-
11886
ᠬᠡᠤᠭᠡᠳ ᠤᠨ ᠵᠤᠬᠢᠶᠠᠯ
2017-10-14 22:49
222
0
ᠪᠠᠭᠰᠢ ᠶᠢᠨ ᠭᠡᠷ ᠢ ᠨᠡᠭᠦᠯᠭᠡᠭᠰᠡᠨ ᠨᠢ
ᠪᠠᠷᠠᠭᠤᠨ ᠦᠵᠦᠮᠦᠴᠢᠨ ᠬᠤᠰᠢᠭᠤᠨ ᠤ ᠮᠤᠩᠭᠤᠯ
ᠦᠨᠳᠦᠰᠦᠲᠡᠨ ᠦ ᠨᠢᠭᠡᠳᠦᠭᠡᠷ ᠪᠠᠭ᠎ᠠ ᠰᠤᠷᠭᠠᠭᠤᠯᠢ
ᠳᠤᠷᠠᠰᠣᠯ
ᠭᠠᠷᠠᠭ ᠤᠨ ᠲᠠᠪᠤᠨ ᠤ ᠭᠤᠷᠪᠠᠳᠤᠭᠠᠷ ᠬᠢᠴᠢᠶᠡᠯ ᠪᠠᠭᠤᠭᠰᠠᠨ ᠤ ᠳᠠᠷᠠᠭ᠎ᠠ ᠪᠠᠭᠰᠢ ᠨᠠᠳᠠ ᠶᠢ ᠳᠠᠭᠣᠳᠠᠪᠠ᠃ ᠪᠢ ᠪᠠᠭᠰᠢ ᠶᠢᠨ ᠵᠦᠭ ᠤᠴᠢᠬᠤ ᠵᠠᠭᠤᠷ᠎ᠠ ᠳᠤᠳᠤᠷ᠎ᠠ ᠪᠠᠨ ᠪᠢ ᠶᠠᠮᠠᠷ ᠠᠯᠳᠠᠭ᠎ᠠ ᠲᠠᠢ ᠪᠤᠯ ᠳ᠋ᠠ ᠭᠡᠵᠦ ᠰᠠᠨᠠᠭ᠎ᠠ ᠠᠴᠠ ᠭᠠᠳᠠᠨ᠎ᠠ ᠶᠠᠭᠤᠮ᠎ᠠ ᠪᠤᠳᠤᠵᠤ ᠠᠮᠵᠢᠪᠠ᠃
ᠪᠠᠭᠰᠢ ᠰᠢᠭᠦᠮᠵᠢᠯᠡᠬᠦ ᠶᠢᠨ ᠲᠦᠯᠦᠭᠡ ᠨᠠᠳᠠ ᠶᠢ ᠳᠠᠭᠤᠳᠠᠭᠰᠠᠨ ᠪᠢᠰᠢ᠂ ᠬᠠᠷᠢᠨ ᠨᠠᠳᠠ ᠠᠴᠠ︽ ᠭᠠᠷᠠᠭ ᠤᠨ ᠡᠳᠦᠷ ᠤᠨᠴᠠᠭᠠᠢ ᠤᠴᠢᠷ ᠲᠠᠢ ᠤᠤ︖︾ ᠭᠡᠵᠦ ᠠᠰᠠᠭᠤᠬᠤ ᠳᠤ ᠪᠢ᠄︽ ᠪᠠᠶᠢᠬᠤ ᠦᠭᠡᠢ᠃︾ ᠭᠡᠵᠦ ᠬᠡᠯᠡᠪᠡ᠃ ᠪᠠᠭᠰᠢ᠄︽ ᠲᠡᠭᠡᠪᠡᠯ ᠨᠠᠳᠠ ᠶᠢ ᠬᠠᠪᠰᠤᠷᠴᠤ ᠭᠡᠷ ᠨᠡᠭᠦᠯᠭᠡᠵᠦ ᠳᠡᠶᠢᠯᠦᠨ᠎ᠡ ᠤᠤ︖︾ ᠬᠡᠭᠦ ᠳᠦ ᠪᠢ᠄︽ ᠪᠤᠯᠤᠨ᠎ᠠ᠃︾ ᠭᠡᠵᠦ ᠪᠠᠶᠠᠷᠲᠠᠢ ᠬᠠᠷᠢᠭᠤᠯᠪᠠ᠃
ᠮᠠᠷᠭᠠᠰᠢ ᠦᠷᠯᠦᠭᠡ ᠨᠢ ᠪᠢ ᠨᠠᠢᠮᠠᠨ ᠴᠠᠭ ᠦᠩᠭᠡᠷᠡᠵᠦ ᠪᠠᠭᠰᠢ ᠶᠢᠨ ᠭᠡᠷ ᠲᠦ ᠭᠦᠷᠬᠦ ᠳᠦ ᠪᠠᠭᠰᠢ ᠮᠢᠨᠢ ᠨᠢᠭᠡᠨᠳᠡ ᠭᠡᠷ ᠦᠨ ᠬᠡᠷᠡᠭᠰᠡᠯ ᠢᠶᠡᠨ ᠡᠬᠢᠯᠡᠵᠦ ᠲᠡᠭᠡᠭᠡᠵᠦ ᠪᠠᠶᠢᠪᠠ᠃ ᠮᠢᠨᠦ ᠬᠡᠳᠦᠨ ᠰᠠᠶᠢᠨ ᠨᠠᠶᠢᠵᠠ ᠪᠠᠰᠠ ᠦᠪᠡᠷ ᠦᠨ ᠢᠶᠡᠨ ᠰᠠᠶᠢᠨ ᠳᠤᠷ᠎ᠠ ᠠᠴᠠ ᠪᠠᠭᠰᠢ ᠶᠢ ᠬᠠᠪᠰᠤᠷᠬᠤ ᠪᠠᠷ ᠢᠷᠡᠭᠰᠡᠨ ᠪᠠᠶᠢᠯ᠎ᠠ᠃ ᠭᠡᠷ ᠦᠨ ᠭᠡᠷᠡᠭᠰᠡᠯ ᠢ ᠨᠢ ᠪᠢᠳᠡ ᠪᠦᠳᠦᠭᠦᠨ ᠲᠡᠷᠭᠡ ᠪᠡᠷ ᠭᠤᠷᠪᠠ ᠤᠳᠠᠭ᠎ᠠ ᠵᠦᠭᠡᠭᠡᠵᠦ᠂ ᠨᠠᠭᠠᠰᠢ ᠴᠠᠭᠠᠰᠢ ᠵᠡᠭᠡᠯᠢ ᠪᠡᠷ ᠶᠠᠪᠤᠪᠠ᠃ ᠪᠠᠭᠰᠢ ᠶᠢᠨ ᠭᠡᠷ ᠦᠨ ᠭᠡᠷᠡᠭᠰᠡᠯ ᠢ ᠵᠦᠭᠡᠭᠡᠭᠦ ᠳᠤᠮᠳᠠ ᠪᠠᠭᠰᠢ ᠶᠢᠨ ᠨᠤᠮ ᠨᠢ ᠶᠠᠭᠤᠨ ᠠᠴᠠ ᠴᠤ ᠬᠤᠯᠠ ᠢᠯᠡᠭᠦᠦ ᠪᠠᠶᠢᠭᠰᠠᠨ ᠰᠢᠭ᠋᠃ ᠪᠢ ᠳᠤᠳᠤᠷ᠎ᠠ ᠪᠠᠨ ᠪᠠᠭᠰᠢ ᠭᠦᠮᠦᠨ ᠬᠢᠴᠢᠶᠡᠯ ᠦᠨ ᠵᠢᠭᠠᠬᠤ ᠪᠢᠴᠢᠭ ᠡᠴᠡ ᠦᠭᠡᠷ᠎ᠡ ᠪᠠᠰᠠ ᠡᠶᠢᠮᠦ ᠠᠷᠪᠢᠨ ᠨᠤᠮ ᠤᠩᠰᠢᠳᠠᠭ ᠪᠠᠶᠢᠨ᠎ᠠ ᠭᠡᠵᠦ ᠪᠤᠳᠤᠯ᠎ᠠ᠃ ᠨᠢᠭᠡ ᠬᠠᠶᠢᠷᠴᠠᠭ ᠨᠤᠮ ᠢ ᠡᠬᠢᠯᠡᠵᠦ ᠡᠷᠭᠦᠭᠦ ᠳᠦ ᠨᠡᠯᠢᠶᠡᠳ ᠭᠦᠩᠭᠡᠨ ᠰᠢᠭ᠂ ᠭᠡᠲᠡᠯᠡᠬᠡᠳᠦᠨ ᠬᠠᠶᠢᠷᠴᠠᠭ ᠨᠤᠮ ᠢ ᠵᠦᠭᠡᠭᠡᠳ ᠭᠠᠷ ᠰᠤᠯᠠᠷᠠᠵᠤ ᠪᠠᠶᠢᠯ᠎ᠠ᠃ ᠤᠴᠢᠷ ᠨᠢ ᠪᠠᠭᠰᠢ ᠶᠢᠨ ᠭᠡᠷ ᠲᠦᠷᠪᠡᠳᠦᠭᠡᠷ ᠲᠠᠪᠬᠤᠷᠭ᠎ᠠ ᠳᠡᠭᠡᠷ᠎ᠡ ᠰᠠᠭᠤᠳᠠᠭ᠃ ᠳᠡᠭᠡᠭᠰᠢ ᠲᠤᠭᠤᠭᠰᠢ ᠭᠡᠳᠦ ᠭᠦᠶᠦᠵᠦ᠂ ᠶᠠᠭᠤᠮᠠᠨ ᠤ ᠭᠦᠨᠳᠦ ᠳᠦ ᠶᠠᠳᠠᠷᠠᠭᠰᠠᠨ ᠪᠢᠰᠢ᠂ ᠬᠠᠷᠢᠨ ᠱᠠᠲᠤ ᠶᠢ ᠲᠡᠪᠡᠵᠦ᠂ ᠬᠠᠭᠠᠰ ᠴᠢᠳᠠᠯ ᠢᠶᠠᠨ ᠪᠠᠷᠠᠵᠤ᠂ ᠭᠦᠯᠦᠰᠦ ᠴᠢᠬᠠᠷᠠᠭᠰᠠᠨ ᠪᠤᠯᠪᠠᠴᠤ ᠪᠢᠳᠡ ᠭᠡᠳᠦᠭᠦᠯᠡ ᠲᠤᠩ ᠪᠠᠶᠠᠷᠲᠠᠢ ᠵᠦᠭᠡᠭᠡᠵᠦ ᠯᠡ ᠪᠠᠶᠢᠯ᠎ᠠ᠃ ᠡᠬᠢᠨ ᠳᠦ ᠨᠢ ᠨᠢᠭᠡ ᠬᠠᠶᠢᠷᠴᠠᠭ ᠢ ᠬᠤᠶᠠᠷ ᠭᠦᠮᠦᠨ ᠰᠢᠭᠤᠳ ᠡᠷᠭᠦᠭᠡᠳ ᠪᠠᠭᠤᠴᠢᠬᠠᠨ᠎ᠠ᠃ ᠳᠠᠷᠠᠭ᠎ᠠ ᠤᠳᠠᠭ᠎ᠠ ᠨᠢ ᠬᠠᠷᠢᠨ ᠭᠤᠷᠪᠠᠭᠤᠯᠠ ᠨᠢᠭᠡ ᠬᠠᠶᠢᠷᠴᠠᠭ ᠨᠤᠮ ᠢ ᠬᠤᠪᠢᠶᠠᠵᠤ ᠠᠪᠤᠨ᠎ᠠ᠃ ᠪᠠᠭᠰᠢ ᠳᠤ ᠡᠶᠢᠮᠦ ᠠᠷᠪᠢᠨ ᠨᠤᠮ ᠲᠠᠢ᠂ ᠪᠠᠭᠰᠢ ᠶᠢᠨ ᠲᠠᠷᠢᠬᠢᠨ ᠳᠤ ᠡᠭᠦᠨ ᠡᠴᠡ ᠬᠤᠯᠠ ᠢᠯᠡᠭᠦᠦ ᠮᠡᠳᠡᠯᠭᠡ ᠲᠠᠢ ᠪᠠᠶᠢᠬ᠎ᠠ ᠭᠡᠵᠦ ᠪᠠᠭᠰᠢ ᠪᠠᠨ ᠨᠠᠩ ᠪᠢᠰᠢᠷᠡᠯ᠎ᠡ᠃ ᠰᠡᠭᠦᠯ ᠦᠨ ᠲᠡᠷᠭᠡᠨ ᠦ ᠶᠠᠭᠤᠮ᠎ᠠ ᠪᠠᠨ ᠲᠡᠭᠡᠭᠡᠬᠦ ᠳᠦ ᠪᠠᠭᠰᠢ᠄︽ ᠤᠳᠤ ᠤᠳᠠᠬᠤ ᠦᠭᠡᠢ ᠪᠠᠷᠠᠯ᠎ᠠ᠂ ᠪᠠᠭᠰᠢ ᠨᠢ ᠬᠤᠭᠤᠯᠠ ᠢᠳᠡᠭᠦᠯᠵᠦ ᠵᠠᠪᠳᠤᠬᠤ ᠦᠭᠡᠢ ᠶᠤᠮ ᠪᠠᠶᠢᠨ᠎ᠠ᠂ ᠲᠠᠨ ᠤ ᠭᠡᠳᠦ ᠳᠦ ᠳᠡᠯᠭᠡᠭᠦᠷ ᠡᠴᠡ ᠢᠳᠡᠭᠦ ᠶᠠᠭᠤᠮ᠎ᠠ ᠠᠪᠴᠤ ᠦᠭᠭᠦᠶ᠎ᠡ᠃︾ ᠭᠡᠭᠦ ᠳᠦ ᠪᠢᠳᠠ᠄︽ ᠬᠡᠷᠡᠭ ᠦᠭᠡᠢ᠂ ᠦᠯᠦᠰᠴᠦ ᠪᠠᠶᠢᠬᠤ ᠦᠭᠡᠢ᠃ ᠪᠠᠭᠰᠢ ᠲᠠ ᠶᠠᠭᠠᠷᠠᠬᠤ ᠪᠠᠷ ᠢᠶᠠᠨ ᠶᠠᠭᠠᠷᠠ᠂ ᠮᠠᠨ ᠤ ᠭᠡᠳᠦ ᠶᠠᠪᠤᠯ᠎ᠠ︾ ᠭᠡᠭᠦ ᠳᠦ ᠪᠠᠭᠰᠢ᠄︽ ᠬᠡᠤᠭᠡᠳ ᠤᠳ ᠮᠢᠨᠢ᠂ ᠪᠠᠶᠠᠷᠯᠠᠯ᠎ᠠ᠂ ᠲᠠᠨ ᠤ ᠭᠡᠳᠦ ᠶᠤᠰᠤᠲᠠᠢ ᠰᠢᠷᠭᠤᠯᠵᠢ ᠰᠢᠭ᠋ ᠮᠤᠨᠳᠠᠭ ᠪᠠᠶᠢᠨ᠎ᠠ ᠰᠢᠤ︕︾ ᠭᠡᠵᠦ ᠮᠠᠭᠳᠠᠯ᠎ᠠ᠃ ᠪᠢᠳᠡ ᠬᠡᠳᠦᠭᠦᠯᠡ ᠪᠠᠭᠰᠢ ᠶᠢᠨ ᠡᠴᠡ ᠶᠠᠪᠤᠯ᠎ᠠ᠃ ᠪᠢ ᠳᠤᠳᠤᠷ᠎ᠠ ᠪᠠᠨ︽ ᠪᠠᠭᠰᠢ ᠪᠢᠳᠡᠨ ᠳᠦ ᠵᠢᠷᠭᠤᠭᠠᠨ ᠵᠢᠯ ᠨᠤᠮ ᠪᠢᠴᠢᠭ ᠵᠢᠭᠠᠵᠦ᠂ ᠭᠦᠮᠦᠨ ᠪᠤᠯᠬᠤ ᠶᠢᠨ ᠰᠠᠭᠤᠷᠢ ᠲᠠᠯᠪᠢᠵᠦ ᠦᠭᠭᠦᠭᠰᠡᠨ ᠪᠠᠶᠢᠳᠠᠯ᠎ᠠ ᠪᠢᠳᠡ ᠬᠤᠶᠠᠷ ᠭᠤᠷᠪᠠᠬᠠᠨ ᠴᠠᠭ ᠠᠵᠢᠯ ᠬᠢᠭᠡᠳ ᠶᠠᠭᠤᠨ ᠳᠤ ᠪᠠᠭᠰᠢ ᠠᠴᠠ ᠶᠠᠭᠤᠮ᠎ᠠ ᠠᠪᠬᠤ ᠪᠤᠢ︖︾ ᠭᠡᠵᠦ ᠪᠤᠳᠤᠪᠠ᠃ ᠦᠭᠡᠷ᠎ᠡ ᠨᠠᠶᠢᠵᠠ ᠨᠠᠷ ᠮᠢᠨᠢ ᠶᠠᠭᠠᠬᠢᠵᠦ ᠪᠤᠳᠤᠭᠰᠠᠨ ᠪᠤᠯ ᠳ᠋ᠠ᠂ ᠪᠠᠭᠰᠢ ᠴᠤ ᠶᠠᠭᠤ ᠪᠤᠳᠤᠭᠰᠠᠨ ᠪᠤᠯ ᠳ᠋ᠠ᠃ ᠭᠠᠷᠠᠭ ᠤᠨ ᠨᠢᠭᠡᠨ ᠳᠦ ᠪᠠᠭᠰᠢ ᠮᠢᠨᠢ ᠪᠢᠳᠡ ᠬᠡᠲᠦ ᠶᠢ ᠠᠩᠭᠢ ᠳᠤ ᠮᠠᠭᠲᠠᠵᠤ ᠪᠢᠯᠡ᠃
ᠪᠢᠳᠡ ᠪᠠᠭᠰᠢ ᠶᠢᠨ ᠭᠡᠷ ᠢ ᠨᠡᠭᠦᠯᠭᠡᠵᠦ ᠦᠭᠭᠦᠭᠡᠳ ᠲᠤᠩ ᠪᠠᠶᠠᠷᠲᠠᠢ᠂ ᠪᠠᠭᠰᠢ ᠶᠢ ᠬᠠᠪᠰᠤᠷᠴᠤ ᠠᠵᠢᠯ ᠬᠢᠭᠦ ᠲᠤᠩ ᠭᠤᠶᠤ ᠰᠢᠤ᠃ ᠪᠤᠰᠤᠳ ᠢ ᠬᠠᠪᠰᠤᠷᠴᠤ ᠶᠠᠪᠤᠬᠤ ᠨᠢ ᠵᠢᠷᠭᠠᠯ ᠶᠤᠮ︕
ᠵᠢᠯᠤᠭᠤᠳᠤᠭᠰᠠᠨ ᠪᠠᠭᠰᠢ᠄ ᠮᠦᠩᠭᠦᠨᠴᠡᠴᠡᠭ