᠨ ᠤ ᠰᠤᠶᠤᠯ ᠤᠨ ᠬᠦᠳᠡᠯᠬᠡᠬᠡᠨ ᠤ ᠮᠤᠩᠭᠤᠯ ᠬᠡᠷ ᠠᠴᠠ ᠤᠶᠠᠩᠭᠠᠳᠤ ᠲᠠᠭᠤᠦ ᠴᠤᠤᠷᠢᠶᠠᠳᠤᠵᠦ ᠨᠠᠶᠢᠷᠠᠯ ᠲᠠᠭᠤᠦ ᠶᠢᠨ ᠪᠦᠯᠬᠦᠮ ᠤᠨ ᠬᠡᠰᠡᠭ ᠬᠡᠰᠢᠬᠦᠳ ᠶᠠᠭ ︽ᠮᠠᠯᠴᠢᠨ ᠲᠦᠮᠡᠨ ᠡᠪ ᠬᠠᠮᠳᠤ ᠨᠠᠮ ᠢᠶᠠᠨ ᠲᠠᠭᠤᠯᠠᠨ᠎ᠠ︾ ᠬᠡᠬᠦ ᠲᠠᠭᠤᠤ ᠪᠠᠨ ᠪᠤᠯᠪᠠᠰᠤᠷᠠᠵᠤ ᠪᠠᠶᠢᠬᠤ ᠲᠠᠢ ᠬᠠᠷᠭᠤᠭᠰᠠᠠ ᠨᠢ ᠡᠨᠡ ᠪᠠᠶᠢᠯ᠎ᠠ᠃ ᠲᠡᠳᠡ ᠵᠤᠨ ᠤ ᠠᠭᠠᠬᠢᠮ᠎ᠠ ᠬᠠᠯᠠᠭᠤᠨ᠂ ᠡᠪᠦᠯ ᠤᠨ ᠬᠠᠬᠢᠷ ᠬᠦᠢᠳᠡᠨ᠂ ᠴᠠᠰᠤ ᠰᠢᠭᠤᠷᠭ᠎ᠠ ᠶᠢ ᠬᠠᠶᠢᠬᠤᠷᠤᠯ ᠦᠬᠡᠢ ᠮᠠᠯ ᠲᠠᠷᠢᠶᠠᠨ ᠤ ᠠᠵᠢᠯ᠂ ᠬᠡᠷ ᠵᠠᠭᠤᠷ᠎ᠠ ᠶᠢᠨ ᠠᠷᠰᠠᠷ ᠠᠵᠢᠯ ᠢᠶᠠᠨ ᠲᠦᠪᠬᠢᠨᠡᠬᠦᠯᠦᠭᠰᠡᠬᠡᠷ ᠮᠤᠷᠢ ᠤᠨᠤᠭ᠎ᠠ ᠪᠠᠨ ᠬᠦᠭᠯᠡᠬᠦᠯᠵᠤ᠂ ᠮᠤᠲ᠋ᠤᠷ ᠲᠡᠷᠬᠡ ᠪᠠᠨ ᠰᠤᠨᠳᠠᠯᠠᠭᠠᠳ ᠲᠠᠭᠤᠤ ᠤᠷᠠᠯᠢᠭ ᠤᠨ ᠲᠦᠯᠦᠬᠡ ᠲᠦᠷᠪᠡᠨ ᠵᠦᠭ ᠠᠴᠠ ᠢᠩᠬᠢᠵᠤ ᠬᠤᠷᠠᠠ ᠴᠤᠭᠯᠠᠷᠠᠴᠢᠬᠠᠳᠠᠭ᠃
