-
77988
ᠵᠢᠷᠤᠮᠠᠯ ᠪᠠᠭᠤᠤ ᠴᠠᠭ
2016-03-08 09:00
290
0
ᠵᠢᠷᠤᠮᠠᠯ ᠪᠠᠭᠤᠤ ᠴᠠᠭ
ᠪᠠᠭ᠎ᠠ ᠳᠤ ᠪᠠᠨ ᠪᠢᠳᠡ ᠪᠠᠭᠤᠤ ᠴᠠᠭ ᠢ ᠪᠠᠬᠠᠷᠬᠠᠳᠠᠭ
ᠪᠠᠬᠠᠷᠴᠤ ᠤᠳᠠᠯ᠎ᠠ ᠴᠤ ᠤᠯᠵᠤ ᠵᠡᠭᠦᠬᠦ ᠦᠭᠡᠢ ᠵᠤᠪᠠᠨᠢᠳᠠᠭ
ᠵᠤᠪᠠᠨᠢᠬᠤ ᠶᠢᠨ ᠡᠷᠬᠡᠨ ᠳᠦ ᠤᠰᠤᠨ ᠪᠤᠳᠤᠭ ᠢᠶᠠᠷ ᠵᠢᠷᠤᠳᠠᠭ
ᠵᠢᠷᠤᠮᠠᠯ ᠴᠠᠭ ᠢᠶᠠᠨ ᠦᠨᠡᠨ ᠰᠢᠭ ᠢᠶᠡᠨ ᠬᠠᠶᠢᠷᠠᠯᠠᠳᠠᠭ
ᠴᠠᠭ ᠤᠨ ᠮᠢᠨᠢ ᠵᠡᠭᠦᠦ ᠶᠤᠭᠤᠵᠤ ᠶᠡᠷᠦ ᠬᠦᠳᠡᠯᠳᠡᠭ ᠦᠭᠡᠢ ᠴᠤ
ᠴᠢᠩᠨᠠᠨ ᠴᠢᠩᠨᠠᠨ ᠬᠦᠳᠡᠯᠵᠦ ᠪᠠᠶᠢᠬᠤ ᠰᠢᠭ᠋ ᠰᠠᠨᠠᠳᠠᠭ
ᠬᠦᠮᠦᠨ ᠪᠤᠯᠭᠠᠨ ᠳᠤ ᠬᠠᠨᠴᠤᠢ ᠰᠢᠭᠤᠨ ᠦᠵᠡᠭᠦᠯᠦᠭᠡᠳ ᠯᠠ
ᠬᠦᠯ ᠬᠦᠭᠡᠷᠴᠡᠭ ᠬᠦᠭᠰᠡᠵᠦ ᠶᠡᠬᠡ ᠭᠠᠶᠢᠬᠠᠭᠤᠯᠳᠠᠭ
ᠤᠰᠤᠨ ᠳᠤ ᠤᠭᠢᠶᠠᠭᠳᠠᠴᠢᠬᠠᠬᠤ ᠠᠴᠠ ᠬᠢᠴᠢᠶᠡᠭᠡᠳ ᠯᠠ
ᠤᠯᠠᠷᠢᠵᠤ ᠪᠠᠯᠠᠷᠠᠴᠢᠬᠠᠬᠤ ᠠᠴᠠ ᠡᠮᠢᠶᠡᠭᠡᠳ ᠯᠠ
ᠳᠠᠬᠢᠨ ᠳᠠᠬᠢᠨ ᠬᠠᠨᠴᠤᠢ ᠰᠢᠮᠠᠯᠠᠨ ᠦᠵᠡᠭᠡᠳ ᠯᠠ
ᠳᠠᠯᠵᠠᠶᠢᠵᠤ ᠢᠷᠡᠭᠡᠳ ᠠᠬᠢᠨ ᠪᠠᠰᠠ ᠬᠠᠷᠠᠭᠠᠳ ᠯᠠ
ᠠᠷᠪᠠᠨ ᠴᠠᠭ ᠪᠤᠯᠴᠢᠬᠠᠭᠰᠠᠨ ᠰᠢᠦ ᠭᠡᠵᠦ
ᠠᠮᠠᠨ ᠤ ᠠᠶ᠎ᠠ ᠪᠠᠷ ᠬᠡᠨᠡᠭ ᠦᠭᠡᠢ ᠫᠤᠤᠳᠠᠴᠢᠬᠠᠭᠠᠳ ᠯᠠ
ᠦᠶ᠎ᠡ ᠶᠢᠨ ᠨᠦᠬᠦᠳ ᠲᠦ ᠪᠡᠨ ᠮᠠᠵᠤᠤᠯᠠᠭᠠᠳ ᠯᠠ
ᠦᠰᠦᠷᠴᠦ ᠬᠠᠷᠠᠶᠢᠨ ᠳᠡᠪᠬᠡᠷᠳᠡᠭ ᠪᠠᠶᠢᠭᠰᠠᠨ
ᠵᠢᠷᠤᠮᠠᠯ ᠪᠠᠭᠤᠤ ᠴᠠᠭ ᠬᠦᠰᠡᠯ ᠮᠢᠨᠢ ᠪᠠᠶᠢᠭᠰᠠᠨ
ᠵᠤᠷᠢᠯ ᠪᠤᠳᠤᠯ ᠤᠨ ᠮᠢᠨᠢ ᠰᠡᠮᠡᠷᠬᠡᠢ ᠨᠢ ᠪᠠᠶᠢᠭᠰᠠᠨ
ᠭᠤᠸ᠎ᠠ ᠰᠠᠶᠢᠬᠠᠨ ᠤ ᠲᠤᠬᠠᠢ ᠴᠤᠬᠤᠯᠵᠠᠯ ᠨᠢ ᠪᠠᠶᠢᠭᠰᠠᠨ
ᠭᠤᠷᠢᠳᠠᠯ ᠮᠦᠷᠦᠭᠡᠳᠦᠯ ᠦᠨ ᠮᠢᠨᠢ ᠡᠬᠢᠯᠡᠯ ᠨᠢ ᠪᠠᠶᠢᠭᠰᠠᠨ ᠁