-
34088
ᠬᠤᠳᠤᠭᠤᠳᠤ ᠡᠪᠭᠦ᠋ᠢᠷᠡᠬᠦ ᠰᠢᠨᠵᠢ ᠪᠠ ᠰᠡᠷᠭᠡᠶᠢᠯᠡᠬᠦ ᠠᠷᠭ᠎ᠠ
2018-09-19 19:54
340
0
ᠬᠤᠳᠤᠭᠤᠳᠤᠨ ᠮᠤᠬᠤᠷ ᠤᠨ ᠢᠷᠭᠢᠭᠦᠯᠭᠡᠨ ᠰᠠᠪᠬᠠᠨᠴᠢᠷ ᠪᠠᠺᠲ᠋ᠧᠷᠢ ᠭᠡᠳᠡᠭ ᠨᠢᠭᠡ ᠵᠦᠢᠯ ᠤᠨ ᠪᠠᠺᠲ᠋ᠧᠷᠢ ᠪᠠᠶᠢᠳᠠᠭ᠂ ᠴᠡᠪᠡᠷ ᠪᠤᠰᠤ ᠢᠳᠡᠭᠡᠨ ᠤᠮᠳᠠᠭᠠᠨ ᠪᠤᠯ ᠳᠡᠭᠦᠨ ᠤ ᠭᠤᠤᠯ ᠪᠤᠯᠬᠤ ᠡᠬᠢ ᠰᠤᠷᠪᠤᠯᠵᠢ ᠪᠤᠯᠤᠨ᠎ᠠ᠃ ᠪᠦᠬᠦ ᠳᠡᠯᠡᠬᠡᠢ ᠶᠢᠨ 50% ᠶᠢᠨ ᠬᠦᠮᠦᠨ ᠤ ᠬᠤᠳᠤᠭᠤᠳᠤᠨ ᠳᠤ ᠪᠦᠷ ᠢᠢᠮᠦ ᠨᠢᠭᠡ ᠵᠦᠢᠯ ᠤᠨ ᠪᠠᠺᠲ᠋ᠧᠷᠢ ᠤᠷᠤᠰᠢᠨ ᠦᠷᠡᠵᠢᠵᠦ ᠪᠠᠶᠢᠳᠠᠭ᠃ ᠤᠯᠠᠩᠭᠢ ᠬᠤᠳᠤᠭᠤᠳᠤᠨ ᠦᠮᠡᠨ᠂ ᠬᠤᠳᠤᠭᠤᠳᠤᠨ ᠦᠷᠪᠢᠰᠦᠯ᠂ ᠬᠤᠳᠤᠭᠤᠳᠤᠨ ᠰᠢᠷᠬᠠᠯᠠᠭ᠎ᠠ ᠲᠠᠢ ᠡᠪᠡᠳᠴᠢᠳᠠᠨ ᠤ ᠪᠡᠶ᠎ᠡ ᠳᠤ ᠪᠦᠷ ᠬᠤᠳᠤᠭᠤᠳᠤᠨ ᠮᠤᠬᠤᠷ ᠤᠨ ᠡᠷᠭᠢᠭᠦᠯᠭᠡᠨ ᠰᠠᠪᠬᠠᠨᠴᠢᠷ ᠪᠠᠺᠲ᠋ᠧᠷᠢ ᠲᠠᠢ ᠪᠠᠶᠢᠭ᠎ᠠ ᠶᠢ ᠢᠯᠡᠷᠡᠭᠦᠯᠦᠭᠰᠡᠨ ᠪᠠᠶᠢᠨ᠎ᠠ᠃ ᠤᠯᠠᠩᠭᠢ ᠬᠠᠯᠳᠠᠪᠤᠷᠢᠯᠠᠬᠳᠠᠭᠰᠠᠳ ᠲᠤ ᠤᠨᠴᠠᠭᠠᠢ ᠢᠯᠡᠷᠡᠯ ᠭᠠᠷᠳᠠᠭ ᠦᠭᠡᠢ᠂ ᠭᠡᠪᠡᠴᠦ 10% — 15% ᠶᠢᠨ ᠬᠠᠯᠳᠠᠪᠤᠷᠢᠯᠠᠬᠳᠠᠭᠰᠠᠳ ᠲᠤ ᠬᠤᠳᠤᠭᠤᠳᠤᠨ ᠰᠢᠷᠬᠠᠯᠠᠭ᠎ᠠ ᠡᠭᠦᠰᠳᠡᠭ᠃ ★ ᠬᠤᠳᠤᠭᠤᠳᠤ ᠡᠪᠭᠦ᠋ᠢᠷᠡᠬᠦ ᠰᠢᠨᠵᠢ᠄ 1. ᠡᠪᠡᠳᠬᠦ᠃ ᠡᠪᠡᠳᠬᠦ ᠪᠤᠯ ᠬᠤᠳᠤᠭᠤᠳᠤᠨ ᠡᠪᠡᠳᠴᠢᠨ ᠤ ᠭᠤᠤᠯ ᠢᠯᠡᠷᠡᠯ ᠪᠤᠯᠤᠨ᠎ᠠ᠃ ᠡᠪᠡᠳᠬᠦ ᠢᠯᠡᠷᠡᠯ ᠭᠠᠷᠭᠠᠳᠠᠭ ᠰᠢᠯᠳᠠᠭᠠᠨ ᠨᠢ ᠳᠠᠭᠠᠷᠠᠬᠤ᠂ ᠬᠡᠢ ᠵᠠᠩᠭᠢᠷᠠᠬᠤ᠂ ᠴᠢᠰᠦ ᠬᠤᠷᠠᠬᠤ ᠵᠡᠷᠭᠡ ᠠᠴᠠ ᠪᠤᠯᠳᠠᠭ᠂ ᠡᠪᠡᠳᠬᠦ ᠨᠢ ᠴᠤ ᠳᠤᠩᠰᠢᠵᠤ ᠡᠪᠡᠳᠬᠦ᠂ ᠬᠠᠳᠬᠤᠯᠠᠵᠤ ᠡᠪᠡᠳᠬᠦ᠂ ᠵᠠᠩᠭᠢᠷᠠᠵᠤ ᠡᠪᠡᠳᠬᠦ ᠬᠡᠭᠦᠴᠢᠯᠡᠨ ᠠᠳᠠᠯᠢ ᠦᠭᠡᠢ ᠪᠠᠶᠢᠳᠠᠭ᠃ 2. ᠬᠡᠢ ᠳᠦᠭᠦᠷᠡᠬᠦ᠃ ᠭᠡᠳᠡᠰᠦ ᠳᠦᠭᠦᠷᠡᠬᠦ ᠪᠤᠯ ᠮᠦᠨ ᠬᠤᠳᠤᠭᠤᠳᠤᠨ ᠡᠪᠡᠳᠴᠢᠨ ᠤ ᠭᠤᠤᠯ ᠢᠯᠡᠷᠡᠯ ᠤᠨ ᠨᠢᠭᠡ ᠪᠤᠯᠤᠨ᠎ᠠ᠃ ᠬᠤᠳᠤᠭᠤᠳᠤ ᠳᠡᠯᠢᠭᠦᠦ ᠶᠢᠨ ᠠᠵᠢᠯᠯᠠᠭ᠎ᠠ ᠮᠠᠭᠤᠳᠠᠬᠤ᠂ ᠳᠠᠭᠠᠷᠠᠵᠤ ᠳᠠᠭᠯᠠᠷᠠᠬᠤ ᠪᠤᠶᠤ ᠪᠤᠰᠤᠳ ᠰᠢᠯᠳᠠᠭᠠᠨ ᠠᠴᠠ ᠪᠤᠯᠵᠤ ᠬᠤᠳᠤᠭᠤᠳᠤᠨ ᠳᠤᠳᠤᠷᠠᠬᠢ ᠬᠡᠢ ᠪᠡᠶᠡᠳᠦ ᠶᠢ ᠴᠠᠭ ᠳᠤᠬᠠᠢ ᠳᠤᠨᠢ᠂ ᠬᠡᠪ ᠤᠨ ᠪᠠᠶᠢᠳᠠᠯ ᠢᠶᠠᠷ ᠭᠠᠳᠠᠭᠰᠢᠯᠠᠭᠤᠯᠵᠤ ᠳᠡᠶᠢᠯᠬᠦ ᠦᠭᠡᠢ ᠪᠤᠯ ᠬᠤᠳᠤᠭᠤᠳᠤᠨ ᠳᠤ ᠬᠡᠢ ᠳᠦᠭᠦᠷᠡᠬᠦ ᠪᠠᠶᠢᠳᠠᠯ ᠭᠠᠷᠳᠠᠭ᠃ 3. ᠡᠰᠡ ᠰᠢᠩᠭᠡᠭᠡᠬᠦ᠃ ᠤᠯᠠᠨ ᠵᠦᠢᠯ ᠤᠨ ᠰᠢᠯᠳᠠᠭᠠᠨ ᠠᠴᠠ ᠪᠤᠯᠵᠤ ᠬᠤᠳᠤᠭᠤᠳᠤ ᠬᠡᠪ ᠤᠨ ᠠᠵᠢᠯᠯᠠᠭ᠎ᠠ ᠶᠢᠨ ᠳᠠᠭᠠᠤ ᠢᠳᠡᠭᠡᠨ ᠢ ᠰᠢᠩᠭᠡᠭᠡᠵᠦ ᠳᠡᠶᠢᠯᠬᠦ ᠦᠭᠡᠢ ᠪᠤᠶᠤ ᠬᠤᠳᠤᠭᠤᠳᠤ ᠭᠡᠳᠡᠰᠦᠨ ᠤ ᠬᠦᠷᠪᠡᠯᠵᠡᠯ ᠨᠢ ᠭᠡᠳᠦ ᠤᠳᠠᠭᠠᠨ ᠪᠤᠯᠬᠤ ᠵᠡᠷᠭᠡ ᠠᠴᠠ ᠪᠤᠯᠵᠤ ᠡᠰᠡ ᠰᠢᠩᠭᠡᠭᠡᠬᠦ ᠪᠠᠶᠢᠳᠠᠯ ᠢᠯᠡᠷᠡᠨ᠎ᠠ᠃ 4. ᠠᠮᠳᠠ ᠮᠡᠳᠡᠬᠦ ᠦᠭᠡᠢ᠃ ᠬᠢᠳᠠᠳ ᠡᠮᠨᠡᠯᠭᠡ ᠳᠤ᠂ ᠳᠡᠯᠢᠭᠦᠦ ᠳᠤᠷᠦ᠋ᠢᠳᠠᠪᠠᠯ᠂ ᠬᠡᠯᠡ ᠠᠮᠳᠠ ᠮᠡᠳᠡᠬᠦ ᠦᠭᠡᠢ ᠪᠤᠯᠵᠤ᠂ ᠢᠳᠡᠭᠡᠨ ᠤ ᠳᠤᠷᠠᠰᠢᠯ ᠦᠭᠡᠢ ᠪᠤᠯᠤᠨ᠎ᠠ ᠭᠡᠳᠡᠭ᠃ 5. ᠠᠮᠠ ᠭᠠᠰᠢᠭᠤᠨ ᠤᠷᠭᠢᠬᠤ᠃ ᠠᠮᠠ ᠭᠠᠰᠢᠭᠤᠨ ᠤᠷᠭᠢᠬᠤ ᠪᠤᠯ ᠡᠯᠢᠭᠡ ᠰᠦᠰᠦᠨ ᠳᠤ ᠬᠠᠯᠠᠭᠤᠨ ᠰᠢᠷᠭᠤᠭᠰᠠᠨ ᠤ ᠨᠡᠶᠢᠳᠡᠯᠢᠭ ᠢᠯᠡᠷᠡᠯ᠂ ᠰᠦᠰᠦᠨ ᠤ ᠬᠡᠢ ᠳᠡᠭᠡᠭᠰᠢ ᠬᠦᠭᠡᠷᠦᠭᠰᠡᠨ ᠢᠯᠡᠷᠡᠯ ᠪᠤᠯᠤᠨ᠎ᠠ᠃ 6. ᠴᠢᠷᠠᠢ ᠶᠢᠨ ᠦᠩᠭᠡ᠃ ᠬᠤᠳᠤᠭᠤᠳᠤᠨ ᠡᠪᠡᠳᠴᠢᠨ ᠳᠤ ᠨᠡᠷᠪᠡᠭᠳᠡᠭᠡᠳ ᠤᠳᠠᠭᠰᠠᠨ ᠡᠪᠡᠳᠴᠢᠳᠠᠨ ᠤ ᠴᠢᠷᠠᠢ ᠦᠩᠭᠡ ᠨᠢ ᠰᠢᠷᠠᠪᠳᠤᠷ ᠪᠤᠯᠵᠤ ᠦᠩᠭᠡ ᠠᠯᠳᠠᠳᠠᠭ᠃ 7. ᠬᠡᠯᠡᠨ ᠤ ᠦᠩᠭᠦᠷ ᠤᠨ ᠦᠩᠭᠡ᠃ ᠡᠷᠡᠭᠦᠯ ᠬᠦᠮᠦᠨ ᠤ ᠬᠡᠯᠡ ᠬᠦᠢᠭᠡᠨ ᠤᠯᠠᠭᠠᠨ ᠦᠩᠬᠡ ᠲᠠᠢ᠂ ᠨᠢᠮᠭᠡᠨ ᠴᠠᠭᠠᠨ ᠦᠩᠭᠦᠷ ᠲᠠᠢ ᠪᠠᠶᠢᠳᠠᠭ᠃ ᠬᠤᠳᠤᠭᠤᠳᠤᠨ ᠡᠪᠡᠳᠴᠢᠨ ᠤ ᠠᠩᠬᠠᠨ ᠤ ᠬᠤᠭᠤᠴᠠᠭᠠᠨ ᠳᠤ ᠬᠡᠯᠡᠨ ᠤ ᠦᠩᠭᠦᠷ ᠰᠢᠷᠠᠯᠠᠵᠤ᠂ ᠠᠮᠠᠨ ᠠᠴᠠ ᠦᠨᠦᠷ ᠭᠠᠷᠳᠠᠭ᠃ ᠡᠪᠡᠳᠴᠢᠨ ᠤᠳᠠᠪᠠᠯ ᠬᠡᠯᠡᠨ ᠤ ᠦᠩᠭᠦᠷ ᠳᠠᠭᠢᠭᠠᠳ ᠴᠠᠭᠠᠨ ᠪᠤᠯᠵᠤ᠂ ᠬᠤᠷᠭᠤᠰᠤᠯᠠᠪᠠᠯ ᠬᠡᠯᠡ ᠵᠤᠵᠠᠭᠠᠷᠠᠵᠤ᠂ ᠡᠪᠡᠳᠬᠦ ᠢᠯᠡᠷᠡᠯ ᠲᠠᠢ ᠡᠪᠡᠳᠴᠢᠳᠠᠨ ᠤ ᠬᠡᠯᠡ ᠳᠡᠭᠡᠷ᠎ᠡ ᠳᠤᠯᠪᠤ ᠭᠠᠷᠤᠨ᠎ᠠ᠃ 8. ᠳᠤᠷ᠎ᠠ ᠪᠤᠯᠬᠢᠵᠤ ᠪᠦᠭᠡᠯᠵᠢᠬᠦ᠃ ᠢᠳᠡᠭᠡᠨ ᠤᠮᠳᠠᠭᠠᠨ ᠬᠡᠮᠵᠢᠶ᠎ᠡ ᠳᠤᠮᠵᠢᠶ᠎ᠠ ᠪᠠᠨ ᠠᠯᠳᠠᠬᠤ᠂ ᠬᠠᠯᠠᠭᠤᠨ ᠬᠦᠢᠳᠡᠨ ᠬᠠᠷᠰᠢᠬᠰᠠᠨ ᠠᠴᠠ ᠪᠤᠯᠤᠭᠰᠠᠨ ᠬᠤᠳᠤᠭᠤᠳᠤᠨ ᠤ ᠡᠪᠡᠳᠴᠢᠨ ᠪᠤᠯ ᠳᠤᠷ᠎ᠠ ᠪᠤᠯᠬᠢᠵᠤ ᠪᠦᠭᠡᠯᠵᠢᠬᠦ ᠢᠯᠡᠷᠡᠯ ᠲᠠᠢ᠃ 9. ᠭᠡᠭᠡᠷᠡᠬᠦ᠃ ᠤᠷᠮ᠎ᠠ ᠰᠡᠳᠭᠢᠯᠭᠡ ᠲᠠᠢ ᠬᠤᠯᠪᠤᠭ᠎ᠠ ᠲᠠᠢ᠂ ᠬᠡᠷᠡᠭᠦᠯ ᠬᠢᠬᠦ᠂ ᠳᠠᠷᠤᠭᠠᠰᠤ ᠬᠦᠨᠳᠦᠷᠦᠭᠰᠡᠨ ᠵᠡᠷᠭᠡ ᠠᠴᠠ ᠪᠤᠯᠤᠭᠰᠠᠨ ᠬᠤᠳᠤᠭᠤᠳᠤᠨ ᠡᠪᠡᠳᠴᠢᠨ ᠳᠤ ᠭᠡᠭᠡᠷᠡᠬᠦ ᠢᠯᠡᠷᠡᠯ ᠭᠠᠷᠳᠠᠭ᠃ 10. ᠪᠤᠬᠢᠨᠢᠳᠤᠬᠤ᠃ ᠡᠨᠡ ᠨᠢ ᠬᠡᠢ ᠰᠢᠯᠤᠭᠤᠨ ᠪᠢᠰᠢ᠂ ᠬᠡᠢ ᠠᠶᠤᠤᠯᠢᠬᠠᠢ ᠳᠤ ᠬᠤᠷᠠᠭᠰᠠᠨ ᠤᠨᠴᠠᠯᠢᠬ ᠲᠠᠢ᠂ ᠠᠭᠤᠷ ᠤᠴᠠᠭᠠᠷ ᠶᠡᠭᠡ᠂ ᠤᠷᠮ᠎ᠠ ᠦᠭᠡᠢ ᠪᠠᠶᠢᠳᠠᠯ ᠲᠠᠢ ᠬᠦᠮᠦᠰ ᠲᠤ ᠠᠮᠠᠷᠬᠠᠨ ᠢᠯᠡᠷᠡᠳᠡᠭ᠃ 11. ᠬᠡᠢ ᠵᠠᠩᠭᠢᠷᠠᠬᠤ᠃ ᠳᠡᠯᠢᠭᠦᠦ ᠬᠤᠳᠤᠭᠤᠳᠤ ᠳᠤᠷᠦ᠋ᠢᠳᠠᠭᠰᠠᠳ ᠪᠤᠶᠤ ᠳᠡᠯᠢᠭᠦᠦ ᠳᠤᠨᠢ ᠬᠦᠢᠳᠡᠨ ᠬᠡᠢ ᠰᠢᠷᠭᠤᠭᠰᠠᠨ ᠬᠦᠮᠦᠰ ᠲᠤ ᠢᠯᠡᠭᠦᠦ ᠢᠯᠡᠷᠡᠳᠡᠭ᠃ 12. ᠰᠢᠷ᠎ᠡ ᠬᠤᠰᠤᠬᠤ᠃ ᠡᠨᠡ ᠪᠤᠯ ᠬᠤᠳᠤᠭᠤᠳᠤᠨ ᠡᠪᠡᠳᠴᠢᠳᠠᠨ ᠳᠤ ᠠᠪᠴᠤ ᠬᠡᠯᠡᠪᠡᠯ ᠦᠷᠭᠦᠯᠵᠢ ᠳᠤᠬᠢᠶᠠᠯᠳᠤᠳᠠᠭ ᠡᠪᠡᠳᠴᠢᠨ ᠤ ᠢᠯᠡᠷᠡᠯ ᠪᠤᠯᠤᠨ᠎ᠠ᠃ 13. ᠳᠠᠮᠢᠷᠳᠠᠵᠤ᠂ ᠳᠦᠷᠪᠡᠨ ᠮᠦᠴᠢ ᠰᠤᠯᠳᠠᠶᠢᠬᠤ᠃ ᠡᠪᠡᠳᠴᠢᠨ ᠤᠳᠠᠪᠠᠯ ᠳᠠᠮᠢᠷ ᠳᠤᠷᠦ᠋ᠢᠳᠠᠵᠤ᠂ ᠳᠠᠮᠢᠷᠳᠠᠬᠤ᠂ ᠬᠦᠳᠡᠯᠬᠦ ᠳᠤᠷ᠎ᠠ ᠦᠭᠡᠢ᠂ ᠳᠦᠷᠪᠡᠨ ᠮᠦᠴᠢ ᠰᠤᠯᠳᠠᠶᠢᠬᠤ ᠢᠯᠡᠷᠡᠯ ᠭᠠᠷᠳᠠᠭ᠃ 14. ᠪᠢᠯᠢᠭ ᠴᠢᠨᠠᠷ ᠳᠤᠷᠦ᠋ᠢᠳᠠᠵᠤ ᠬᠠᠯᠠᠭᠤᠨ ᠶᠡᠬᠡᠰᠪᠡᠯ ᠬᠤᠷᠭᠤᠰᠤ ᠬᠠᠳᠠᠨ᠎ᠠ᠃ ᠬᠡᠷᠪᠡ ᠬᠤᠷᠭᠤᠰᠤ ᠰᠢᠩᠭᠡᠨ ᠪᠠᠶᠢᠪᠠᠯ ᠳᠡᠯᠢᠭᠦᠦ ᠶᠢᠨ ᠠᠵᠢᠯᠯᠠᠭ᠎ᠠ ᠬᠡᠪ ᠤᠨ ᠪᠠᠶᠢᠳᠠᠯ ᠢᠶᠠᠨ ᠠᠯᠳᠠᠭᠰᠠᠨ ᠢᠯᠡᠷᠡᠯ ᠪᠤᠯᠤᠨ᠎ᠠ᠃ ★ ᠬᠤᠳᠤᠭᠤᠳᠤ ᠡᠪᠭᠦ᠋ᠢᠷᠡᠬᠦ ᠠᠴᠠ ᠰᠡᠷᠭᠡᠶᠢᠯᠡᠬᠦ᠄ 1. ᠰᠦᠨᠢᠵᠢᠨ ᠰᠠᠭᠤᠬᠤ ᠠᠴᠠ ᠵᠠᠶᠢᠯᠠᠰᠬᠢᠵᠤ᠂ ᠰᠠᠨᠠᠭ᠎ᠠ ᠰᠡᠳᠭᠢᠯ ᠢᠶᠠᠨ ᠳᠠᠶᠢᠪᠤᠩ ᠦᠭᠡᠳᠡᠷᠭᠡᠭ ᠪᠠᠶᠢᠯᠭᠠᠨ᠎ᠠ᠃ ᠠᠵᠢᠯ ᠤᠨ ᠳᠠᠷᠤᠭᠠᠰᠤ ᠶᠡᠬᠡᠳᠡᠬᠦ᠂ ᠭᠡᠳᠦ ᠶᠠᠳᠠᠷᠠᠬᠤ᠂ ᠤᠷᠮ᠎ᠠ ᠦᠭᠡᠢ ᠦᠶ᠎ᠠ ᠳᠤ ᠬᠤᠳᠤᠭᠤᠳᠤᠨ ᠤ ᠬᠦᠴᠢᠯ ᠤᠨ ᠢᠯᠭᠠᠷᠠᠭᠤᠯᠤᠯᠳᠠ ᠨᠡᠮᠡᠭᠳᠡᠵᠦ ᠰᠢᠷ᠎ᠠ ᠬᠤᠰᠤᠬᠤ᠂ ᠳᠤᠷ᠎ᠠ ᠪᠤᠯᠬᠢᠬᠤ ᠪᠠᠶᠢᠳᠠᠯ ᠭᠠᠷᠳᠠᠭ᠃ ᠭᠡᠳᠦ ᠰᠢᠬᠢᠷᠯᠢᠭ᠂ ᠱᠤᠷᠪᠤᠭ᠂ ᠭᠤᠱᠤᠭᠤᠨ᠂ ᠬᠦᠴᠢᠯᠢᠭ᠂ ᠬᠦᠢᠳᠡᠨ᠂ ᠬᠠᠯᠠᠭᠤᠨ ᠢᠳᠡᠭᠡᠨ ᠪᠠᠭ᠎ᠠ ᠢᠳᠡᠨ᠎ᠠ᠃
2. ᠳᠤᠰᠤᠨ ᠳᠤ ᠪᠤᠴᠠᠯᠭᠠᠭᠰᠠᠨ ᠢᠳᠡᠭᠡᠨ ᠪᠠᠭ᠎ᠠ ᠢᠳᠡᠨ᠎ᠠ᠃ ᠳᠤᠰᠤᠨ ᠳᠤ ᠪᠤᠴᠠᠯᠭᠠᠭᠰᠠᠨ ᠢᠳᠡᠭᠡᠨ ᠢ ᠰᠢᠩᠭᠡᠭᠡᠬᠦ ᠳᠤ ᠬᠦᠴᠢᠷ᠂ ᠰᠢᠩᠭᠡᠭᠡᠯᠳᠡ ᠶᠢᠨ ᠵᠠᠮ ᠤᠨ ᠳᠠᠷᠤᠭᠠᠰᠤ ᠶᠢ ᠨᠡᠮᠡᠭᠳᠡᠭᠦᠯᠵᠦ᠂ ᠠᠷᠪᠢᠨ ᠢᠳᠡᠪᠡᠯ ᠰᠢᠩᠭᠡᠭᠡᠵᠦ ᠳᠡᠶᠢᠯᠬᠦ ᠦᠭᠡᠢ ᠠᠴᠠ ᠪᠤᠯᠵᠤ ᠴᠢᠰᠦᠨ ᠤ ᠦᠭᠡᠬᠦ ᠶᠢ ᠦᠨᠳᠦᠷᠵᠢᠭᠦᠯᠵᠦ ᠡᠷᠡᠭᠦᠯ ᠮᠡᠨᠳᠦ ᠳᠤ ᠠᠰᠢᠬ ᠦᠭᠡᠢ ᠪᠠᠶᠢᠳᠠᠭ᠃ 3. ᠳᠠᠪᠤᠰᠤᠯᠠᠭᠰᠠᠨ ᠢᠳᠡᠭᠡᠨ ᠪᠠᠭ᠎ᠠ ᠢᠳᠡᠨ᠎ᠠ᠃ ᠳᠠᠪᠤᠰᠤᠯᠠᠭᠰᠠᠨ ᠢᠳᠡᠭᠡᠨ ᠳᠤ ᠳᠠᠪᠤᠰᠤ ᠡᠯᠪᠡᠭ ᠠᠭᠤᠯᠳᠠᠭ ᠮᠦᠷᠳᠡᠭᠡᠨ ᠵᠠᠷᠢᠮ ᠦᠮᠡᠨ ᠡᠭᠦᠰᠭᠡᠭᠴᠢ ᠢ ᠠᠭᠤᠯᠳᠠᠭ ᠪᠤᠯᠬᠤᠷ ᠬᠡᠮᠵᠢᠶ᠎ᠡ ᠲᠠᠢ ᠢᠳᠡᠭᠰᠡᠨ ᠨᠢ ᠳᠡᠭᠡᠷ᠎ᠡ᠃ 4. ᠬᠦᠢᠳᠡᠨ ᠳᠦᠭᠦᠭᠡᠢ ᠢᠳᠡᠭᠡᠨ᠂ ᠰᠡᠳᠡᠯᠳᠡ ᠶᠡᠬᠡᠳᠡᠢ ᠢᠳᠡᠭᠡᠨ ᠪᠠᠭ᠎ᠠ ᠢᠳᠡᠨ᠎ᠠ᠃ ᠬᠦᠢᠳᠡᠨ ᠳᠦᠭᠦᠭᠡᠢ ᠢᠳᠡᠭᠡᠨ ᠪᠠ ᠰᠡᠳᠡᠯᠳᠡ ᠶᠡᠬᠡᠳᠡᠢ ᠢᠳᠡᠭᠡᠨ ᠨᠢ ᠰᠢᠩᠭᠡᠭᠡᠯᠳᠡ ᠶᠢᠨ ᠵᠠᠮ ᠤᠨ ᠰᠠᠯᠢᠰᠦᠳᠦ ᠪᠦᠷᠭᠦᠪᠴᠢ ᠳᠤ ᠬᠦᠴᠦᠳᠠᠢ ᠰᠡᠳᠡᠯᠳᠡ ᠦᠭᠴᠦ ᠰᠠᠭᠤᠯᠭᠠᠬᠤ ᠪᠤᠶᠤ ᠰᠢᠩᠭᠡᠭᠡᠯᠳᠡ ᠶᠢᠨ ᠵᠠᠮ ᠤᠨ ᠦᠷᠪᠢᠰᠦᠯ ᠡᠭᠦᠰᠭᠡᠳᠡᠭ᠃ 5. ᠳᠢᠭ ᠲᠠᠢ ᠢᠳᠡᠵᠦ ᠤᠤᠭᠤᠨ᠎ᠠ᠃ ᠢᠳᠡᠵᠦ ᠤᠤᠭᠤᠬᠤ ᠳᠠᠭᠠᠨ ᠳᠢᠭ ᠲᠠᠢ ᠪᠠᠶᠢᠵᠤ᠂ ᠳᠤᠭᠳᠠᠭᠰᠠᠨ ᠴᠠᠭ ᠳᠤᠭᠳᠠᠭᠰᠠᠨ ᠬᠡᠮᠵᠢᠶ᠎ᠠ ᠶᠢ ᠪᠠᠷᠢᠮᠳᠠᠯᠠᠭᠰᠠᠭᠠᠷ ᠤᠳᠠᠭᠠᠨ ᠳᠠᠭᠠᠨ ᠰᠢᠩᠭᠡᠭᠡᠯᠳᠡ ᠶᠢᠨ ᠰᠢᠰᠲ᠋ᠧᠮ ᠤᠨ ᠪᠤᠯᠵᠤᠯᠳᠤ ᠤᠢᠢᠯᠳᠠ ᠶᠢ ᠪᠤᠢ ᠪᠤᠯᠭᠠᠵᠤ᠂ ᠰᠢᠩᠭᠡᠭᠡᠯᠳᠡ ᠶᠢᠨ ᠪᠤᠯᠴᠢᠷᠬᠠᠢ ᠶᠢᠨ ᠢᠯᠭᠠᠷᠠᠭᠤᠯᠤᠯᠳᠠ ᠶᠢ ᠵᠢᠮ᠎ᠠ ᠶᠤᠰᠤ ᠲᠠᠢ ᠪᠤᠯᠭᠠᠵᠤ᠂ ᠰᠢᠩᠭᠡᠭᠡᠯᠳᠡ ᠶᠢ ᠰᠠᠶᠢᠵᠢᠷᠠᠭᠤᠯᠳᠠᠭ᠃ 6. ᠢᠳᠡᠭᠡᠨ ᠤᠮᠳᠠᠭᠠᠨ ᠤ ︽ᠭᠡᠳᠦ ᠬᠦᠢᠳᠡᠨ ᠭᠡᠳᠦ ᠬᠠᠯᠠᠭᠤᠨ︾ ᠪᠠᠶᠢᠬᠤ ᠠᠴᠠ ᠵᠠᠶᠢᠯᠠᠰᠬᠢᠨ᠎ᠠ᠃ 7. ᠰᠠᠶᠢᠨ ᠵᠠᠵᠢᠯᠵᠤ ᠶᠠᠭᠠᠷᠠᠯ ᠦᠭᠡᠢ ᠵᠠᠯᠬᠢᠨᠠ᠃ ᠢᠯᠡᠭᠦᠦ ᠵᠠᠵᠢᠯᠪᠠᠯ ᠰᠢᠯᠦᠰᠦᠨ ᠤ ᠰᠢᠩᠭᠡᠨ ᠢ ᠢᠯᠡᠭᠦᠦ ᠢᠯᠭᠠᠷᠠᠭᠤᠯᠵᠤ᠂ ᠬᠤᠳᠤᠭᠤᠳᠤᠨ ᠤ ᠰᠠᠯᠢᠰᠦᠳᠦ ᠪᠦᠷᠭᠦᠪᠴᠢ ᠶᠢ ᠬᠠᠮᠠᠭᠠᠯᠠᠬᠤ ᠦᠢᠯᠡᠳᠦᠯ ᠲᠠᠢ ᠪᠠᠶᠢᠳᠠᠭ᠃ 8. ᠤᠰᠤ ᠶᠢ ᠴᠤ ᠴᠠᠭ ᠲᠠᠢ ᠤᠤᠭᠤᠨ᠎ᠠ᠃ ᠦᠷᠯᠦᠭᠡ ᠡᠷᠳᠡ ᠶᠢᠨ ᠦᠯᠦᠨ ᠳᠡᠭᠡᠷ᠎ᠡ ᠪᠠ ᠤᠳᠠᠭ᠎ᠠ ᠪᠤᠯᠭᠠᠨ ᠤ ᠬᠤᠭᠤᠯᠠᠨ ᠠᠴᠠ 