-
34136
ᠮᠠᠩᠯᠠᠢ ᠤᠳᠤᠷᠢᠳᠤᠭᠴᠢ ᠮᠠᠷᠱᠠᠯ ᠴᠣᠶᠢᠪᠠᠯᠰᠠᠩ
2019-08-30 17:19
276
0
ᠬᠠᠯᠬ᠎ᠠ ᠭᠣᠣᠯ ᠤᠨ ᠢᠯᠠᠯᠲᠠ ᠶᠢᠨ 80 ᠵᠢᠯ ᠦᠨ ᠣᠢ ᠳᠤ
ᠮᠣᠩᠭᠣᠯ ᠤᠨ ᠠᠷᠠᠳ ᠲᠦᠮᠡᠨ ᠦ 《ᠮᠠᠩᠯᠠᠢ ᠤᠳᠤᠷᠢᠳᠤᠭᠴᠢ》᠂ 《ᠬᠠᠶᠢᠷᠠᠲᠤ ᠡᠴᠢᠭᠡ》 ᠬᠡᠮᠡᠨ ᠡᠷᠭᠦᠮᠵᠢᠯᠡᠭᠳᠡᠵᠦ ᠶᠠᠪᠤᠭᠰᠠᠨ ᠬ ∙ ᠴᠣᠶᠢᠪᠠᠯᠰᠠᠩ ᠨᠢ 1952 ᠣᠨ ᠤ 1 ᠰᠠᠷ᠎ᠠ ᠶᠢᠨ 26 ᠍ ᠳᠦ ᠺᠷᠧᠮᠡᠯ ᠦᠨ ᠲᠤᠰᠬᠠᠢ ᠡᠮᠨᠡᠯᠭᠡ ᠶᠢᠨ ᠮᠡᠰᠡ ᠵᠠᠰᠠᠯ ᠤᠨ ᠲᠠᠰᠤᠭ ᠲᠤ 57 ᠨᠠᠰᠤᠨ ᠳᠤ ᠪᠠᠨ ᠭᠡᠨᠡᠳᠲᠡ ᠲᠠᠭᠠᠯᠠᠯ ᠲᠡᠭᠦᠰᠴᠡᠢ᠃ ᠡᠨᠡ ᠶᠠᠪᠤᠳᠠᠯ ᠶᠠᠭ ᠪᠢᠲᠡᠭᠦᠨ ᠦ ᠡᠳᠦᠷ ᠲᠠᠭᠠᠷᠠᠭᠰᠠᠨ ᠲᠤᠯᠠ ᠲᠥᠪ ᠬᠣᠷᠢᠶᠠᠨ ᠠᠴᠠ ᠠᠶᠢᠮᠠᠭ ᠰᠤᠮᠤᠳ ᠲᠤ ᠭᠡᠨᠡᠳᠲᠡ ᠶᠢᠨ ᠭᠠᠰᠢᠭᠤᠳᠠᠯ ᠤᠨ ᠮᠡᠳᠡᠭᠡ ᠶᠢ ᠵᠠᠷᠯᠠᠨ 《ᠴᠠᠭᠠᠨ ᠰᠠᠷ᠎ᠠ ᠶᠢ ᠲᠡᠮᠳᠡᠭᠯᠡᠬᠦ ᠶᠢ ᠲᠠᠰᠤ ᠬᠣᠷᠢᠭᠯᠠᠭᠰᠠᠨ ᠳᠠᠭᠠᠭᠠᠯᠭᠠᠪᠤᠷᠢ》 ᠣᠷᠣᠨ ᠳᠠᠶᠠᠭᠠᠷ ᠶᠠᠭᠠᠷᠠᠯᠲᠠᠢ ᠬᠦᠷᠭᠡᠭᠦᠯᠵᠦ ᠪᠠᠶᠢᠴᠠᠢ᠃ ᠶᠠᠭᠤᠨ ᠴᠠᠭᠠᠨ ᠰᠠᠷ᠎ᠠ ᠮᠠᠨ᠎ᠠ ᠲᠠᠢ 《ᠮᠠᠷᠱᠠᠯ ᠦᠭᠡᠢ ᠪᠡᠷ ᠪᠢᠳᠡ ᠴᠢᠨᠢ ᠣᠳᠣ ᠪᠣᠯᠵᠤ ᠪᠠᠶᠢᠨ᠎ᠠ ᠠ᠋》 ᠬᠡᠮᠡᠨ ᠬᠦᠮᠦᠰ ᠪᠥᠭᠡᠮ ᠪᠥᠭᠡᠮ ᠢᠶᠡᠷ ᠢᠶᠡᠨ ᠡᠬᠡᠷ ᠲᠠᠲᠠᠨ ᠤᠬᠢᠯᠠᠯᠳᠤᠵᠤ ᠪᠠᠶᠢᠭᠰᠠᠨ》 ᠭᠡᠵᠦ ᠠᠪᠤ ᠮᠠᠨᠢ ᠠᠮᠢᠳᠤ ᠰᠡᠷᠢᠭᠦᠨ ᠳᠦ ᠪᠡᠨ ᠶᠠᠷᠢᠳᠠᠭ ᠪᠠᠶᠢᠯ᠎ᠠ᠃ ᠡᠭᠦᠨ ᠡᠴᠡ ᠬᠣᠶᠢᠰᠢ ᠮᠣᠩᠭᠣᠯ ᠤᠨ ᠴᠠᠭᠠᠨ ᠰᠠᠷ᠎ᠠ ᠶᠢ ᠪᠦᠬᠦ ᠨᠡᠶᠢᠲᠡ ᠪᠡᠷ ᠢᠶᠡᠨ ᠲᠡᠮᠳᠡᠭᠯᠡᠬᠦ ᠶᠠᠪᠤᠳᠠᠯ ᠢ ᠲᠠᠰᠤᠯᠤᠨ ᠵᠣᠭᠰᠣᠭᠠᠵᠤ 《ᠵᠥᠪᠬᠡᠨ ᠮᠠᠯᠴᠢᠳ ᠤᠨ ᠬᠦᠷᠢᠶᠡᠨ ᠦ ᠪᠠᠶᠠᠷ》 ᠪᠣᠯᠭᠠᠭᠰᠠᠨ ᠲᠡᠦᠬᠡ ᠲᠡᠢ᠃ ᠲᠡᠷᠡ ᠪᠡᠷ ᠮᠣᠰᠺᠸᠠ ᠠᠴᠠ ᠡᠮᠴᠢᠯᠡᠭᠡᠨ ᠳᠦ ᠢᠷᠡᠬᠦ ᠶᠢ ᠰᠠᠨᠠᠭᠤᠯᠤᠨ᠂ ᠤᠳᠠᠭ᠎ᠠ ᠳᠠᠷᠠᠭ᠎ᠠ ᠳᠠᠭᠤᠳᠠᠭᠳᠠᠭᠰᠠᠨ ᠤ ᠡᠴᠦᠰ ᠂ ᠳᠠᠬᠢᠨ ᠡᠷᠭᠢᠵᠦ ᠢᠷᠡᠬᠦ ᠦᠭᠡᠢ ᠪᠡᠨ ᠮᠡᠳᠡᠵᠦ ᠪᠠᠶᠢᠭᠰᠠᠨ ᠮᠡᠲᠦ ᠬᠠᠮᠤᠭ ᠴᠠᠭᠠᠰᠤ ᠪᠠᠨ ᠨᠢᠭᠡ ᠳᠦ ᠨᠢᠭᠡ ᠴᠡᠭᠴᠡᠯᠡᠨ ᠰᠧᠢᠹᠨ ᠦ ᠪᠡᠨ ᠲᠦᠯᠬᠢᠭᠦᠷ ᠢ ᠼᠡᠳᠡᠨᠪᠠᠯ ᠳᠠᠷᠤᠭ᠎ᠠ ᠳᠤ ᠭᠡᠵᠦ ᠺᠣᠮᠢᠰᠰᠠᠷ ᠤᠳ ᠨᠢ ᠳᠤᠷᠠᠰᠤᠭᠰᠠᠨ ᠪᠠᠶᠢᠳᠠᠭ᠃
《ᠬᠠᠭᠠᠯᠭ᠎ᠠ ᠬᠢᠯᠭᠡᠬᠦ ᠶᠢᠨ ᠢᠶᠡᠨ ᠡᠮᠦᠨᠡᠬᠡᠨ ᠨᠠᠮᠠᠢ ᠠᠭᠤᠯᠵᠠᠬᠤ ᠳᠤ ᠵᠥᠪᠯᠡᠯᠲᠦ ᠶᠢᠨ ᠴᠢᠳᠠᠯᠲᠠᠢ ᠡᠮᠴᠢ ᠨᠠᠷ ᠬᠠᠭᠠᠯᠭ᠎ᠠ ᠬᠢᠬᠦ ᠶᠤᠮ ᠴᠢᠨᠢ ᠮᠡᠰᠡ ᠵᠠᠰᠠᠯ ᠠᠮᠵᠢᠯᠲᠠᠲᠠᠢ ᠪᠣᠯᠵᠤ ᠲᠠᠭᠠᠷᠠᠨ᠎ᠠ᠃ ᠬᠠᠭᠠᠯᠭᠠᠨ ᠤ ᠳᠠᠷᠠᠭ᠎ᠠ ᠴᠢᠮᠠᠢ ᠳᠠᠭᠤᠳᠠᠵᠤ ᠠᠭᠤᠯᠵᠠᠶ᠎ᠠ ᠭᠡᠵᠦ ᠪᠠᠶᠢᠭᠰᠠᠨ ᠬᠦᠮᠦᠨ ᠬᠠᠭᠠᠯᠭᠠᠨ ᠤ ᠳᠠᠷᠤᠭ᠎ᠠ ᠬᠡᠳᠦᠬᠡᠨ ᠴᠠᠭ ᠤᠨ ᠳᠣᠲᠣᠷ᠎ᠠ ᠯᠠ ᠪᠤᠷᠬᠠᠨ ᠪᠣᠯᠤᠭᠰᠠᠨ ᠳ᠋ᠠ᠃ ᠠᠮᠢᠰᠬᠤᠯ ᠬᠤᠷᠢᠶᠠᠬᠤ ᠳᠤ ᠨᠢ ᠪᠢ ᠳᠡᠷᠭᠡᠳᠡ ᠨᠢ ᠪᠠᠶᠢᠭᠰᠠᠨ᠂ ᠦᠨᠡᠬᠡᠷ ᠬᠠᠷᠠᠮᠰᠠᠯ ᠲᠠᠢ ᠪᠠᠶᠢᠭᠰᠠᠨ》 ᠭᠡᠵᠦ ᠭᠠᠳᠠᠭᠠᠳᠤ ᠬᠡᠷᠡᠭ ᠦᠨ ᠰᠠᠶᠢᠳ ᠢᠶᠠᠷ ᠣᠯᠠᠨ ᠵᠢᠯ ᠠᠵᠢᠯᠯᠠᠭᠰᠠᠨ ᠮᠣᠩᠭᠣᠯ ᠤᠯᠤᠰ ᠤᠨ ᠪᠠᠭᠠᠲᠤᠷ ᠫ ∙ ᠱᠠᠭᠳᠤᠷᠰᠦ᠋ᠷᠦᠩ ᠭᠤᠸᠠᠢ 《ᠮᠣᠩᠭᠣᠯ ᠲᠤᠯᠭᠠᠲᠤᠨ ᠤ ᠵᠠᠭᠤᠨ ᠡᠷᠬᠢᠮ》 ᠨᠡᠪᠲᠡᠷᠡᠭᠦᠯᠭᠡ ᠪᠡᠷ ᠶᠠᠷᠢᠭᠰᠠᠨ ᠢ ᠪᠢᠳᠡ ᠪᠥᠭᠥᠳᠡᠭᠡᠷ ᠢᠶᠡᠨ ᠬᠠᠷᠠᠭᠰᠠᠨ᠂ ᠰᠣᠨᠣᠰᠤᠭᠰᠠᠨ᠃
1937 ᠣᠨ ᠳᠤ ᠺᠷᠧᠮᠯ ᠳᠤ ᠨᠢᠭᠤᠴᠠ ᠲᠤᠰᠢᠶᠠᠯ ᠤᠳ ᠠᠷᠤ ᠠᠷᠤ ᠠᠴᠠ ᠪᠠᠨ ᠭᠠᠷᠴᠤ ᠲᠥᠷᠥ ᠶᠢᠨ ᠠᠯᠠᠯᠭ᠎ᠠ ᠳᠤ ᠬᠠᠮᠤᠷᠤᠭᠤᠯᠬᠤ ᠢᠷᠭᠡᠳ ᠢ 《ᠨᠢᠳᠤᠷᠭᠠᠨ》᠂ 《 ᠵᠥᠪᠯᠡᠯᠲᠦ ᠶᠢᠨ ᠦᠵᠡᠯᠲᠡᠨ ᠨᠦᠭᠦᠳ》᠂ 《ᠲᠷᠣᠢᠴᠺᠢᠰᠲ ᠤᠳ》᠂ 《ᠱᠠᠰᠢᠨ᠂ ᠰᠦᠮ᠎ᠡ ᠬᠡᠶᠢᠳ ᠦᠨ ᠬᠢᠨ》 ᠭᠡᠬᠦᠴᠢᠯᠡᠨ ᠠᠩᠭᠢᠯᠠᠵᠤ ᠪᠠᠶᠢᠭᠰᠠᠨ ᠪᠣᠯ ᠮᠣᠩᠭᠣᠯ ᠳᠤ ᠡᠨᠡ ᠬᠤᠪᠢᠯᠪᠤᠷᠢ ᠨᠢ 《ᠭᠡᠨᠳᠡᠩ᠂ ᠦᠨ ᠡᠰᠡᠷᠭᠦᠦ ᠪᠦᠯᠦᠭ ᠦᠨ ᠬᠢᠨ》᠂ 