    2016 ᠤᠨ ᠤ ᠡᠪᠦᠯ᠂ ᠰᠤᠮᠤᠨ ᠲᠡᠬᠡᠷ᠎ᠠ ᠠᠵᠢᠯ ᠤᠨ ᠴᠢᠯᠦᠬᠡᠨ ᠤ ᠨᠠᠶᠢᠷᠠᠯ ᠲᠠᠭᠤᠤ ᠶᠢᠨ ᠪᠦᠯᠬᠦᠮ ᠪᠠᠶᠢᠭᠤᠯᠤᠨ᠎ᠠ ᠬᠡᠰᠡᠡ ᠴᠢᠮᠡᠭᠡ ᠭᠠᠷᠬᠤ ᠲᠠᠢ ᠵᠡᠷᠬᠡ ᠦᠢᠷ᠎ᠠ ᠬᠠᠪᠢ ᠶᠢᠨ 9 ᠭᠠᠴᠠᠭᠠᠨ ᠤ 200 ᠰᠢᠬᠠᠮ ᠬᠦᠮᠦᠨ ᠰᠠᠶᠢᠨ ᠲᠤᠷ᠎ᠠ ᠠᠴᠠ ᠪᠠᠨ ᠨᠡᠷ᠎ᠠ ᠮᠡᠳᠡᠬᠦᠯᠵᠤ᠂ ᠵᠤᠬᠢᠶᠠᠨ ᠪᠠᠶᠢᠭᠤᠯᠤᠭᠴᠢ ᠠᠴᠠ ᠠᠷᠭ᠎ᠠ ᠪᠤᠰᠤ ᠬᠤᠰᠢᠭᠤᠨ ᠤ ᠤᠯᠠᠭᠠᠨᠮᠦᠴᠢᠷ ᠤᠨ ᠲᠠᠷᠤᠭ᠎ᠠ ᠤᠤᠭᠤᠨᠪᠠᠶᠠᠷ ᠢ ᠬᠢᠨᠠᠭᠴᠢ ᠪᠠᠷ ᠤᠷᠢᠵᠤ ᠪᠦᠬᠦᠯᠢ ᠨᠢᠬᠡ ᠡᠳᠦᠷ ᠰᠢᠯᠭᠠᠷᠠᠭᠤᠯᠤᠯᠳᠠ ᠬᠢᠵᠤ ᠪᠠᠶᠢᠭᠠᠳ ᠡᠴᠦᠰ ᠲᠡᠭᠡᠨ 36 ᠬᠦᠮᠦᠨ ᠢ ᠦᠯᠡᠳᠡᠬᠡᠵᠤ ᠨᠠᠶᠢᠷᠠᠯ ᠲᠠᠭᠤᠤ ᠶᠢᠨ ᠪᠦᠯᠬᠦᠮ ᠢ ᠪᠠᠶᠢᠭᠤᠯᠤᠭᠰᠠᠠ ᠬᠡᠳᠡᠭ᠃ ᠬᠡᠳᠦ᠋ᠢᠪᠠᠷ ᠡᠳᠡᠬᠡᠷ ᠬᠦᠮᠦᠰ ᠨᠢ ᠰᠢᠯᠭᠠᠷᠠᠭᠤᠯᠤᠯᠳᠠ ᠪᠠᠷ ᠲᠡᠮᠵᠢᠨ ᠨᠠᠶᠢᠷᠠᠯ ᠲᠠᠭᠤᠤ ᠶᠢᠨ ᠪᠦᠯᠬᠦᠮ ᠳᠤ ᠦᠯᠡᠳᠡᠭᠰᠡᠡ ᠬᠡᠬᠦ ᠳᠤ ᠲᠡᠳᠡᠨ ᠮᠡᠷᠬᠡᠵᠢᠯ ᠤᠨ ᠪᠤᠯᠪᠠᠰᠤᠷᠠᠯ ᠢ ᠨᠢᠬᠡ ᠡᠳᠦᠷ ᠴᠤ ᠬᠦᠷᠳᠡᠭᠡ ᠦᠬᠡᠢ᠂ ᠤᠨᠤᠯ ᠮᠡᠳᠡᠬᠦ ᠦᠬᠡᠢ᠂ ᠨᠤᠲ ᠮᠡᠳᠡᠬᠦ ᠦᠬᠡᠢ ᠲᠤᠯᠠ ᠡᠳᠡᠬᠡᠷ ᠬᠦᠮᠦᠰ ᠢ ᠨᠢᠬᠡ ᠬᠠᠮᠳᠤ ᠶᠢᠨ ᠴᠤᠭᠴᠠ ᠪᠤᠯᠭᠠᠨ ᠨᠢᠬᠡ ᠬᠦᠭ ᠠᠶᠠᠰ ᠲᠡᠬᠡᠷ᠎ᠠ ᠠᠪᠴᠢᠷᠠᠬᠤ ᠬᠡᠳᠡᠭ ᠨᠢ ᠲᠡᠶᠢᠮᠤ ᠬᠢᠯᠪᠠᠷᠬᠠᠨ ᠶᠠᠪᠤᠳᠠᠯ ᠪᠢᠰᠢ ᠪᠠᠶᠢᠯ᠎ᠠ᠃ ᠠᠷᠠᠳ ᠤᠨ ᠤᠷᠠᠯᠢᠬᠴᠢᠨ ᠴᠤᠯᠭᠤᠷᠠᠭᠰᠠᠠ ᠬᠦᠷᠢᠶ᠎ᠠ ᠨᠤᠳᠤᠭ ᠲᠤ ᠡᠨᠡ ᠬᠦ ᠠᠰᠠᠭᠤᠳᠠᠯ ᠨᠢ ᠬᠢᠯᠪᠠᠷᠬᠠᠨ ᠲᠠᠶᠢᠯᠤᠭᠳᠠᠵᠤ᠂ 2014 ᠤᠨ ᠳᠤ ᠠᠵᠢᠯ ᠠᠴᠠ ᠪᠠᠨ ᠠᠮᠠᠷᠠᠭᠰᠠᠠ ᠤᠯᠤᠰ ᠤᠨ ᠲᠡᠰ ᠤᠨ ᠬᠤᠷᠴᠢᠨ ᠤᠷᠳᠤ ᠶᠢᠨ ᠲᠠᠭᠤᠤ ᠶᠢᠨ ᠤᠯᠠᠮᠵᠢᠯᠠᠭᠴᠢ ᠰᠡᠶᠢᠨᠪᠢᠯᠢᠢᠡ ᠨᠠᠶᠢᠷᠠᠯ ᠲᠠᠭᠤᠤ ᠶᠢᠨ ᠪᠦᠯᠬᠦᠮ ᠤᠨ ᠲᠠᠷᠤᠭ᠎ᠠ᠂ ᠤᠳᠤᠷᠢᠳᠤᠭᠠᠴᠢ ᠪᠠᠷ ᠤᠷᠢᠬᠳᠠᠵᠤ ᠠᠵᠢᠯᠯᠠᠭᠰᠠᠠ ᠨᠢ ᠬᠠᠮᠤᠭ ᠲᠤᠬᠢᠷᠠᠮᠵᠢᠳᠠᠢ ᠲᠠᠶᠢᠯᠤᠮᠵᠢ ᠪᠤᠯᠵᠤ᠂ ᠲᠡᠬᠦᠨ ᠤ ᠬᠠᠯᠠᠰᠢᠷᠠᠯ ᠦᠬᠡᠢ ᠨᠢᠮᠪᠠᠢ ᠵᠢᠭᠠᠨ ᠵᠢᠯᠤᠭᠤᠳᠤᠯᠭ᠎ᠠ ᠲᠤᠤᠷ᠎ᠠ ᠬᠦᠳᠡᠭᠡ ᠶᠢᠨ ᠪᠤᠷᠤ ᠠᠵᠢᠯ ᠳᠤ ᠭᠠᠷ ᠢᠶᠠᠨ ᠡᠪᠡᠷᠰᠢᠬᠦᠯᠦᠭᠰᠡᠡ ᠮᠠᠯᠴᠢᠨ ᠲᠠᠷᠢᠶᠠᠴᠢᠳ ᠤᠨ ᠲᠠᠭᠤᠤ ᠤᠷᠠᠯᠢᠭ ᠤᠨ ᠮᠡᠷᠬᠡᠵᠢᠯ ᠤᠨ ᠲᠦᠪᠰᠢᠨ ᠦᠳᠳᠡᠷ ᠲᠦᠷᠬᠡᠨ ᠢᠶᠠᠷ ᠲᠡᠬᠡᠭᠰᠢᠯᠡᠵᠤ ᠡᠬᠢᠯᠡᠪᠠ᠃