1 ᠴᠠᠭ ᠤᠨ ᠡᠮᠦᠨ᠎ᠠ ᠤᠰᠤ ᠤᠤᠭᠤᠪᠠᠯ ᠰᠠᠶᠢᠨ᠃ ᠬᠤᠭᠤᠯᠠ ᠢᠳᠡᠵᠦ ᠳᠠᠭᠤᠰᠤᠮᠠᠬᠴᠠ ᠪᠠᠨ ᠤᠰᠤ ᠤᠤᠭᠤᠪᠠᠯ ᠬᠤᠳᠤᠭᠤᠳᠤᠨ ᠤ ᠰᠢᠩᠭᠡᠨ ᠢ ᠰᠢᠩᠭᠡᠷᠡᠭᠦᠯᠵᠦ ᠰᠢᠩᠭᠡᠭᠡᠯᠳᠡ ᠶᠢ ᠨᠦᠯᠦᠭᠡᠯᠡᠳᠡᠭ᠂ ᠱᠦᠯᠦ ᠪᠠᠷ ᠬᠤᠭᠤᠯᠠ ᠰᠢᠩᠭᠡᠯᠡᠬᠦ ᠨᠢ ᠴᠤ ᠠᠳᠠᠯᠢᠬᠠᠨ ᠨᠦᠯᠦᠭᠡ ᠦᠵᠡᠭᠦᠯᠳᠡᠭ᠃ 9. ᠬᠤᠳᠤᠭᠤᠳᠤ ᠪᠠᠨ ᠳᠤᠯᠠᠭᠠᠨ ᠪᠠᠶᠢᠯᠭᠠᠨ᠎ᠠ᠃ ᠬᠤᠳᠤᠭᠤᠳᠤ ᠳᠠᠭᠠᠷᠠᠪᠠᠯ ᠬᠤᠳᠤᠭᠤᠳᠤᠨ ᠤ ᠴᠢᠳᠠᠪᠬᠢ ᠶᠢ ᠮᠠᠭᠤᠳᠠᠭᠤᠯᠳᠠᠭ᠃ 10. ᠰᠡᠳᠡᠯᠳᠡ ᠠᠴᠠ ᠵᠠᠶᠢᠯᠠᠰᠭᠢᠨ᠎ᠠ᠃ ᠳᠠᠮᠠᠬᠢ ᠳᠠᠳᠠᠬᠤ ᠦᠭᠡᠢ ᠪᠤᠯ ᠰᠠᠶᠢᠨ᠂ ᠳᠠᠮᠠᠬᠢ ᠳᠠᠳᠠᠪᠠᠯ ᠬᠤᠳᠤᠭᠤᠳᠤᠨ ᠤ ᠴᠢᠰᠦᠨ ᠰᠤᠳᠠᠯ ᠢ ᠠᠪᠴᠢᠭᠤᠯᠵᠤ᠂ ᠬᠤᠳᠤᠭᠤᠳᠤᠨ ᠬᠠᠨ᠎ᠠ ᠶᠢᠨ ᠡᠰ ᠤᠨ ᠴᠢᠰᠦᠨ ᠤ ᠬᠠᠩᠭᠠᠯᠭ᠎ᠠ ᠶᠢ ᠨᠦᠯᠦᠭᠡᠯᠡᠵᠦ᠂ ᠬᠤᠳᠤᠭᠤᠳᠤᠨ ᠤ ᠰᠠᠯᠢᠰᠦᠳᠦ ᠪᠦᠷᠭᠦᠪᠴᠢ ᠶᠢᠨ ᠡᠪᠡᠳᠴᠢᠨ ᠡᠰᠡᠷᠭᠦᠴᠡᠬᠦ ᠴᠢᠳᠠᠪᠤᠷᠢ ᠶᠢ ᠪᠠᠭᠤᠷᠠᠭᠤᠯᠤᠨ ᠬᠤᠳᠤᠭᠤᠳᠤᠨ ᠤ ᠡᠪᠡᠳᠴᠢᠨ ᠡᠭᠦᠰᠭᠡᠳᠡᠭ᠃ ᠠᠷᠢᠬᠢ ᠪᠠᠭ᠎ᠠ ᠤᠤᠭᠤᠵᠤ᠂ ᠯᠠᠵᠤᠤ᠂ ᠬᠤᠵᠤᠤ ᠮᠡᠳᠦ ᠶᠢᠨ ᠰᠡᠳᠡᠯᠳᠡ ᠲᠠᠢ ᠢᠳᠡᠭᠡᠨ ᠪᠠᠭ᠎ᠠ ᠢᠳᠡᠨ᠎ᠠ᠃ ︵ᠡᠬᠡ ᠪᠢᠴᠢᠭ ᠢ ᠠᠷᠠᠳ ᠤᠨ ᠰᠦᠯᠵᠢᠶ᠎ᠠ ᠠᠴᠠ ᠠᠪᠤᠪᠠ︶