《ᠶᠠᠫᠣᠨ ᠤ ᠲᠠᠩᠨᠠᠭᠤᠯ》᠂ 《ᠪᠠᠷᠤᠨ ᠤ ᠦᠯᠡᠳᠡᠭᠳᠡᠯ ᠪᠤᠷᠢᠶᠠᠳ ᠤᠳ》᠂ 《ᡀᠦᠮᠪᠦ᠂ ᠶᠣᠩᠵᠤᠨ ᠬᠠᠩᠪᠤ᠂ ᠬᠡᠦᠬᠡᠨ ᠬᠤᠲᠤᠭᠲᠤ ᠶᠢᠨ ᠬᠡᠷᠡᠭ》᠂ 《ᠫᠣᠷ ᠲᠤ-ᠠᠷ ᠲᠤᠷ ᠤᠨ ᠬᠡᠷᠡᠭ》 ᠭᠡᠬᠦᠴᠢᠯᠡᠨ ᠨᠡᠷᠡᠯᠡᠵᠦ᠂ ᠲᠥᠷᠥ ᠶᠢᠨ ᠬᠢᠳᠤᠯᠭ᠎ᠠ ᠶᠢ ᠥᠷᠭᠡᠨ ᠬᠦᠷ᠎ᠡ ᠪᠡᠷ ᠥᠷᠨᠢᠭᠦᠯᠵᠡᠢ᠃
ᠡᠨᠡ ᠶᠡᠬᠡ ᠬᠡᠯᠮᠡᠭᠳᠡᠭᠦᠯᠦᠯᠲᠡ ᠨᠢ ᠮᠣᠩᠭᠣᠯ ᠳᠤ 1933 ᠣᠨ ᠳᠤ ᠭᠠᠷᠤᠭᠰᠠᠨ 《ᡀᠦᠮᠪᠦ ᠬᠡᠷᠡᠭ》 ᠭᠡᠳᠡᠭ ᠢᠶᠡᠷ ᠠᠩᠬ᠎ᠠ ᠡᠬᠢᠯᠡᠭᠰᠡᠨ ᠪᠠᠶᠢᠳᠠᠭ᠃ ᠵᠠᠩᠪᠠ ᠶᠢᠨ ᡀᠦᠮᠪᠦ ᠨᠢ ᠮᠣᠩᠭᠣᠯ ᠠᠷᠠᠳ ᠤᠨ ᠬᠤᠪᠢᠰᠬᠠᠯᠲᠤ ᠨᠠᠮ ᠤᠨ ᠲᠥᠪ ᠬᠣᠷᠢᠶᠠᠨ ᠤ ᠨᠠᠷᠢᠨ ᠦᠨ ᠳᠠᠷᠤᠭ᠎ᠠ ᠪᠠᠶᠢᠭᠰᠠᠨ ᠪᠥᠭᠡᠳ ᠬᠡᠷᠡᠭ ᠲᠦ ᠡᠨᠡ ᠬᠣᠯᠪᠣᠭᠳᠠᠭᠰᠠᠨ ᠬᠦᠮᠦᠰ ᠡᠴᠡ ᠡᠷᠡᠭᠦᠦ ᠰᠢᠭᠦᠯᠲᠡ ᠲᠤᠯᠭᠠᠨ ᠪᠡᠷ ᠭᠠᠷᠭᠠᠭᠤᠯᠵᠤ ᠠᠪᠤᠭᠰᠠᠨ ᠮᠡᠳᠡᠭᠦᠯᠭᠡ ᠡᠴᠡ ᠦᠵᠡᠪᠡᠯ ᠲᠡᠳᠡ ᠨᠠᠷ ᠤᠨ 《ᠶᠠᠫᠣᠨ ᠤ ᠳᠠᠭᠠᠭᠠᠯᠭᠠᠪᠤᠷᠢ ᠪᠠᠷ ᠠᠵᠢᠯᠯᠠᠳᠠᠭ ᠪᠠᠶᠢᠭᠤᠯᠤᠯᠭ᠎ᠠ ᠶᠢ ᠡᠭᠦᠰᠬᠡᠨ ᠪᠠᠶᠢᠭᠤᠯᠤᠭᠰᠠᠨ᠂ ᠬᠤᠪᠢᠰᠬᠠᠯ ᠤᠨ ᠡᠰᠡᠷᠡᠭ ᠵᠡᠪᠰᠡᠭᠲᠦ ᠪᠣᠰᠤᠯᠭ᠎ᠠ ᠭᠠᠷᠭᠠᠬᠤ ᠪᠠᠷ ᠪᠡᠯᠡᠳᠬᠡᠵᠦ ᠪᠠᠶᠢᠭᠰᠠᠨ》 ᠭᠡᠰᠡᠨ ᠦᠭᠡ ᠥᠭᠦᠯᠡᠪᠦᠷᠢ ᠨᠦᠭᠦᠳ ᠪᠤᠢ᠃ ᠡᠨᠡ ᠪᠦᠬᠦ ᠮᠡᠳᠡᠭᠦᠯᠭᠡ ᠨᠢ ᠶᠠᠮᠠᠷ ᠴᠤ ᠨᠣᠲᠠᠯᠠᠭ᠎ᠠ ᠦᠭᠡᠢ ᠪᠥᠭᠡᠳ ᠠᠩᠬ᠎ᠠ ᠤᠭ ᠬᠡᠷᠡᠭ ᠢ ᠡᠭᠦᠰᠭᠡᠬᠦ ᠭᠣᠣᠯ ᠨᠤᠲᠠᠯᠠᠬᠤ ᠪᠠᠷᠢᠮᠲᠠ ᠪᠠᠶᠢᠭᠰᠠᠨ ᠵᠠᠬᠢᠭᠠ ᠶᠢ ᠪᠢᠴᠢᠭᠰᠡᠨ ᠬᠦᠮᠦᠨ ᠴᠤ ᠡᠨᠡ ᠭᠦᠳᠬᠡᠯᠭᠡ ᠪᠠᠶᠢᠭᠰᠠᠨ ᠢᠶᠠᠨ ᠰᠡᠭᠦᠯ ᠳᠦ ᠨᠢ ᠥᠪᠡᠷ ᠢᠶᠡᠨ ᠬᠦᠯᠢᠶᠡᠨ ᠵᠥᠪᠰᠢᠶᠡᠷᠡᠭᠰᠡᠨ ᠪᠠᠶᠢᠳᠠᠭ᠃ ᡀᠦᠮᠪᠦ ᠡᠨᠡ ᠬᠡᠷᠡᠭ ᠲᠦ ᠣᠭᠲᠣ ᠭᠡᠮ ᠵᠡᠮ ᠦᠭᠡᠢ 1500 ᠣᠷᠴᠢᠮ ᠬᠦᠮᠦᠨ ᠢ ᠬᠣᠯᠪᠣᠭᠳᠠᠭᠤᠯᠤᠭᠰᠠᠨ ᠪᠠ ᠲᠡᠳᠡᠨ ᠦ ᠶᠡᠬᠡᠩᠬᠢ ᠳᠦ ᠫᠤᠤᠳᠠᠨ ᠠᠯᠠᠬᠤ ᠪᠣᠯᠤᠨ 10-20 ᠵᠢᠯ ᠬᠣᠷᠢᠬᠤ ᠵᠡᠷᠭᠡ ᠶᠠᠯ᠎ᠠ ᠣᠨᠣᠭᠠᠭᠰᠠᠨ ᠪᠠᠶᠢᠨ᠎ᠠ᠃ ᠡᠨᠡ ᠣᠯᠠᠨ ᠬᠦᠮᠦᠨ ᠢ ᠨᠣᠶᠢᠷ ᠬᠣᠭᠣᠯᠠ ᠦᠭᠡᠢ ᠵᠢᠵᠢᠭᠦᠷᠯᠡᠨ ᠪᠠᠶᠢᠴᠠᠭᠠᠬᠤ᠂ ᠵᠣᠳᠣᠬᠤ᠂ ᠠᠶᠤᠯᠭᠠᠨ ᠰᠦᠷᠳᠡᠭᠦᠯᠬᠦ᠂ ᠮᠡᠬᠡᠯᠡᠬᠦ᠂ ᠠᠷᠭᠠᠳᠠᠬᠤ ᠵᠡᠷᠭᠡ ᠪᠡᠷ ᠬᠡᠷᠡᠭ ᠲᠤᠯᠭᠠᠨ ᠬᠦᠯᠢᠶᠡᠯᠭᠡᠵᠦ᠂ ᠲᠠᠰᠤᠯᠤᠨ ᠰᠢᠳᠭᠡᠬᠦ ᠠᠵᠢᠯᠯᠠᠭ᠎ᠠ ᠶᠢ ᠨᠢ ᠰᠢᠭᠦᠬᠦ ᠪᠠᠶᠢᠭᠤᠯᠤᠯᠭ᠎ᠠ ᠶᠢᠨ ᠶᠠᠮᠠᠷ ᠴᠤ ᠣᠷᠣᠯᠴᠠᠭ᠎ᠠ ᠦᠭᠡᠢ ᠪᠡᠷ ᠭᠦᠢᠴᠡᠳᠭᠡᠵᠡᠢ᠃
1934 ᠣᠨ ᠳᠤ ᠰᠲ᠋ᠠᠯᠢᠨ ᠶᠡᠷᠦᠩᠬᠡᠢ ᠰᠠᠶᠢᠳ ᠠᠰᠠᠨ ᠫ ∙ ᠭᠡᠨᠳᠡᠩ ᠢ ᠮᠣᠰᠺᠸᠠ ᠳᠤ ᠬᠦᠯᠢᠶᠡᠨ ᠠᠪᠴᠤ ᠠᠭᠤᠯᠵᠠᠬᠤ ᠳᠤ ᠪᠠᠨ᠄ 《ᠲᠠᠨ ᠤ ᠳᠤ ᠤᠯᠤᠰ ᠤᠨ ᠳᠣᠲᠣᠷ᠎ᠠ ᠤᠯᠤᠰ ᠪᠠᠶᠢᠭ᠎ᠠ ᠪᠠᠶᠢᠳᠠᠯ ᠲᠠᠢ ᠪᠠᠶᠢᠨ᠎ᠠ᠃ ᠨᠢᠭᠡ ᠨᠢ ᠭᠡᠨᠳᠡᠩ ᠦᠨ ᠵᠠᠰᠠᠭ ᠤᠨ ᠭᠠᠵᠠᠷ᠂ ᠨᠥᠭᠥᠭᠡ ᠨᠢ ᠯᠠᠮᠠ ᠨᠠᠷ ᠤᠨ ᠬᠢ᠃ ᠭᠡᠬᠦ ᠳᠦ ᠪᠡᠨ ᠯᠠᠮᠠ ᠨᠠᠷ ᠤᠨ ᠵᠠᠰᠠᠭ ᠤᠨ ᠭᠠᠵᠠᠷ ᠨᠢ ᠬᠦᠴᠦᠲᠡᠢ ᠪᠠᠶᠢᠨ᠎ᠠ᠃ ᠲᠡᠳᠡᠨ ᠲᠡᠢ ᠰᠢᠷᠭᠤ ᠲᠡᠮᠡᠴᠡᠬᠦ ᠬᠡᠷᠡᠭᠲᠡᠢ᠃ ᠭᠡᠨᠳᠡᠩ ᠦᠨ ᠵᠠᠰᠠᠭ ᠤᠨ ᠭᠠᠵᠠᠷ ᠯᠠᠮᠠ ᠨᠠᠷ ᠶᠢᠨ ᠬᠢ ᠠᠴᠠ ᠬᠦᠴᠦᠲᠡᠢ ᠪᠠᠶᠢᠬᠤ ᠶᠢᠨ ᠲᠤᠯᠠᠳᠠ ᠲᠡᠳᠡᠨ ᠢ ᠥᠪᠡᠷ ᠦᠨ ᠬᠠᠲᠠᠭᠤ ᠭᠠᠷ ᠲᠤ ᠠᠪᠬᠤ ᠬᠡᠷᠡᠭᠲᠡᠢ》 ᠭᠡᠬᠦ ᠵᠡᠷᠭᠡ ᠪᠡᠷ ᠠᠯᠠᠯᠭ᠎ᠠ ᠦᠢᠯᠡᠳᠬᠦ ᠶᠢ ᠲᠤᠯᠭᠠᠵᠤ ᠪᠠᠶᠢᠵᠤ᠃ ᠡᠭᠦᠨ ᠲᠡᠢ ᠨᠢ ᠰᠠᠨᠠᠯ ᠨᠡᠶᠢᠯᠡᠭᠡ ᠦᠭᠡᠢ ᠭᠡᠨᠳᠡᠩ ᠢ ᠠᠯᠪᠠᠨ ᠲᠤᠰᠢᠶᠠᠯ ᠠᠴᠠ ᠨᠢ ᠭᠡᠨᠡᠳᠲᠡ ᠪᠠᠭᠤᠯᠭᠠᠭᠰᠠᠨ ᠤ ᠳᠠᠷᠠᠭᠠᠬᠠᠨ ᠨᠢ ᠲᠡᠭᠦᠨ ᠢ ᠭᠡᠷ ᠪᠦᠯᠢ ᠶᠢᠨ ᠬᠢᠨ ᠲᠡᠢ ᠨᠢ ᠬᠠᠮᠲᠤ ᠳᠤ ᠠᠮᠠᠷᠠᠵᠤ ᠰᠤᠪᠢᠯᠠᠭᠤᠯᠬᠤ ᠨᠡᠷ᠎ᠡ ᠪᠡᠷ ᠴᠥᠯᠡᠵᠦ ᠪᠠᠶᠢᠭᠠᠳ 《ᠪᠠᠶᠠᠵᠢᠭᠲᠤᠨ》 ᠬᠡᠮᠡᠬᠦ ᠯᠣᠽᠦ᠋ᠩ ᠭᠠᠷᠭᠠᠭᠰᠠᠨ 《ᠪᠠᠷᠠᠭᠤᠨᠲᠠᠨ》 ᠬᠡᠮᠡᠨ ᠴᠣᠯᠠᠯᠠᠵᠤ᠂ 1937 ᠣᠨ ᠳᠤ ᠫᠤᠤᠳᠠᠨ ᠬᠣᠷᠢᠶᠠᠭᠰᠠᠨ ᠪᠢᠯᠡ᠃
