-
110919
ᠭᠠᠯ ᠲᠣᠭᠤᠭᠠᠨ ᠭᠡᠷ ᠲᠤ ᠠᠮᠢᠳᠤᠷᠠᠯ ᠢᠳᠡᠭᠡᠰᠢᠨᠡ
2020-03-09 10:55
220
0
ᠭᠠᠯ ᠲᠣᠭᠤᠭᠠᠨ ᠭᠡᠷ ᠲᠤ ᠠᠮᠢᠳᠤᠷᠠᠯ ᠢᠳᠡᠭᠡᠰᠢᠨᠡ
ᠭᠠᠯ ᠲᠣᠭᠤᠭᠠᠨ ᠭᠡᠷ ᠲᠤ ᠠᠮᠢᠳᠤᠷᠠᠯ ᠳᠠᠩᠳᠠ ᠪᠠᠨ ᠰᠠᠢᠬᠠᠨ
ᠡᠵᠢ ᠶᠢᠨ ᠠᠮᠲᠠ ᠵᠢ ᠳᠤᠷᠠᠰᠤᠨ ᠳᠤᠷᠠᠰᠤᠨ
ᠡᠵᠢ ᠶᠢᠨ ᠠᠮᠲᠠ ᠤᠯᠠᠮᠵᠢᠯᠠᠬᠤ ᠭᠡᠵᠦ
ᠡᠳᠤᠷᠵᠢᠨ ᠶᠠᠭᠠᠷᠠᠬᠤ ᠰᠠᠢᠬᠠᠨ ᠡ
ᠡᠬᠡᠭᠦᠨ ᠴᠠᠢ ᠬᠦᠬᠡᠰᠦᠷᠤᠨ ᠢᠳᠡᠭᠡᠰᠢᠬᠦ ᠰᠠᠢᠬᠠᠨ
ᠡᠭᠡᠳᠡᠭᠰᠡᠨ ᠰᠦ ᠪᠡᠷ ᠬᠤᠷᠤᠳ ᠨᠤᠬᠤᠯᠠᠬᠤ ᠰᠠᠢᠬᠠᠨ
ᠦᠷᠤᠮ᠎ᠡ ᠬᠠᠢᠯᠠᠭᠤᠯᠵᠦ ᠲᠣᠰᠤ ᠰᠢᠷᠭᠠᠭᠠᠬᠤ ᠰᠠᠢᠬᠠᠨ ᠡ
ᠭᠠᠯ ᠲᠣᠭᠤᠭᠠᠨ ᠭᠡᠷ ᠲᠤ ᠠᠮᠢᠳᠤᠷᠠᠯ ᠰᠢᠯᠦᠭ ᠰᠢᠭ᠌ ᠰᠠᠢᠬᠠᠨ
ᠡᠩᠭᠡᠷᠡᠪᠴᠢ ᠶᠢᠨ ᠬᠣᠷᠮᠤᠢ ᠳᠡᠷᠪᠡᠯᠵᠢᠬᠦᠯᠦᠨ
︽ᠡᠭᠡᠰᠢᠭ︾ᠤᠨ ᠠᠶ᠎ᠡ ᠴᠠᠯᠭᠢᠭᠤᠯᠤᠨ
ᠡᠷᠡᠨ ᠪᠦᠷᠢ ᠵᠢ ᠴᠠᠳᠬᠤᠯᠠᠩ ᠪᠠᠢᠯᠭᠠᠬᠤ ᠭᠡᠵᠦ
ᠡᠯᠳᠡᠪ ᠵᠢᠮᠢᠰ ᠢ ᠶᠠᠩᠵᠤᠯᠠᠨ ᠦᠷᠦᠬᠦ ᠰᠠᠢᠬᠠᠨ
ᠡᠳᠡᠭᠡᠳ ᠤᠮᠳᠠᠭᠠᠨ ᠢ ᠠᠮᠳᠠᠯᠠᠨ ᠰᠢᠮᠡᠬᠦ ᠰᠠᠢᠬᠠᠨ
ᠡᠳ᠋ᠯᠡᠯ ᠢᠶᠡᠨ ᠪᠦᠳᠦᠬᠡᠯ ᠰᠢᠭ ᠱᠣᠬᠤᠷᠬᠠᠬᠤ ᠰᠠᠢᠬᠠᠨ ᠡ
ᠭᠠᠯ ᠲᠣᠭᠤᠭᠠᠨ ᠭᠡᠷ ᠲᠤ ᠠᠮᠢᠳᠤᠷᠠᠯ ᠵᠦᠴᠦᠭᠡ ᠰᠢᠭ ᠭᠠᠢᠬᠠᠮᠰᠢᠭ
ᠠᠶᠠᠭ᠎ᠠ ᠰᠢᠨᠠᠭ᠎ᠠ ᠬᠠᠶᠠ ᠬᠠᠷᠭᠤᠯᠳᠤᠨ
ᠠᠮᠲᠠ ᠶᠢᠨ ᠰᠡᠷᠡᠯ ᠢᠯᠳᠠᠮᠬᠠᠨ ᠪᠠᠭᠤᠷᠠᠨ
ᠠᠬᠢᠭᠠᠳ ᠶᠠᠭᠤ ᠪᠦᠬᠦᠨ ᠰᠡᠷᠭᠦᠬᠦ ᠨᠢ ᠭᠠᠢᠬᠠᠮᠰᠢᠭ
ᠺᠤᠷᠤᠨᠠ ᠸᠢᠷᠦ᠋ᠰ ᠢ ᠳᠠᠯᠭᠡᠷᠡᠬᠦᠯᠵᠦ ᠳᠡᠢᠯᠬᠦ ᠨᠢ ᠭᠠᠢᠬᠠᠮᠰᠢᠭ
ᠮᠦᠨ ᠲᠡᠬᠦᠨ ᠢᠶᠡᠨ ᠤᠰᠠᠳᠬᠠᠵᠦ ᠴᠦ ᠴᠢᠳᠠᠬᠤ ᠨᠢ ᠭᠠᠢᠬᠠᠮᠰᠢᠭ
ᠬᠥᠮᠦᠨ ᠮᠥᠰᠦᠨ ᠢ ᠲᠠᠨᠢᠭᠤᠯᠵᠦ ᠥᠭᠬᠦ ᠨᠢ ᠨᠡᠩ ᠭᠠᠢᠬᠠᠮᠰᠢᠭ ᠡ
ᠭᠠᠯ ᠲᠣᠭᠤᠭᠠᠨ ᠭᠡᠷ ᠲᠤ ᠠᠮᠢᠳᠤᠷᠠᠯ
ᠨᠠᠷᠠ ᠰᠢ᠍ᠭ ᠲᠤᠶᠠᠭᠠᠷᠠᠨ
ᠰᠢᠯᠦᠭ ᠰᠢᠭ᠌ ᠰᠤᠯᠤᠩᠭᠠᠷᠠᠨ
ᠢᠷᠠᠭᠤ ᠨᠠᠢᠷᠠᠭ ᠰᠢᠭ ᠤᠶᠠᠩᠭᠠᠷᠠᠵᠦ
ᠲᠠᠯ᠎ᠠ ᠰᠢᠭ᠋ ᠲᠠᠢᠪᠤᠩ ᠰᠠᠢᠬᠠᠨ ᠡ
( ᠤᠯᠠᠨ ᠤᠯᠤᠰ ᠤᠨ ᠡᠮᠡᠭᠲᠡᠢᠴᠦᠳ ᠤᠨ ᠡᠷᠬᠡ ᠵᠢ ᠬᠠᠮᠠᠭᠠᠯᠠᠬᠤ ᠡᠳᠤᠷ ᠲᠤ ᠳᠤᠷᠠᠰᠬᠠᠯ ᠪᠣᠯᠭᠠᠨ ᠲᠠᠲᠠᠯᠠᠪᠠᠢ )
2020.3.8 ᠴᠢᠪᠠᠭ᠎ᠠ ᠪᠠᠯᠭᠠᠰᠤᠨ᠎ᠠ