-
34134
2019-07-05 11:38
1941
0
2017-2018 ᠣᠨ ᠨᠡᠶᠢᠲᠡ ᠳᠦ ᠪᠡᠨ 121450 ᠮᠣᠷᠢ ᠶᠢ 71121 ᠬᠡᠦᠬᠡᠳ ᠤᠷᠤᠯᠳᠤᠭᠰᠠᠨ ᠠᠴᠠ 942 ᠬᠡᠦᠬᠡᠳ ᠮᠣᠷᠢᠨ ᠠᠴᠠ ᠤᠨᠠᠵᠤ᠂ 22 ᠬᠡᠦᠬᠡᠳ ᠬᠦᠨᠳᠦ ᠭᠡᠮᠲᠦᠯ ᠠᠪᠴᠤ᠂ 1 ᠬᠡᠦᠬᠡᠳ ᠲᠠᠬᠢᠷ ᠳᠤᠲᠠᠭᠤ ᠪᠣᠯᠤᠭᠰᠠᠨ ᠭᠡᠰᠡᠨ ᠬᠠᠷᠠᠮᠰᠠᠯᠲᠠᠢ ᠲᠣᠭᠠᠨ ᠮᠡᠳᠡᠭᠡ ᠪᠠᠶᠢᠨ᠎ᠠ᠃ 2018 ᠣᠨ ᠪᠤᠶᠤ ᠥᠩᠭᠡᠷᠡᠭᠰᠡᠨ ᠵᠢᠯ ᠦᠨ ᠨᠠᠭᠠᠳᠤᠮ ᠢᠶᠠᠷ ᠬᠠᠮᠠᠭᠠᠯᠠᠯᠲᠠ ᠶᠢᠨ ᠳᠤᠭᠤᠯᠠᠭ᠎ᠠ ᠦᠭᠡᠢ 336᠂ ᠬᠠᠮᠠᠭᠠᠯᠠᠬᠤ ᠬᠤᠪᠴᠠᠰᠤ ᠬᠡᠷᠡᠭᠰᠡᠯ ᠦᠭᠡᠢ 183᠂ ᠮᠣᠷᠢᠨ ᠤ ᠬᠡᠷᠡᠭᠰᠡᠯ ᠦᠭᠡᠢ 330᠂ ᠭᠤᠷᠪᠠᠯᠠᠭᠰᠠᠨ ᠭᠡᠷ᠎ᠡ ᠪᠠᠶᠢᠭᠤᠯᠤᠭ᠎ᠠ ᠦᠭᠡᠢ 4771᠂ ᠳᠠᠭᠠᠳᠬᠠᠭᠤᠯᠤᠭᠠ ᠦᠭᠡᠢ 1174 ᠬᠡᠦᠬᠡᠳ ᠤᠷᠤᠯᠳᠤᠭᠠᠨ ᠳᠤ ᠣᠷᠤᠯᠴᠠᠭᠤᠯᠤᠭᠰᠠᠨ ᠵᠥᠷᠢᠴᠡᠯ ᠢᠯᠡᠷᠡᠭᠰᠡᠨ᠃ ᠮᠥᠨ 7 ᠨᠠᠰᠤ 52 ᠬᠡᠦᠬᠡᠳ ᠢ ᠤᠷᠤᠯᠳᠤᠭᠠᠨ ᠳᠤ ᠣᠷᠤᠯᠴᠠᠭᠤᠯᠬᠤ ᠭᠡᠵᠦ ᠪᠠᠶᠢᠭᠰᠠᠨ ᠢ ᠵᠣᠭᠰᠣᠭᠠᠭᠰᠠᠨ᠃ 2018 ᠣᠨ ᠤ ᠳ᠋ᠦᠩ ᠮᠡᠳᠡᠭᠡ ᠶᠢ 2017 ᠣᠨ ᠲᠠᠢ ᠬᠠᠷᠢᠴᠠᠭᠤᠯᠬᠤ ᠳᠤ ᠮᠣᠷᠢᠨ ᠠᠴᠠ ᠤᠨᠠᠵᠤ᠂ ᠠᠮᠢ ᠨᠠᠰᠤ ᠨᠢ ᠡᠷᠡᠰᠳᠡᠭᠰᠡᠨ ᠲᠣᠬᠢᠶᠠᠯᠳᠤᠯ ᠪᠠᠶᠢᠬᠤ ᠦᠭᠡᠢ᠂ ᠮᠣᠷᠢᠨ ᠠᠴᠠ ᠤᠨᠠᠭᠰᠠᠨ ᠬᠡᠦᠬᠡᠳ ᠦᠨ ᠲᠣᠭ᠎ᠠ 282 ᠍ ᠪᠠᠷ᠂ ᠬᠥᠩᠭᠡᠨ ᠭᠡᠮᠲᠦᠯ ᠠᠪᠤᠭᠰᠠᠨ ᠬᠡᠦᠬᠡᠳ ᠦᠨ ᠲᠣᠭ᠎ᠠ 39 ᠍ ᠪᠡᠷ ᠲᠤᠰ ᠲᠤᠰ ᠪᠠᠭᠤᠷᠠᠭᠰᠠᠨ ᠦᠵᠡᠭᠦᠯᠦᠯᠲᠡ ᠲᠡᠢ ᠪᠠᠶᠢᠨ᠎ᠠ᠃ ᠣᠰᠣᠯ ᠭᠡᠮᠲᠦᠯ ᠦᠨ ᠲᠣᠭ᠎ᠠ ᠪᠠᠭᠤᠷᠠᠬᠤ ᠳᠤ ᠨᠥᠯᠦᠭᠡᠯᠡᠭᠰᠡᠨ ᠭᠣᠣᠯ ᠬᠦᠴᠦᠨ ᠵᠦᠢᠯ ᠨᠢ ᠬᠡᠦᠬᠡᠳ ᠦᠨ ᠬᠠᠮᠠᠭᠠᠯᠠᠬᠤ ᠬᠤᠪᠴᠠᠰᠤ ᠬᠡᠷᠡᠭᠰᠡᠯ ᠪᠣᠯᠤᠨ ᠮᠣᠷᠢᠨ ᠤ ᠬᠠᠮᠠᠭᠠᠯᠠᠬᠤ ᠬᠡᠷᠡᠭᠰᠡᠯᠡᠯ ᠢ ᠰᠲ᠋ᠠᠨᠳᠠᠷᠲ ᠤᠨ ᠳᠠᠭᠠᠤ ᠵᠥᠪ᠂ ᠪᠦᠷᠢᠨ ᠬᠡᠷᠡᠭᠯᠡᠭᠰᠡᠨ ᠲᠡᠢ ᠬᠣᠯᠪᠣᠭᠠᠲᠠᠢ ᠭᠡᠵᠦ ᠦᠵᠡᠭᠰᠡᠨ᠃ ᠲᠡᠶᠢᠮᠦ ᠡᠴᠡ ᠪᠠᠶᠠᠷ ᠨᠠᠭᠠᠳᠤᠮ ᠤᠨ ᠦᠶ᠎ᠡ ᠪᠡᠷ ᠬᠡᠦᠬᠡᠳ ᠨᠢᠭᠡ ᠪᠦᠷᠢ ᠳᠦ ᠬᠠᠮᠠᠭᠠᠯᠠᠬᠤ ᠬᠡᠷᠡᠭᠰᠡᠯ᠂ ᠬᠤᠪᠴᠠᠰᠤ ᠶᠢ ᠵᠥᠪ ᠪᠥᠷᠢᠨ ᠡᠮᠦᠰᠬᠡᠵᠦ᠂ ᠣᠰᠤᠯ ᠦᠭᠡᠢ ᠰᠠᠶᠢᠬᠠᠨ ᠨᠠᠭᠠᠳᠬᠤ ᠶᠢ ᠬᠦᠰᠡᠶ᠎ᠡ᠃