ᠲᠡᠷᠭᠡᠲᠦ ᠂ ᠴᠤᠶᠢᠨᠤᠮ

ᠮᠢᠨᠤ ᠨᠤᠲᠤᠭ
ᠦᠪᠦᠭᠡᠷ ᠰᠦᠪᠤᠭᠡᠷ ᠴᠦ ᠮᠠᠭᠤ ᠤᠪᠤᠬᠠᠢ ᠭᠡᠷ ᠢᠶᠡᠨ
ᠦᠷᠭᠦᠭᠡ ᠮᠢᠨᠤ ᠭᠡᠵᠦ ᠬᠦᠨᠳᠦᠳᠭᠡᠨ᠎ᠡ
ᠦᠷᠪᠡᠶᠢᠵᠦ ᠰᠦᠷᠪᠡᠶᠢᠵᠦ ᠂ ᠦᠷᠴᠡᠶᠢᠵᠦ ᠠᠲᠤᠶᠢᠭᠰᠠᠨ ᠴᠦ
ᠦᠲᠦᠯᠦᠭᠡ ᠬᠤᠶᠠᠷ ᠪᠤᠭᠤᠷᠤᠯ ᠢᠶᠠᠨ ᠪᠤᠷᠬᠠᠨ ᠭᠡᠵᠤ ᠰᠠᠨᠠᠨ᠎ᠠ
ᠡᠳᠦᠷ ᠪᠤᠯᠠᠭᠠᠨ ᠮᠠᠨᠠᠨ ᠲᠠᠲᠠᠵᠤ ᠂ ᠰᠢᠷᠤᠢ ᠬᠡᠶᠢᠰᠦᠭᠰᠡᠨ
ᠦᠠᠭᠭᠡ ᠪᠡᠨ ᠠᠯᠳᠠᠭᠰᠠᠨ ᠨᠤᠲᠤᠭ ᠤᠰᠤ ᠪᠠᠨ ᠴᠦ
ᠦᠯᠦᠭᠡᠢ ᠮᠢᠨᠤ ᠭᠡᠵᠤ ᠬᠠᠶᠢᠷᠠᠯᠠᠨ᠎ᠠ ᠃
ᠡᠨᠡ ᠪᠤᠯ ᠮᠢᠨᠤ ᠨᠤᠲᠤᠭ
ᠦᠪᠦᠷ ᠮᠤᠠᠭ᠍ᠭᠤᠯ ᠤᠷᠤᠨ
ᠬᠠᠨ᠎ᠠ ᠶᠢᠨ ᠨᠢᠳᠦ ᠪᠠᠷ ᠤᠷᠤᠵᠤ ᠢᠷᠡᠴᠢᠭᠡᠳ
ᠬᠠᠭᠠᠯᠭ᠎ᠠ ᠪᠠᠷ ᠪᠠᠭᠲᠠᠬᠤ ᠪᠠᠨ ᠪᠤᠯᠢᠭᠰᠠᠨ ᠨᠢ
ᠬᠠᠮᠤᠭ ᠤᠨ ᠡᠵᠡᠨ ᠨᠢ ᠰᠠᠭᠤᠴᠢᠬᠠᠵᠠᠢ ᠃
ᠬᠠᠨᠠᠭᠠᠷ ᠲᠠᠯ᠎ᠠ ᠂ ᠬᠠᠠᠭ᠍ᠭᠠᠢ ᠰᠢᠯᠢ
ᠬᠠᠶᠢᠯᠤᠲᠤ ᠶᠢᠨ ᠭᠤᠤᠯ ᠢᠶᠠᠷ ᠳᠦᠬᠦᠷᠡᠲᠡᠯᠡ ᠪᠡᠯᠴᠡᠳᠡᠭ
ᠬᠠᠯᠠᠭᠤᠨ ᠬᠤᠰᠢᠭᠤᠲᠤ ᠮᠠᠯ ᠰᠦᠷᠦᠭ ᠨᠢ
ᠬᠠᠷᠰᠢ ᠲᠠᠢ ᠶᠠᠭᠤᠮ᠎ᠠ ᠪᠤᠯᠵᠠᠢ ᠃
ᠬᠠᠰᠢᠶ᠎ᠠ ᠬᠤᠷᠤᠭᠠᠨ ᠳ᠋ᠥ ᠬᠤᠷᠢᠭᠳᠠᠨ
ᠬᠠᠮᠤᠷᠠᠵᠤ ᠬᠠᠯᠠᠭᠤᠲᠠᠵᠤ ᠪᠦᠭᠡᠰᠦᠳᠡᠵᠦ
