-
77992
ᠤᠷᠠᠨ ᠰᠡᠳᠬᠢᠮᠵᠢᠯᠡᠬᠦᠢ
2016-03-13 08:11
290
0
ᠤᠷᠠᠨ ᠰᠡᠳᠬᠢᠮᠵᠢᠯᠡᠬᠦᠢ
ᠤᠨᠤᠯ ᠰᠢᠭᠦᠮᠵᠢᠯᠡᠭᠴᠢᠳ ᠡᠴᠡ ︽ᠨᠢᠮᠭᠡᠨ ᠱᠠ ᠶᠢᠨ ᠴᠠᠭᠠᠨ᠎ᠠ ᠠᠴᠠ ᠰᠠᠶᠢᠬᠠᠨ ᠬᠦᠮᠦᠨ ᠢ ᠠᠵᠢᠬᠤ ᠮᠡᠲᠦ ᠂ ᠰᠡᠶᠢᠷᠡᠭ ᠡᠭᠦᠯᠡᠰ ᠦᠨ ᠡᠴᠢᠨᠡᠬᠢ ᠰᠠᠷᠠᠨ ᠠᠪᠠᠬᠠᠢ ᠶᠢ ᠰᠠᠷᠠᠪᠴᠢᠯᠠᠬᠤ ᠮᠡᠲᠦ ᠪᠤᠯ ᠰᠠᠶ᠋ᠢ ᠤᠷᠠᠯᠢᠭ ︾ᠭᠡᠵᠦ ᠠᠶᠢᠯᠠᠳᠴᠤ ᠪᠤᠢ ᠂ ᠪᠠᠰᠠ ︽ᠤᠰᠤᠨ ᠳᠤ ᠠᠭᠤᠰᠤᠭᠰᠠᠨ ᠳᠠᠪᠤᠰᠤ ᠰᠢᠭ᠋ ᠦᠵᠡᠬᠦᠶ᠎ᠡ ᠬᠠᠷᠠᠭᠳᠠᠬᠤ ᠦᠭᠡᠢ ᠂ ᠠᠮᠲᠠᠯᠠᠪᠠᠰᠤ ᠮᠡᠳᠡᠭᠳᠡᠪᠡᠯ ᠰᠠᠶ᠋ᠢ ᠵᠢᠩᠬᠢᠨᠢ ᠤᠷᠠᠯᠢᠭ ︾ᠭᠡᠵᠦ ᠴᠡᠴᠡᠯᠡᠵᠦ ᠪᠤᠢ ᠃
ᠡᠳᠡᠭᠡᠷ ᠨᠢ ᠶᠠᠭᠤ ᠶᠢ ᠪᠢᠴᠢᠬᠦ ᠨᠢ ᠴᠢᠬᠤᠯᠠ ᠪᠢᠰᠢ ᠂ ᠶᠠᠭᠠᠬᠢᠵᠤ ᠢᠯᠡᠳᠭᠡᠬᠦ ᠨᠢ ᠴᠢᠬᠤᠯᠠ ᠭᠡᠰᠡᠨ ᠰᠠᠨᠠᠭ᠎ᠠ ᠪᠤᠶᠤ ᠃ ᠳᠠᠷᠤᠢ ᠂ ᠤᠯᠤᠭᠰᠠᠨ ᠰᠡᠳᠦᠪ ᠢᠶᠡᠨ ᠶᠠᠮᠠᠷ ᠠᠷᠭ᠎ᠠ ᠪᠠᠷ ᠰᠡᠳᠬᠢᠮᠵᠢᠯᠡᠵᠦ ᠂ ᠪᠠᠶᠢᠷᠢᠰᠢᠭᠤᠯᠵᠤ ᠂ ᠬᠦᠮᠦᠨ ᠦ ᠰᠡᠳᠬᠢᠯ ᠦᠨ ᠬᠦᠪᠴᠢ ᠶᠢ ᠳᠤᠷᠭᠢᠭᠤᠯᠬᠤ ᠭᠡᠭᠴᠢ ᠴᠢᠬᠤᠯᠠ ᠶᠤᠮ ᠃
ᠰᠢᠯᠦᠭ ᠨᠠᠶᠢᠷᠠᠬᠤ ᠪᠠᠷ ᠪᠤᠳᠤᠪᠠᠯ ᠂ ᠤᠷᠠᠨ ᠰᠠᠨᠠᠭ᠎ᠠ ᠤᠯᠠᠯᠵᠠᠨ ᠳᠡᠯᠭᠡᠷᠡᠵᠦ ᠂ ᠬᠤᠯᠪᠤᠨ ᠪᠤᠳᠤᠯᠲᠠ ᠰᠤᠯᠤᠩᠭᠠᠷᠠᠨ ᠴᠡᠴᠡᠭᠯᠡᠭᠰᠡᠨ ᠪᠠᠶᠢᠪᠠᠯ ᠰᠠᠶ᠋ᠢ ᠤᠩᠰᠢᠭᠴᠢᠳ ᠤᠨ ᠤᠷᠮᠠᠰ ᠰᠡᠳᠬᠢᠯᠭᠡ ᠶᠢ ᠭᠡᠳᠡᠭᠡᠯᠡᠵᠦ ᠳᠡᠶᠢᠯᠦᠨ᠎ᠡ ᠃ ᠠᠷᠲᠠᠢ ᠪᠠᠭᠰᠢ ᠶᠢᠨ ︽ ᠰᠦ᠋ ︾ᠰᠢᠯᠦᠭ ᠲᠦ ᠄ ︽ᠰᠦᠪᠡ ᠨᠢ ᠪᠢᠲᠡᠭᠦᠷᠡᠵᠦ ᠴᠢᠯᠠᠭᠤᠵᠢᠭᠰᠠᠨ /ᠪᠤᠳᠤᠯ ᠢᠶᠠᠨ ᠴᠢᠳᠠᠯ ᠢᠶᠠᠨ /ᠨᠤᠶᠢᠲᠠᠨ ᠴᠠᠭᠠᠨ ᠰᠡᠯᠡᠮ᠎ᠡ ᠪᠡᠷ /ᠱᠤᠯᠤᠭᠤᠯᠬᠤ ᠶᠤᠮ ᠰᠠᠨ ︾ ᠭᠡᠵᠦ ᠪᠤᠢ ᠃ ᠡᠨᠳᠡ ᠭᠬᠢᠷ ᠦᠭᠡᠢ ᠠᠷᠢᠭᠤᠨ ᠴᠠᠭᠠᠨ ᠰᠦ᠋ ᠪᠡᠷ ᠭᠬᠢᠷᠲᠦᠵᠦ ᠪᠢᠲᠡᠭᠦᠷᠡᠭᠰᠡᠨ ᠦᠵᠡᠯ ᠪᠤᠳᠤᠯ ᠢᠶᠠᠨ ᠠᠷᠢᠭᠤᠰᠬᠠᠨ ᠭᠡᠭᠡᠷᠡᠭᠦᠯᠬᠦ ᠶᠢ ︽ᠨᠤᠶᠢᠲᠠᠨ ᠴᠠᠭᠠᠨ ᠰᠡᠯᠡᠮ᠎ᠡ ᠪᠡᠷ ᠱᠤᠯᠤᠭᠤᠯᠬᠤ ︾ᠭᠡᠵᠦ ᠤᠷᠠᠨ ᠬᠠᠪᠤᠯᠢᠭ ᠰᠡᠳᠬᠢᠮᠵᠢᠯᠡᠨ ᠢᠯᠡᠳᠭᠡᠪᠡ ᠃ ᠪᠠᠰᠠ ︽ ᠠᠭᠠᠷᠤ ᠳᠤ ᠲᠤᠨᠤᠭᠰᠠᠨ ᠰᠠᠷ᠎ᠠ / ᠠᠮᠠᠨ ᠳᠤ ᠬᠠᠶᠢᠯᠤᠭᠰᠠᠨ ᠨᠠᠷᠠ ︾ ᠭᠡᠵᠦ ᠠᠭᠠᠷᠤ ᠳᠤ ᠬᠦᠭᠡᠰᠦᠷᠡᠭᠰᠡᠨ ᠰᠦ᠋ ᠶᠢ ᠠᠭᠠᠷ ᠲᠤ ᠰᠠᠴᠤᠷᠠᠭᠰᠠᠨ ᠮᠦᠩᠭᠦᠨ ᠰᠠᠷ᠎ᠠ ᠪᠠᠷ ᠵᠦᠢᠷᠯᠡᠵᠦ ᠂ ᠠᠮᠠᠨ ᠳᠤ ᠬᠠᠶᠢᠯᠤᠭᠰᠠᠨ ᠂ ᠲᠤᠰᠤ ᠬᠦᠪᠦᠭᠰᠡᠨ ᠰᠦ᠋ ᠶᠢ ᠰᠢᠵᠢᠷ ᠦᠩᠭᠡᠲᠡᠢ ᠰᠢᠷᠭᠠᠯ ᠨᠠᠷᠠ ᠪᠠᠷ ᠦᠯᠢᠳᠭᠡᠵᠦ ᠪᠠᠶᠢᠭ᠎ᠠ ᠨᠢ ᠶᠠᠭᠠᠬᠢᠭᠰᠠᠨ ᠶᠡᠬᠡ ᠤᠨᠤᠵᠤ ᠴᠢᠳᠠᠭᠰᠠᠨ ᠤᠷᠠᠨ ᠰᠡᠳᠬᠢᠮᠵᠢ ᠪᠤᠢ ᠃ ᠠᠷᠲᠠᠢ ᠪᠠᠭᠰᠢ ᠶᠢᠨ ︽ᠦᠬᠡᠷᠴᠢᠨ ︾ᠰᠢᠯᠦᠭ ᠲᠦ ᠄
︽ ᠠᠪᠤ ᠮᠢᠨᠢ ᠲᠠ
ᠵᠠᠯᠠᠭᠤ ᠳᠤ ᠪᠠᠨ ᠶᠠᠮᠠᠷ ᠪᠠᠶᠢᠯ᠎ᠠ
ᠠᠷᠤ ᠶᠢᠨ ᠠᠭᠤᠯᠠ ᠪᠠᠨ ᠤᠨᠤᠭᠠᠳ
ᠳᠠᠪᠬᠢᠳᠠᠭ ᠪᠠᠶᠢᠯ᠎ᠠ ᠃
ᠠᠯᠤᠰ ᠤᠨ ᠡᠭᠦᠯᠡ ᠶᠢ ᠰᠢᠪᠲᠤᠷᠤᠭᠠᠳ
ᠳᠦᠷᠦᠭᠡᠨ ᠳᠦ ᠪᠡᠨ ᠵᠠᠩᠭᠢᠳᠳᠠᠭ ᠪᠠᠶᠢᠯ᠎ᠠ
ᠠᠯᠲᠠᠨ ᠨᠠᠷᠠ ᠶᠢ ᠵᠦᠯᠭᠦᠭᠡᠳ
ᠠᠭᠲᠠ ᠶᠢᠨ ᠢᠶᠡᠨ ᠳᠡᠯ ᠳᠡᠭᠡᠷ᠎ᠡ
ᠲᠡᠪᠡᠷᠢᠳᠡᠭ ᠪᠠᠶᠢᠯ᠎ᠠ
ᠠᠶᠠᠰ ᠤᠨ ᠰᠠᠯᠬᠢᠨ
ᠠᠲᠠᠭᠠᠷᠬᠠᠭᠠᠳ ᠭᠦᠢᠴᠡᠬᠦ ᠦᠭᠡᠢ
ᠠᠷᠤ ᠳᠤ ᠴᠢᠨᠢ ᠭᠤᠲᠤᠷᠠᠭᠠᠳ
ᠰᠢᠷᠤᠢ ᠡᠮᠬᠦᠳᠡᠭ ᠪᠠᠶᠢᠯ᠎ᠠ ᠃ ︾ ᠭᠡᠵᠦ ᠦᠬᠡᠷᠴᠢᠨ ᠠᠪᠤ ᠶᠢᠨ ᠢᠶᠡᠨ ᠰᠠᠯᠬᠢ ᠰᠢᠭ᠋ ᠳᠤᠪᠲᠤᠯᠵᠤ ᠂ ᠰᠤᠮᠤ ᠰᠢᠭ᠋ ᠢᠰᠭᠡᠷᠴᠦ ᠶᠠᠪᠤᠭᠰᠠᠨ ᠵᠠᠯᠠᠭᠤ ᠨᠠᠰᠤ ᠶᠢ ᠤᠷᠠᠯᠢᠭ ᠭᠤᠶᠤ ᠬᠠᠷᠠᠭᠤᠯᠵᠤ ᠪᠤᠢ ᠂ ᠡᠨᠡ ᠰᠠᠶ᠋ᠢ ᠰᠢᠯᠦᠭ ᠂ ᠡᠨᠡ ᠰᠠᠶ᠋ᠢ ᠰᠢᠯᠦᠭ ᠦᠨ ᠤᠷ᠎ᠠ ᠂ ᠠᠷᠲᠠᠢ ᠪᠠᠭᠰᠢ ᠶᠢᠨ ᠲᠠᠷᠲᠠᠢ ᠪᠢᠯᠢᠭ ᠡᠴᠡ ᠤᠨᠳᠤᠷᠤᠭᠰᠠᠨ ᠰᠢᠯᠦᠭ ᠦᠨ ᠰᠠᠶᠢᠬᠠᠨ ᠳ᠋ᠠ ᠃
ᠠᠷᠠᠳ ᠤᠨ ᠠᠮᠠᠨ ᠦᠯᠢᠭᠡᠷ ︽ ᠵᠡᠮᠳᠡᠭ ᠬᠠᠭᠠᠨ ᠢ ᠵᠢᠷᠤᠭᠰᠠᠨ ᠨᠢ ︾ ᠭᠡᠳᠡᠭ ᠦᠯᠢᠭᠡᠷ ᠲᠦ ᠂ ᠵᠡᠭᠦᠨ ᠨᠢᠳᠦ ᠨᠢ ᠰᠤᠬᠤᠷ ᠂ ᠪᠠᠷᠠᠭᠤᠨ ᠭᠠᠷ ᠨᠢ ᠲᠠᠬᠢᠷ ᠂ ᠵᠡᠭᠦᠨ ᠬᠦᠯ ᠨᠢ ᠳᠤᠭᠤᠯᠠᠩ ᠬᠠᠷᠬᠢᠰ ᠬᠠᠭᠠᠨ ᠂ ᠦᠪᠡᠷ ᠦᠨ ᠪᠡᠶ᠎ᠡ ᠪᠡᠨ ᠵᠢᠷᠤᠭᠤᠯᠵᠤ ᠂ ᠦᠷ᠎ᠡ ᠬᠡᠦᠬᠡᠳ ᠲᠦ ᠪᠡᠨ ᠦᠯᠡᠳᠡᠭᠡᠬᠦ ᠭᠡᠵᠦ ᠠᠯᠳᠠᠷᠲᠤ ᠵᠢᠷᠤᠭᠠᠴᠢ ᠨᠠᠷ ᠢ ᠳᠠᠭᠤᠳᠠᠪᠠ ᠃ ᠵᠢᠷᠤᠭᠴᠢᠳ ᠬᠤᠪᠢ ᠬᠤᠪᠢᠨ ᠤ ᠡᠷᠳᠡᠮ ᠢᠶᠡᠨ ᠦᠵᠡᠭᠦᠯᠬᠦ ᠭᠡᠵᠦ ᠬᠡᠷᠴᠡᠭᠡᠢ ᠬᠠᠭᠠᠨ ᠢ ᠲᠡᠷᠡ ᠮᠠᠶ᠋ᠢᠭ ᠢᠶᠠᠷ ᠨᠢ ᠠᠮᠢᠳᠤ ᠪᠤᠲᠠᠲᠠᠢ ᠵᠢᠷᠤᠵᠤ ᠭᠠᠷᠭᠠᠭᠠᠳ ᠪᠦᠷ ᠴᠠᠪᠴᠢᠭᠳᠠᠪᠠ ᠃ ᠡᠨᠡ ᠬᠡᠴᠡᠭᠦᠦ ᠠᠯᠪᠠ ᠨᠢᠭᠡᠨ ᠡᠪᠦᠭᠡᠨ ᠵᠢᠷᠤᠭᠠᠴᠢ ᠳᠤ ᠳᠤᠬᠢᠶᠠᠪᠠ ᠂ ᠡᠪᠦᠭᠡᠨ ᠨᠠᠷᠢᠨ ᠪᠤᠳᠤᠯᠬᠢᠯᠠᠵᠤ ᠂ ᠤᠷᠠᠨ ᠰᠡᠳᠬᠢᠮᠵᠢᠯᠡᠵᠦ ᠂ ᠵᠡᠮᠳᠡᠭ ᠬᠠᠭᠠᠨ ᠢ ᠪᠤᠷᠤᠭᠤᠲᠠᠢ ᠬᠦᠯ ᠢᠶᠡᠷ ᠦᠬᠡᠷ ᠴᠢᠯᠠᠭᠤ ᠶᠢ ᠭᠢᠰᠬᠢᠯᠡᠵᠦ ᠪᠠᠶᠢᠬᠤ ᠪᠠᠷ ᠂ ᠰᠤᠯᠤᠭᠠᠢ ᠭᠠᠷ ᠲᠤ ᠪᠠᠨ ᠬᠦᠴᠦᠲᠦ ᠨᠤᠮ ᠠᠳᠬᠤᠵᠤ ᠵᠦᠪ ᠭᠠᠷ ᠢᠶᠠᠷ ᠡᠷᠳᠡᠨᠢ ᠶᠢᠨ ᠴᠠᠭᠠᠨ ᠰᠤᠮᠤ ᠡᠰᠢᠯᠡᠨ ᠲᠠᠲᠠᠵᠤ ᠪᠠᠶᠢᠬᠤ ᠪᠠᠷ ᠂ ᠳᠠᠷᠤᠢ ᠵᠡᠭᠦᠨ ᠨᠢᠳᠦ ᠪᠡᠨ ᠠᠨᠢᠨ ᠪᠠᠷᠠᠭᠤᠨ ᠨᠢᠳᠦ ᠪᠡᠷ ᠤᠨᠢᠯᠠᠨ ᠰᠢᠷ᠎ᠠ ᠡᠷᠢᠶᠡᠨ ᠪᠠᠷᠰ ᠢ ᠬᠠᠷᠪᠤᠵᠤ ᠪᠠᠶᠢᠬᠤ ᠪᠠᠷ ᠵᠢᠷᠤᠵᠤ ᠭᠠᠷᠭᠠᠭᠰᠠᠨ ᠳᠤ ᠳᠡᠭᠡᠷᠡᠩᠭᠦᠢ ᠬᠠᠭᠠᠨ ᠳᠡᠯᠪᠡ ᠪᠠᠶᠠᠷᠯᠠᠵᠤ ᠡᠪᠦᠭᠡᠨ ᠵᠢᠷᠤᠭᠠᠴᠢ ᠶᠢ ᠬᠤᠪᠢᠯᠭᠠᠨ ᠵᠢᠷᠤᠭᠠᠴᠢ ᠭᠡᠵᠦ ᠮᠠᠭᠲᠠᠨ ᠬᠦᠨᠳᠦ ᠱᠠᠩᠨᠠᠭᠰᠠᠨ ᠭᠡᠨ᠎ᠡ ᠃
ᠡᠨᠡ ᠶᠠᠭᠤ ᠶᠢ ᠬᠠᠷᠠᠭᠤᠯᠵᠤ ᠪᠠᠶᠢᠬᠤ ᠪᠤᠢ ᠂ ᠰᠡᠳᠬᠢᠬᠦᠢ ᠂ ᠬᠦᠮᠦᠨ ᠬᠦᠮᠦᠨ ᠦ ᠵᠦᠷᠢᠶᠡᠨ ᠰᠡᠳᠬᠢᠬᠦᠢ ᠳᠦ ᠪᠤᠢ ᠂ ᠵᠤᠬᠢᠶᠠᠯ ᠤᠨ ᠰᠠᠶᠢᠨ ᠪᠤᠶᠤ ᠰᠠᠭᠠᠷ ᠴᠤ ᠲᠡᠶᠢᠮᠦ ᠂ ᠤᠷᠠᠨ ᠰᠡᠳᠬᠢᠬᠦ ᠂ ᠳᠦᠷᠰᠦᠯᠢᠭ ᠰᠡᠳᠬᠢᠮᠵᠢᠯᠡᠬᠦ ᠡᠰᠡᠬᠦ ᠲᠠᠢ ᠬᠤᠯᠪᠤᠭᠳᠠᠨ᠎ᠠ ᠃ ᠬᠠᠷᠬᠢᠰ ᠬᠠᠭᠠᠨ ᠢ ᠲᠡᠷᠡ ᠮᠠᠶ᠋ᠢᠭ ᠢᠶᠠᠷ ᠨᠢ ᠬᠠᠭᠤᠯᠵᠤ ᠵᠢᠷᠤᠭᠰᠠᠨ ᠨᠢ ᠠᠯᠠᠭᠳᠠᠵᠤ ᠂ ᠤᠷᠠᠯᠠᠵᠤ ᠢᠯᠡᠳᠭᠡᠭᠰᠡᠨ ᠨᠢ ᠱᠠᠩᠨᠠᠭᠳᠠᠵᠤ ᠪᠤᠢ ᠃
ᠪᠠᠪᠤᠤ ᠶᠢᠨ ᡀᠬᠠᠪᠠᠰᠦ᠋ᠷᠦᠩ ᠂ ᠨᠠᠷᠠ ᠶᠢ ᠰᠢᠯᠦᠭᠯᠡᠬᠦ ᠳᠦ ᠪᠡᠨ ᠄
︽ ᠦᠭᠬᠢᠶᠡᠵᠢᠲᠦ ᠶᠡᠬᠡ ᠭᠡᠷᠡᠯ ᠢᠶᠡᠷ ᠢᠶᠡᠨ ᠳᠡᠯᠡᠬᠡᠢ ᠶᠢ ᠢᠯᠢᠭᠰᠡᠨ ᠬᠠᠯᠠᠭᠤᠨ ᠠᠯᠠᠭ᠎ᠠ
ᠦᠭᠡᠳᠡ ᠡᠴᠡ ᠪᠡᠨ ᠬᠠᠷᠠᠭᠰᠠᠨ ᠪᠦᠬᠦᠨ ᠢ ᠳᠠᠯᠳᠠᠷᠢᠭᠠᠭᠰᠠᠨ ᠬᠤᠷᠴᠠ ᠤᠯᠠᠭᠠᠨ ᠨᠢᠳᠦᠨ
ᠶᠢᠰᠦᠨ ᠳᠡᠭᠳᠡᠭᠡᠬᠡᠢ ᠳᠠᠭᠠᠭᠤᠯᠤᠭᠰᠠᠨ ᠲᠡᠭᠷᠢ ᠶᠢᠨ ᠠᠯᠲᠠᠨ ᠠᠩᠭᠢᠷ ︾ ᠭᠡᠰᠡᠨ ᠪᠠᠶᠢᠨ᠎ᠠ ᠃ ᠡᠵᠢ ᠠᠪᠤ ᠶᠢ ᠪᠡᠨ ᠄ ︽ ᠰᠦ᠋ ᠳᠡᠪᠢᠰᠴᠦ ᠲᠤᠰᠤᠭᠰᠠᠨ ᠬᠤᠶᠠᠷ ᠬᠠᠯᠠᠭᠤᠨ ᠠᠭᠤᠯᠠ ︾ ᠭᠡᠵᠦ ᠳᠦᠷᠰᠦᠯᠢᠭ ᠪᠢᠴᠢᠭᠯᠡᠵᠦ ᠪᠤᠢ ᠃ ᠢᠩᠭᠢᠵᠦ ᠭᠤᠸ᠎ᠠ ᠲᠠᠭᠠᠰᠢᠶᠠᠯ ᠬᠦᠷᠲᠡᠭᠡᠵᠦ ᠪᠠᠶᠢᠬᠤ ᠶᠢᠨ ᠤᠴᠢᠷ ᠨᠢ ᠤᠷᠠᠨ ᠰᠡᠳᠬᠢᠮᠵᠢ ᠳᠦ ᠪᠡᠨ ᠪᠤᠢ ᠃
ᠵᠤᠬᠢᠶᠠᠯᠴᠢ ᠤᠰᠤᠨᠪᠤᠳᠤᠭ ᠤᠨ ︽ ᠴᠡᠭᠡᠷ ᠶᠤᠰᠤᠨ ︾ ᠭᠡᠬᠦ ᠰᠢᠯᠦᠭ ᠲᠦ ᠄ ︽ᠵᠠᠭᠤᠨ ᠬᠤᠨᠢ ᠬᠠᠷᠢᠭᠤᠯᠳᠠᠭ ᠠᠭᠰᠠᠨ ᠠᠴᠠ ᠪᠠᠨ /ᠮᠢᠩᠭᠠᠨ ᠭᠤᠨᠢᠭ ᠬᠠᠷᠢᠭᠤᠯᠳᠠᠭ ᠪᠤᠯᠵᠤ ︾ ᠭᠡᠵᠦ ᠬᠤᠨᠢᠴᠢᠨ ᠠᠪᠤ ᠶᠢᠨ ᠢᠶᠡᠨ ᠵᠠᠭᠤᠨ ᠬᠤᠨᠢ ᠪᠠᠨ ᠬᠠᠷᠢᠭᠤᠯᠵᠤ ᠪᠠᠶᠢᠭᠰᠠᠨ ᠠᠴᠠ ᠪᠠᠨ ᠵᠠᠭᠤᠨ ᠬᠤᠨᠢ ᠪᠠᠨ ᠬᠤᠷᠢᠭᠤᠯᠵᠤ ᠂ ᠬᠠᠰᠢᠶᠠᠯᠠᠭᠤᠯᠵᠤ ᠂ ᠵᠤᠪᠠᠵᠤ ᠶᠠᠪᠤᠬᠤ ᠶᠢ ︽ ᠮᠢᠩᠭᠠᠨ ᠭᠤᠨᠢᠭ ᠬᠠᠷᠢᠭᠤᠯᠳᠠᠭ ᠪᠤᠯᠵᠤ ︾ ᠬᠡᠮᠡᠨ ᠤᠷᠠᠨ ᠨᠠᠷᠢᠨ ᠰᠡᠳᠬᠢᠭᠰᠡᠨ ᠢ ᠬᠠᠷᠠᠬᠤ ᠦᠭᠡᠢ ᠦᠦ ᠃
ᠮᠤᠩᠭᠤᠯ ᠤᠯᠤᠰ ᠤᠨ ᠴ᠂ ᠰᠤᠳᠨᠠᠮᠳᠤᠷᠵᠢ ᠶᠢᠨ ᠵᠤᠬᠢᠶᠠᠭᠰᠠᠨ ︽ ᠨᠤᠲᠤᠭ ᠤᠨ ᠰᠠᠶᠢᠬᠠᠨ ᠪᠡᠷᠢ ︾ ᠭᠡᠬᠦ ᠳᠠᠭᠤᠤ ᠶᠢᠨ ᠰᠢᠯᠦᠭ ᠲᠦ ᠄ ︽ ᠵᠢᠰᠦᠨ ᠦ ᠬᠢᠨᠢ ᠰᠠᠶᠢᠬᠠᠨ ᠳᠤ ᠵᠡᠭᠦᠦ ᠰᠦᠪᠡᠯᠡᠮᠡᠷ ᠡ /ᠵᠦᠢᠷ ᠦᠭᠡᠢ ᠤᠷᠠᠨ ᠳᠤ ᠨᠢ ᠨᠢᠳᠦ ᠤᠨᠠᠮᠠᠷ ᠡ ︾ ᠭᠡᠰᠡᠨ ᠪᠠᠶᠢᠨ᠎ᠠ ᠂ ᠲᠡᠷᠡ ᠪᠡᠷᠢ ᠶᠢ ᠡᠶᠢᠮᠦ ᠰᠠᠶᠢᠬᠠᠨ ᠂ ᠲᠡᠶᠢᠮᠦ ᠭᠤᠶᠤ ᠭᠡᠵᠦ ᠡᠷᠭᠦᠯ ᠦᠭᠡᠢ ︽ ᠵᠡᠭᠦᠦ ᠰᠦᠪᠡᠯᠡᠮᠡᠷ ᠡ ︾ ᠭᠡᠵᠦ ᠭᠡᠭᠡ ᠴᠠᠭᠠᠬᠠᠨ ᠂ ᠭᠡᠷᠡᠯ ᠲᠠᠲᠠᠭᠰᠠᠨ ᠢ ᠨᠢ ᠦᠵᠡᠭᠦᠯᠵᠦ ᠳᠡᠶᠢᠯᠪᠡ ᠂ ︽ ᠨᠢᠳᠦ ᠤᠨᠠᠮᠠᠷ ᠡ ︾ ᠭᠡᠵᠦ ᠵᠦᠢᠷᠯᠡᠰᠢ ᠦᠭᠡᠢ ᠤᠷᠠᠨ ᠢ ᠨᠢ ᠲᠤᠳᠤᠷᠠᠭᠤᠯᠵᠤ ᠴᠢᠳᠠᠪᠠ ᠃
ᠬᠤᠯᠠᠨᠳ᠋ ᠤᠯᠤᠰ ᠤᠨ ᠶᠡᠬᠡ ᠵᠢᠷᠤᠭᠠᠴᠢ ᠂ ᠮᠡᠳᠡᠷᠡᠯ ᠦᠨ ᠡᠪᠡᠳᠴᠢᠨ ᠲᠠᠢ ᠹᠠᠨ ᠭᠤᠤ ᠶᠢᠨ ᠤᠷᠠᠨ ᠵᠢᠷᠤᠭ ᠶᠡᠬᠡᠲᠡ ᠠᠯᠳᠠᠷᠰᠢᠪᠠ ᠃ ᠲᠡᠭᠦᠨ ᠦ ᠬᠠᠷᠠᠭᠠᠨ ᠳᠤ ᠶᠠᠭᠤ ᠪᠦᠬᠦᠨ ᠭᠡᠷᠡᠯ ᠰᠠᠴᠤᠷᠠᠵᠤ ᠪᠠᠶᠢᠬᠤ ᠪᠠᠷ ᠬᠠᠷᠠᠭᠳᠠᠨ᠎ᠠ ᠂ ᠶᠠᠭᠤ ᠪᠦᠬᠦᠨ ᠳᠦᠷᠡᠯᠵᠡᠵᠦ ᠪᠠᠶᠢᠮᠠᠷ ᠂ ᠦᠩᠭᠡ ᠪᠤᠳᠤᠭ ᠲᠠᠢ ᠬᠠᠷᠠᠭᠳᠠᠳᠠᠭ ᠠᠴᠠ ᠲᠡᠭᠦᠨ ᠦ ᠤᠭᠲᠠᠷᠭᠤᠢ ᠶᠢ ᠵᠢᠷᠤᠭᠰᠠᠨ ᠡᠯᠳᠡᠪ ᠦᠩᠭᠡᠲᠦ ᠵᠢᠷᠤᠭ ᠨᠢ ᠠᠯᠳᠠᠷᠰᠢᠭᠰᠠᠨ ᠭᠡᠨ᠎ᠡ ᠂ ᠡᠨᠡ ᠨᠢ ᠲᠡᠭᠦᠨ ᠦ ᠪᠤᠰᠤᠳ ᠠᠴᠠ ᠤᠨᠴᠠᠭᠠᠢ ᠰᠡᠷᠡᠯ ᠲᠠᠢ ᠂ ᠬᠤᠷᠴᠠ ᠮᠡᠳᠡᠷᠡᠮᠵᠢ ᠡᠴᠡ ᠪᠤᠯᠤᠭᠰᠠᠨ ᠶᠤᠮ ᠃ ᠵᠢᠷᠤᠭ ᠴᠤ ᠭᠡᠰᠡᠨ ᠂ ᠵᠤᠬᠢᠶᠠᠯ ᠴᠤ ᠭᠡᠰᠡᠨ ᠠᠮᠢᠳᠤᠷᠠᠯ ᠂ ᠦᠵᠡᠭᠳᠡᠯ ᠢ ᠲᠡᠷᠡ ᠮᠠᠶ᠋ᠢᠭ ᠢᠶᠠᠷ ᠨᠢ ᠴᠤᠯᠭᠤᠢ ᠬᠡᠪᠰᠢᠮᠡᠯ ᠬᠠᠭᠤᠯᠵᠤ ᠰᠡᠭᠦᠳᠡᠷᠯᠡᠬᠦ ᠪᠢᠰᠢ ᠂ ᠰᠡᠷᠡᠯ ᠢᠶᠡᠨ ᠴᠢᠯᠦᠭᠡᠯᠡᠵᠦ ᠂ ᠂ ᠰᠡᠷᠡᠯᠵᠢᠭᠦᠯᠵᠦ ᠪᠢᠴᠢᠨ᠎ᠡ ᠂ ᠳᠠᠷᠤᠢ ᠬᠤᠷᠴᠠ ᠰᠡᠷᠡᠯ ᠂ ᠲᠤᠷᠭᠠᠨ ᠮᠡᠳᠡᠷᠡᠮᠵᠢ ᠲᠠᠢ ᠵᠢᠷᠤᠭᠯᠠᠨ᠎ᠠ ᠂ ᠲᠡᠭᠡᠪᠡᠯ ᠰᠠᠶ᠋ᠢ ᠤᠷᠠᠨ ᠳᠦᠷᠰᠦᠯᠢᠭ ᠂ ᠵᠢᠩᠬᠢᠨᠢ ᠤᠷᠠᠯᠢᠭ ᠪᠤᠯᠵᠤ ᠠᠮᠲᠠᠷᠬᠠᠭᠳᠠᠨᠠ ᠃
ᠪᠢᠳᠡ ᠵᠠᠷᠤᠳ ᠪᠠᠷ ᠵᠢᠷᠤᠭᠴᠢᠨ ᠬᠠᠨ ᠳᠠᠶᠢᠴᠢᠨ ᠤ ᠵᠢᠷᠤᠭ ᠢ ᠰᠤᠨᠢᠷᠬᠠᠪᠠᠯ ᠮᠡᠳᠡᠵᠦ ᠪᠤᠯᠤᠨ᠎ᠠ ᠃ ᠲᠡᠭᠦᠨ ᠦ ᠵᠠᠷᠤᠳ ᠠᠯᠳᠠᠷᠲᠤ ᠬᠤᠭᠤᠷᠴᠢ ᠨᠠᠷ ᠢ ᠵᠢᠷᠤᠭᠰᠠᠨ ᠵᠢᠷᠤᠭ ᠲᠤ ᠂ ᠲᠡᠷᠡ ᠬᠤᠭᠤᠷᠴᠢ ᠶᠢᠨ ᠭᠤᠤᠯ ᠤᠨᠴᠠᠯᠢᠭ ᠂ ᠦᠪᠡᠷᠮᠢᠴᠡ ᠰᠢᠨᠵᠢ ᠶᠢ ᠲᠤᠪᠤᠶᠢᠯᠭᠠᠵᠤ ᠂ ᠦᠯᠡᠳᠡᠭᠡ ᠶᠢ ᠨᠢ ᠬᠤᠪᠢᠷᠠᠭᠠᠵᠤ ᠵᠢᠷᠤᠳᠠᠭ ᠂ ᠮᠡᠳᠡᠷᠡᠮᠵᠢ ᠪᠡᠷ ᠢᠶᠡᠨ ᠵᠢᠷᠤᠳᠠᠭ ᠂ ᠭᠡᠯᠡ ᠴᠤ ᠠᠯᠢ ᠬᠤᠭᠤᠷᠴᠢ ᠭᠡᠳᠡᠭ ᠢ ᠦᠵᠡᠮᠡᠭᠴᠡ ᠢᠯᠭᠠᠨ ᠲᠠᠨᠢᠵᠤ ᠳᠡᠶᠢᠯᠦᠨ᠎ᠡ ᠃ ᠡᠨᠡ ᠳᠠᠷᠤᠢ ᠰᠡᠷᠡᠯ ᠂ ᠤᠨᠴᠠᠭᠠᠢ ᠰᠡᠳᠬᠢᠮᠵᠢ ᠶᠢᠨ ᠢᠯᠭᠠᠭ᠎ᠠ ᠶᠤᠮ ᠃ ᠲᠡᠭᠦᠨ ᠦ ︽ ᠲᠦᠮᠡᠨ ᠠᠭᠲᠠ ᠶᠢᠨ ᠲᠦᠪᠡᠷᠭᠡᠨ ︾ ᠭᠡᠬᠦ ᠵᠢᠷᠤᠭ ᠢ ᠰᠤᠨᠢᠷᠬᠠᠬᠤ ᠳᠤ ᠂ ᠬᠦᠮᠦᠨ ᠰᠢᠭ ᠪᠤᠰᠤᠭ᠎ᠠ ᠂ ᠬᠦᠪᠴᠢ ᠠᠳᠬᠤᠭᠰᠠᠨ ᠭᠠᠷ ᠲᠠᠢ ᠰᠡᠶᠢᠯᠦᠭᠰᠡᠨ ᠴᠤ ᠂ ᠬᠦᠯᠦᠭ ᠮᠤᠷᠢᠨ ᠤ ᠬᠦᠵᠦᠭᠦᠦ ᠲᠤᠯᠤᠭᠠᠢ ᠲᠠᠢ ᠪᠤᠯᠵᠤ ᠂ ᠳᠠᠬᠢᠨ ᠨᠠᠷᠢᠨ ᠠᠵᠢᠭᠯᠠᠪᠠᠯ ᠮᠤᠷᠢᠨ ᠬᠤᠭᠤᠷ ᠪᠤᠯᠵᠤ ᠭᠠᠶᠢᠬᠠᠭᠳᠠᠨᠠ ᠂ ᠡᠭᠦᠨ ᠢ ᠰᠡᠷᠡᠯᠵᠢᠭᠦᠯᠵᠦ ᠵᠢᠷᠤᠵᠤ ᠪᠠᠶᠢᠨ᠎ᠠ ᠭᠡᠵᠦ ᠤᠬᠠᠵᠤ ᠂ ᠲᠠᠭᠠᠰᠢᠶᠠᠵᠤ ᠪᠤᠯᠤᠨ᠎ᠠ ᠂ ᠡᠨᠡ ᠰᠠᠶ᠋ᠢ ᠤᠷᠠᠯᠢᠭ ᠂ ᠰᠡᠷᠡᠯ ᠮᠡᠳᠡᠷᠡᠮᠵᠢ ᠡᠴᠡ ᠤᠷᠭᠤᠭᠰᠠᠨ ᠂ ᠪᠢᠯᠢᠭ ᠤᠷᠤᠰᠢᠵᠤ ᠤᠩᠭᠤᠳ ᠪᠠᠭᠤᠭᠰᠠᠨ ᠠᠮᠢᠳᠤ ᠤᠷᠠᠯᠢᠭ ᠪᠠᠶᠢᠨᠠᠮ ᠡ ᠃
ᠲᠡᠶᠢᠮᠦ ᠪᠡᠷ ᠢᠶᠡᠨ ᠰᠢᠯᠦᠭ ᠮᠦᠰᠬᠢᠵᠦ ᠂ ᠵᠤᠬᠢᠶᠠᠯ ᠨᠠᠶᠢᠷᠠᠬᠤ ᠳᠤ ᠪᠠᠨ ᠤᠷᠠᠨ ᠢᠶᠠᠷ ᠰᠡᠳᠬᠢᠵᠦ ᠂ ᠳᠦᠷᠰᠦᠯᠢᠭ ᠢᠶᠡᠷ ᠢᠯᠡᠳᠭᠡᠵᠦ ᠂ ᠰᠡᠷᠡᠯᠵᠢᠭᠦᠯᠵᠦ ᠪᠢᠴᠢᠭᠯᠡᠪᠡᠯ ᠰᠠᠶ᠋ᠢ ᠤᠷᠠᠯᠢᠭ ᠤᠨ ᠲᠠᠲᠠᠬᠤ ᠬᠦᠴᠦᠨ ᠲᠠᠢ ᠪᠦᠲᠦᠭᠡᠯ ᠪᠤᠯᠵᠤ ᠳᠡᠶᠢᠯᠳᠡᠭ ᠃