    — ᠮᠠᠨ ᠤ ᠨᠠᠶᠢᠷᠠᠯ ᠲᠠᠭᠤᠤ ᠶᠢᠨ ᠪᠦᠯᠬᠦᠮ ᠤᠨ ᠬᠠᠮᠤᠭ ᠠᠬᠠᠮᠠᠳ ᠲᠠᠭᠤᠴᠢᠨ ᠨᠢ 73 ᠨᠠᠰᠤᠳᠠᠢ᠂ ᠬᠠᠮᠤᠭ ᠵᠠᠯᠠᠭᠤ ᠨᠢ ᠴᠤ ᠲᠦᠴᠢ ᠲᠦᠬᠦᠭᠰᠡᠡ ᠬᠦᠮᠦᠰ ᠪᠤᠯᠬᠤ ᠶᠤᠮ ᠡ᠃ ᠲᠡᠳᠡ ᠵᠠᠯᠠᠭᠤ ᠠᠴᠠ ᠪᠠᠨ ᠤᠯᠠᠭᠠᠨᠮᠦᠴᠢᠷ ᠲᠤ ᠬᠦᠰᠡᠯ ᠡᠪᠦᠷᠯᠡᠵᠤ᠂ ᠬᠡᠳᠦ᠋ᠢᠪᠠᠷ ᠤᠯᠠᠨ ᠵᠦᠢᠯ ᠤᠨ ᠰᠢᠯᠳᠠᠭᠠᠨ ᠠᠴᠠ ᠪᠤᠯᠵᠤ ᠤᠷᠠᠯᠢᠭ ᠤᠨ ᠵᠠᠮ ᠢ ᠡᠯᠬᠦᠵᠤ ᠴᠢᠳᠠᠭ᠎ᠠ ᠦᠬᠡᠢ ᠪᠤᠯᠪᠠᠴᠤ ᠲᠠᠭᠤᠤ ᠤᠷᠠᠯᠢᠭ ᠤᠨ ᠲᠦᠯᠦᠬᠡ ᠬᠡᠬᠦ ᠤᠷᠬᠢᠯᠦᠮ᠎ᠠ ᠬᠠᠶᠢᠷ᠎ᠠ ᠰᠡᠳᠬᠢᠯᠬᠡ ᠶᠡᠷᠦ ᠠᠴᠠ ᠤᠨᠳᠠᠷᠠᠵᠤ ᠠᠷᠢᠯᠤᠭ᠎ᠠ ᠦᠬᠡᠢ᠃ ᠨᠠᠶᠢᠷᠠᠯ ᠲᠠᠭᠤᠤ ᠶᠢᠨ ᠪᠦᠯᠬᠦᠮ ᠤᠨ ᠪᠠᠶᠢᠭᠤᠯᠤᠭᠳᠠᠭᠰᠠᠠ ᠨᠢ ᠲᠡᠳᠡᠨ ᠳᠤ ᠲᠠᠬᠢᠨ ᠦᠪᠡᠷ ᠤᠨ ᠵᠠᠯᠠᠭᠤ ᠶᠢᠨ ᠬᠦᠰᠡᠯ ᠵᠡᠬᠦᠳᠤ ᠪᠠᠨ ᠲᠡᠷᠬᠡᠯᠰᠢᠬᠦᠯᠬᠦ ᠠᠵᠠᠳᠠᠢ ᠵᠠᠪᠰᠢᠶᠠᠨ ᠬᠠᠩᠭᠠᠬᠤ ᠶᠢᠨ ᠬᠠᠮᠳᠤ ᠲᠡᠳᠡᠨ ᠤ ᠦᠳᠡᠯᠦᠬᠡ ᠨᠠᠰᠤᠨ ᠤ ᠠᠮᠢᠳᠤᠷᠠᠯ ᠢ ᠨᠢ ᠮᠠᠰᠢ ᠤᠳᠬ᠎ᠠ ᠠᠭᠤᠯᠭ᠎ᠠ ᠲᠠᠢ ᠪᠠᠶᠠᠯᠢᠬᠵᠢᠭᠤᠯᠵᠤ ᠴᠢᠳᠠᠭᠰᠠᠠ ᠪᠢᠯᠠ ᠬᠡᠵᠤ ᠪᠦᠯᠬᠦᠮ ᠤᠨ ᠲᠡᠳ᠋ ᠲᠠᠷᠤᠭ᠎ᠠ ᠠᠯᠳᠠ ᠰᠤᠷᠪᠤᠯᠵᠢᠯᠠᠭᠴᠢ ᠳᠤ ᠶᠠᠷᠢᠬᠰᠠᠠ ᠪᠢᠯᠠ᠃