ᠬᠠᠠᠭ᠍ᠬᠢᠵᠤ ᠬᠤᠷᠪᠤᠶᠢᠵᠤ ᠲᠤᠷᠠᠵᠤ
ᠬᠡᠲᠦᠬᠡᠨ ᠪᠤᠯᠵᠤ ᠴᠦᠬᠡᠷᠡᠵᠠᠢ ᠃
ᠬᠠᠮᠤᠤ ᠲᠠᠢ ᠳᠦᠯᠦᠭᠡ
ᠬᠠᠲᠠᠠᠭ᠍ᠭᠢᠷ ᠮᠠᠯ ᠢᠶᠠᠨ ᠪᠠᠷᠠᠭᠰᠠᠨ
ᠬᠠᠯᠠᠭᠤᠨ ᠬᠤᠰᠢᠭᠤᠲᠤ ᠶᠢᠨ ᠡᠵᠡᠨ ᠨᠢ
ᠬᠠᠯᠠᠮᠵᠢ ᠶᠡᠬᠡᠬᠡᠨ ᠬᠦᠷᠲᠡᠵᠤ
ᠬᠠᠷᠢᠨ ᠬᠤᠲᠠ ᠤᠷᠤᠵᠤ ᠵᠡᠭᠡᠯᠢ ᠱᠦᠭᠦᠷᠳᠡᠵᠡᠢ ᠃
ᠡᠨᠡ ᠪᠤᠯ ᠮᠢᠨᠤ ᠨᠤᠲᠤᠭ
ᠦᠪᠦᠷ ᠮᠤᠠᠭ᠍ᠭᠤᠯ ᠤᠷᠤᠨ
ᠠᠭᠤᠷᠬᠠᠢ ᠶᠢᠨ ᠪᠠᠶᠠᠯᠢᠭ ᠢᠶᠠᠨ ᠡᠷᠭᠦᠭᠰᠡᠨ
ᠤᠷᠲᠤᠰ ᠶᠢᠨ ᠰᠡᠮᠡᠷᠡᠭᠰᠡᠨ ᠬᠡᠪᠡᠷᠡᠭ ᠬᠦᠷᠦᠰᠦ
ᠨᠡᠭᠦᠳᠡᠯ ᠮᠠᠯᠵᠢᠯ ᠢᠶᠠᠨ ᠨᠡᠭᠦᠷᠡᠰᠦ ᠪᠠᠷ ᠰᠤᠯᠢᠭᠰᠠᠨ
ᠰᠢᠯᠢ ᠶᠢᠨ ᠭᠤᠤᠯ ᠤᠨ ᠲᠠᠯ᠎ᠠ ᠨᠤᠲᠤᠭ
ᠠᠯᠲᠠᠨ ᠲᠠᠷᠢᠶ᠎ᠠ ᠬᠠᠯᠢᠭᠤᠷᠠᠭᠰᠠᠨ
ᠠᠭᠤᠲᠠᠮ ᠲᠡᠨᠢᠭᠡᠷ ᠬᠤᠷᠴᠢᠨ ᠤ ᠲᠠᠯ᠎ᠠ
ᠠᠲ᠋ᠤᠮ ᠤᠨ ᠨᠢᠷᠭᠢᠯᠲᠡ ᠳ᠋ᠥ ᠪᠤᠵᠢᠭᠢᠨᠡᠭ᠌ᠰᠠᠨ
ᠠᠯᠱᠠ ᠶᠢᠨ ᠲᠤᠭᠤᠰᠤᠷᠠᠭᠰᠠᠨ ᠡᠯᠡᠰᠦ ᠮᠠᠠᠭ᠍ᠬᠠ
ᠠᠢ ᠶᠤᠤ ᠬᠦᠭᠡᠷᠦᠬᠦᠢ ᠬᠦᠯᠦᠨ ᠪᠤᠶᠢᠷ
ᠦᠨᠴᠦᠭ ᠲᠤᠨᠢ ᠦᠯᠳᠡᠭᠰᠡᠨ
ᠦᠭᠡᠬᠦᠨ ᠪᠦᠮᠪᠦᠭᠡ ᠡ
ᠡᠨᠡ ᠪᠤᠯ ᠮᠢᠨᠤ ᠨᠤᠲᠤᠭ
ᠦᠪᠦᠷ ᠮᠤᠠᠭ᠍ᠭᠤᠯ ᠤᠷᠤᠨ
2015.4.22