-
20585
2023-06-12 15:43
61
0
ᠡᠳᠦᠷ ᠢᠶᠡᠷ ᠶᠠᠭᠤᠨ ᠳᠤ ᠳ᠋ᠧᠩ ᠠᠰᠠᠭᠠᠯᠠ
ᠬᠠᠰᠪᠠᠷᠰ
ᠡᠷᠬᠢᠬᠦ ᠬᠤᠷᠸ᠎ᠠ ᠠᠴᠠ ᠪᠠᠨ ᠡᠷᠬᠢᠮ ᠰᠠᠶᠢᠨ ᠢ ᠣᠯᠣᠶ᠎ᠠ ᠭᠡᠵᠦ
ᠡᠳᠦᠷ ᠢᠶᠡᠷ ᠳ᠋ᠧᠩ ᠠᠰᠠᠭᠠᠭᠰᠠᠨ ᠪᠢᠰᠢ
ᠡᠭᠡᠯᠢᠲᠦ ᠨᠠᠷᠠᠨ ᠤ ᠪᠠᠨ ᠭᠡᠷᠡᠯ ᠢ ᠥᠯᠥ ᠲᠣᠭᠣᠮᠰᠠᠷᠯᠠᠨ
ᠡᠳᠦᠷ ᠢᠶᠡᠷ ᠳ᠋ᠧᠩ ᠠᠰᠠᠭᠠᠭᠰᠠᠨ ᠴᠤ ᠪᠢᠰᠢ
ᠡᠷ᠎ᠡ ᠪᠡᠶ᠎ᠡ ᠶᠢᠨ ᠢᠶᠡᠨ ᠭᠠᠯᠪᠢᠷ ᠰᠠᠶᠢᠬᠠᠨ ᠢ ᠭᠠᠶᠢᠬᠠᠭᠤᠯᠤᠶᠠ ᠭᠡᠵᠦ
ᠡᠳᠦᠷ ᠢᠶᠡᠷ ᠨᠡᠩ ᠴᠤ ᠳ᠋ᠧᠩ ᠠᠰᠠᠭᠠᠭᠠ ᠦᠭᠡᠢ
ᠡᠯᠡᠰᠦᠨ ᠰᠢᠭᠤᠷᠭᠠᠨ ᠤ ᠭᠠᠯᠵᠠᠭᠤ ᠳᠤᠪᠳᠤᠯᠤᠯ ᠲᠤᠤᠷ᠎ᠠ
ᠭᠡᠷᠡᠯ ᠭᠡᠭᠡ ᠲᠠᠢ ᠶᠠᠪᠤᠬᠤ ᠭᠡᠵᠦ
ᠡᠨᠳᠡᠵᠦ ᠤᠰᠤᠯᠳᠠᠭᠰᠠᠨ ᠢᠶᠠᠨ ᠥᠪᠡᠷ ᠪᠤᠰᠤᠳ ᠲᠤ
ᠨᠢᠭᠤᠯ ᠦᠭᠡᠢ ᠮᠡᠳᠡᠭᠦᠯᠬᠦ ᠭᠡᠵᠦ
ᠡᠷᠢᠶᠠᠨ ᠬᠤᠷᠸ᠎ᠠ ᠶᠢᠨ ᠬᠠᠷ᠎ᠠ ᠴᠠᠭᠠᠨ ᠤ ᠳᠤᠮᠳᠠ
ᠨᠢᠳᠦᠲᠡᠢ ᠴᠢᠬᠢᠲᠡᠢ ᠠᠮᠢᠳᠤᠷᠠᠬᠤ ᠭᠡᠵᠦ
ᠡᠳᠦᠷ ᠢᠶᠡᠷ ᠳ᠋ᠧᠩ ᠠᠰᠠᠭᠠᠭᠰᠠᠨ ᠶᠤᠮ
ᠡᠳᠦᠷ ᠢᠶᠡᠷ ᠳ᠋ᠧᠩ ᠠᠰᠠᠭᠠᠭᠰᠠᠨ ᠶᠤᠮ᠃
2023.3.22ᠦᠷᠯᠦᠭᠡ