    ᠮᠠᠩᠬᠠᠨ ᠰᠤᠮᠤ ᠪᠤᠯ ᠦᠪᠦᠷ ᠮᠤᠩᠭᠤᠯ ᠤᠨ ᠰᠢᠭᠤᠳ ᠬᠠᠷᠢᠶ᠎ᠠ ᠤᠯᠠᠭᠠᠨᠮᠦ᠋ᠴᠢᠷ ᠲᠤ ᠲᠠᠷᠤᠭ᠎ᠠ ᠪᠠᠷ ᠠᠵᠢᠯᠯᠠᠵᠤ ᠪᠠᠶᠢᠭᠰᠠᠠ ᠠᠯᠳᠠᠷᠳᠤ ᠲᠠᠭᠤᠴᠢᠨ ᠮᠦᠯᠠᠨ ᠤ ᠨᠤᠳᠤᠭ᠂ ᠲᠡᠷᠡ ᠬᠠᠷᠠᠬᠠᠨ ᠪᠠᠭ᠎ᠠ ᠠᠴᠠ ᠪᠠᠨ ᠡᠯᠡᠰᠤ ᠮᠠᠩᠬᠠᠨ ᠤ ᠨᠤᠳᠤᠭ ᠲᠤ ᠦᠰᠴᠤ᠂ ᠡᠨᠡ ᠨᠤᠳᠤᠭ ᠤᠨ ᠠᠷᠠᠳ ᠤᠨ ᠲᠠᠭᠤᠤ ᠶᠢᠨ ᠵᠤᠵᠠᠭᠠᠨ ᠬᠦᠷᠦᠰᠦᠨ ᠳᠤ ᠤᠷᠠᠯᠢᠭ ᠤᠨ ᠵᠠᠮ ᠢᠶᠠᠨ ᠡᠯᠬᠦᠨ᠂ ᠤᠯᠤᠰ ᠤᠷᠤᠨ ᠳᠠᠭᠠᠨ ᠠᠯᠳᠠᠷᠳᠠᠢ ᠲᠠᠭᠤᠴᠢᠨ ᠪᠤᠯᠵᠤ ᠨᠤᠳᠤᠭ ᠤᠰᠤᠨ ᠤ ᠠᠷᠠᠳ ᠤᠨ ᠲᠠᠭᠤᠤ ᠪᠠᠨ ᠠᠯᠳᠠᠷᠰᠢᠭᠤᠯᠤᠭᠰᠠᠠ ᠢᠶᠠᠷ ᠪᠠᠷᠠᠬᠤ ᠦᠬᠡᠢ ᠨᠤᠳᠤᠭ ᠤᠨ ᠬᠦᠮᠦᠰ ᠲᠡᠭᠡᠨ ᠠᠷᠠᠳ ᠤᠨ ᠲᠠᠭᠤᠤ ᠪᠠᠨ ᠬᠠᠶᠢᠷᠠᠯᠠᠵᠤ ᠬᠠᠮᠠᠭᠠᠯᠠᠬᠤ ᠴᠢᠬᠤᠯᠠ ᠴᠢᠨᠠᠷ ᠢ ᠤᠬᠠᠭᠤᠯᠤᠭᠰᠠᠠ ᠪᠢᠯᠠ᠃ ᠲᠡᠬᠦᠨ ᠤ ᠨᠦᠯᠦᠬᠡᠯᠡᠯ ᠲᠤᠤᠷ᠎ᠠ ᠨᠤᠳᠤᠭ ᠤᠨ ᠬᠦᠮᠦᠰ ᠨᠢ ᠪᠠᠭᠰᠢ ᠪᠠᠨ ᠲᠤᠷᠠᠰᠤᠨ ᠰᠠᠨᠠᠭᠠᠯᠵᠠᠵᠤ᠂ ᠲᠡᠬᠦᠨ ᠪ᠊ ᠵᠤᠷᠢᠬ ᠰᠠᠨᠠᠭ᠎ᠠ ᠶᠢ ᠤᠯᠠᠮᠵᠢᠯᠠᠵᠤ᠂ ᠬᠤᠶᠢᠴᠢ ᠨᠢᠬᠡ ᠦᠶ᠎ᠠ ᠳᠡᠭᠡᠨ ᠵᠠᠯᠭᠠᠮᠵᠢᠯᠠᠬᠤ ᠶᠢᠨ ᠡᠬᠦᠳᠠᠨ ᠠᠴᠠ ᠨᠠᠶᠢᠷᠠᠯ ᠲᠠᠭᠤᠤ ᠶᠢᠨ ᠪᠦᠯᠬᠦᠮ ᠢᠶᠠᠨ ︽ᠮᠦᠯᠡᠨ ᠨᠠᠶᠢᠷᠠᠯ ᠲᠠᠭᠤᠤ ᠶᠢᠨ ᠪᠦᠯᠬᠦᠮ︾ ᠬᠡᠵᠤ ᠨᠡᠷᠡᠶᠢᠳᠦᠭᠰᠡᠡ ᠪᠠᠶᠢᠨ᠎ᠠ᠃
    — ᠮᠦᠯᠡᠨ ᠪᠠᠭᠰᠢ ᠪᠤᠯ ᠮᠠᠨ ᠤ ᠮᠠᠩᠬᠠᠨ ᠰᠤᠮᠤᠨ ᠤ ᠠᠯᠳᠠᠷᠳᠤ ᠭᠠᠴᠠᠭᠠᠨ ᠤ ᠬᠦᠮᠦᠨ᠂ ᠲᠡᠷᠡ ᠪᠤᠯ ᠬᠦᠷᠢᠶ᠎ᠠ ᠨᠤᠳᠤᠭ ᠤᠨ ᠲᠠᠭᠤᠷᠢᠶᠠᠯ᠂ ᠮᠠᠩᠬᠠᠨ ᠨᠤᠲᠤᠭ ᠤᠨ ᠤᠮᠤᠭᠰᠢᠯ᠃ ᠪᠢᠳᠠ ᠲᠡᠬᠦᠨ ᠤ ᠲᠠᠭᠤᠤ ᠶᠢ ᠪᠦᠬᠦ ᠤᠯᠤᠰ ᠲᠤ ᠲᠠᠭᠤᠯᠠᠵᠤ ᠮᠡᠳᠡᠬᠦᠯᠬᠦ ᠪᠠᠷ ᠪᠠᠷᠠᠬᠤ ᠦᠬᠡᠢ ᠲᠡᠯᠡᠬᠡᠢ ᠶᠢᠨ ᠲᠤᠮᠤ ᠲᠠᠪᠴᠠᠩ ᠳᠤ ᠲᠠᠭᠤᠯᠠᠵᠤ᠂ ᠲᠠᠯᠡᠬᠡᠢ ᠳ᠋ᠠᠬᠢᠨ ᠳᠤ ᠮᠡᠳᠡᠬᠦᠯᠵᠤ ᠠᠯᠳᠠᠷᠰᠢᠭᠤᠯᠤᠨ᠎ᠠ ᠬᠡᠵᠤ ᠠᠯᠳᠠ ᠢᠳᠡᠬᠡᠯ ᠲᠡᠬᠦᠯᠳᠡᠷ ᠶᠠᠷᠢᠭᠰᠠᠠ ᠪᠢᠯᠠ᠃ ᠵᠣᠬᠢᠶᠠᠭᠴᠢ᠄  ᠶᠢᠨ ᠱᠠᠨ ᠵᠤᠨ᠎ᠠ ᠪᠤᠤ ᠴᠢᠩ ᠱᠧᠩ ᠰᠠᠴᠤᠷᠠ  



  
     
     