ᠮᠠᠷᠱᠠᠯ ᠬ ∙ ᠴᠣᠶᠢᠪᠠᠯᠰᠠᠩ ᠢ ᠰᠲ᠋ᠠᠯᠢᠨ ᠤ ᠡᠭᠦᠷᠭᠡ ᠳᠠᠭᠠᠭᠠᠯᠭᠠᠪᠤᠷᠢ ᠶᠢᠨ ᠳᠠᠭᠠᠤ ᠡᠨᠡ ᠥᠨᠳᠥᠷ ᠠᠯᠪᠠᠨ ᠲᠤᠰᠢᠶᠠᠯ ᠳᠤ ᠲᠣᠮᠢᠯᠠᠭᠳᠠᠨ ᠰᠲ᠋ᠠᠯᠢᠨ ᠤ ᠰᠢᠭᠤᠳ ᠲᠤᠯᠭᠠᠯᠲᠠ ᠵᠢᠭᠠᠪᠤᠷᠢ ᠪᠠᠷ ᠣᠯᠠᠨ ᠠᠷᠪᠠᠨ ᠭᠡᠮ ᠵᠡᠮ ᠦᠭᠡᠢ ᠬᠦᠮᠦᠨ ᠦ ᠠᠮᠢ ᠨᠠᠰᠤ ᠶᠢ ᠬᠣᠷᠢᠶᠠᠭᠰᠠᠨ ᠨᠢ ᠮᠣᠩᠭᠣᠯ ᠤᠨ ᠲᠡᠦᠬᠡᠨ ᠳᠦ ᠲᠣᠮᠣᠬᠠᠨ ᠬᠠᠷ᠎ᠠ ᠲᠣᠯᠪᠣ ᠪᠣᠯᠤᠨ ᠦᠯᠡᠳᠡᠭᠰᠡᠨ ᠢ ᠪᠢᠳᠡ ᠰᠠᠶᠢᠨ ᠮᠡᠳᠡᠬᠦ ᠪᠢᠯᠡ᠃ ᠠᠶᠢᠯ ᠭᠡᠷ ᠪᠦᠷᠢ ᠳᠦ ᠬᠠᠭᠠᠴᠠᠯ ᠬᠠᠷᠠᠭᠤᠰᠤᠯ ᠤᠨ ᠤᠯᠠ ᠮᠥᠷ ᠬᠠᠷ᠎ᠠ ᠳᠠᠷᠤᠭᠰᠠᠨ ᠵᠡᠭᠦᠳᠦ ᠮᠡᠲᠦ ᠠᠶᠤᠮᠰᠢᠭᠲᠤ 《37 ᠣᠨ》 ᠢᠩᠭᠢᠵᠦ ᠡᠬᠢᠯᠡᠵᠦ᠂ ᠠᠯᠠᠭᠤᠯᠤᠭᠰᠠᠨ ᠬᠦᠮᠦᠰ ᠦᠨ ᠳᠡᠶᠢᠯᠦᠩᠬᠢ ᠨᠢ ᠯᠠᠮᠠ ᠨᠠᠷ ᠪᠠᠶᠢᠪᠠ᠃ ᠮᠥᠷᠳᠡᠨ ᠪᠠᠶᠢᠴᠠᠭᠠᠭᠴᠢᠳ ᠯᠠᠮᠠ ᠨᠠᠷ ᠠᠴᠠ 《ᠬᠡᠨ ᠬᠡᠨ ᠢ ᠲᠠᠨᠢᠬᠤ ᠪᠤᠢ》 ᠮᠡᠲᠦ ᠪᠡᠷ ᠴᠥᠭᠡᠬᠡᠨ ᠬᠡᠳᠦᠨ ᠠᠰᠠᠭᠤᠯᠲᠠ ᠠᠰᠠᠭᠤᠳᠠᠭ᠃ ᠪᠠᠷᠢᠭᠳᠠᠭᠰᠠᠳ ᠥᠪᠡᠷᠰᠡᠳ ᠦᠨ ᠲᠠᠨᠢᠳᠠᠭ ᠯᠠᠮᠠ ᠨᠠᠷ ᠤᠨ ᠨᠡᠷᠡᠰ ᠢ ᠬᠡᠯᠡᠬᠦ ᠳᠦ ᠲᠡᠳᠡᠨ ᠢ ᠨᠢ ᠡᠰᠡᠷᠭᠦᠦ ᠪᠦᠯᠦᠭ ᠦᠨ ᠭᠡᠰᠢᠭᠦᠳ ᠪᠣᠯᠭᠠᠵᠤ ᠪᠢᠴᠢᠭᠡᠳ ᠠᠷᠠᠢ ᠠᠬᠠᠮᠠᠳ ᠳᠡᠪ ᠴᠣᠯᠠ ᠲᠠᠢ ᠶᠢ ᠨᠢ ᠲᠣᠯᠣᠭᠠᠶᠢᠯᠠᠭᠴᠢ ᠪᠣᠯᠭᠠᠨ 《ᠲᠣᠮᠢᠯᠠᠭᠠᠳ》 ᠶᠡᠬᠡᠩᠬᠢ ᠨᠢ ᠦᠰᠦᠭ ᠦᠭᠡᠢ ᠭᠠᠷ ᠤᠨ ᠬᠢ ᠨᠢ ᠬᠡ ᠶᠢ ᠳᠠᠷᠤᠭᠤᠯᠤᠩᠭᠠᠨ ᠰᠢᠭᠤᠳ ᠯᠠ ᠬᠡᠭᠡᠷ᠎ᠡ ᠠᠪᠠᠴᠢᠭᠠᠳ ᠪᠤᠤᠳᠠᠴᠢᠬᠠᠳᠠᠭ ᠪᠠᠶᠢᠵᠤ᠃ ᠠᠪᠤ ᠶᠢᠨ ᠮᠢᠨᠢ ᠠᠪᠠᠭ᠎ᠠ ᠪᠣᠯᠬᠤ ᠬᠠᠨᠬᠥᠶᠢᠬᠡ ᠶᠢᠨ ᠬᠡᠶᠢᠳ ᠦᠨ ᠭᠡᠵᠡᠢᠪᠠᠯ᠂ ᠶᠣᠩᠳᠣᠩ ᠬᠠᠩᠪᠤ ᠨᠠᠷ ᠢ ᠡᠨᠡ ᠬᠡᠷᠡᠭ ᠲᠦ ᠬᠡᠯᠮᠡᠭᠳᠡᠭᠦᠯᠵᠦ᠂ ᠲᠡᠷᠡ ᠦᠶ᠎ᠡ ᠶᠢᠨ 《ᠨᠣᠭᠣᠭᠠᠨ ᠮᠠᠯᠠᠭᠠᠶᠢᠲᠠᠨ ᠨᠤᠭᠤᠳ》 ᠡᠶᠢᠮᠦᠷᠬᠡᠦ ᠮᠠᠶ᠋ᠢᠭ ᠢᠶᠠᠷ ᠴᠠᠰᠢ ᠨᠢ ᠬᠠᠷᠠᠭᠤᠯᠤᠭᠰᠠᠨ ᠳ᠋ᠠ᠃
ᠬ ∙ ᠴᠣᠶᠢᠪᠠᠯᠰᠠᠩ ᠤᠨ ᠵᠢᠩᠬᠢᠨᠢ ᠨᠡᠷ᠎ᠡ ᠶᠢ ᠨᠢ ᠳᠤᠤᠭᠠᠷ ᠭᠡᠳᠡᠭ ᠪᠥᠭᠡᠳ 1895 ᠣᠨ ᠤ 2 ᠰᠠᠷ᠎ᠠ ᠶᠢᠨ 8 ᠍ ᠳᠦ ᠲᠡᠷᠡ ᠦᠶ᠎ᠡ ᠶᠢᠨ ᠰᠡᠴᠡᠨ ᠬᠠᠨ ᠠᠶᠢᠮᠠᠭ ᠤᠨ ᠠᠴᠢᠲᠤ ᠸᠠᠩ ᠤᠨ ᠬᠣᠰᠢᠭᠤ ᠣᠳᠣ ᠶᠢᠨ ᠳᠣᠷᠣᠨᠠᠲᠤ ᠠᠶᠢᠮᠠᠭ ᠲᠤ ᠮᠠᠯᠴᠢᠨ ᠡᠮᠡᠭᠲᠡᠢ ᠶᠢᠨ ᠭᠤᠷᠪᠠ ᠳᠠᠬᠢ ᠪᠣᠯᠤᠨ ᠃ ᠲᠡᠭᠦᠨ ᠦ ᠡᠴᠢᠭᠡ ᠵᠠᠮᠴᠤ ᠨᠢ ᠳᠠᠭᠤᠷ ᠮᠣᠩᠭᠣᠯ ᠠᠴᠠ ᠴᠠᠭᠠᠴᠢᠯᠠᠵᠤ ᠢᠷᠡᠭᠰᠡᠨ ᠬᠦᠮᠦᠨ ᠪᠠᠶᠢᠵᠤ ᠭᠡᠪᠡᠴᠦ ᠨᠤᠲᠤᠭ ᠤᠰᠤᠨ ᠤ ᠬᠢᠨ᠂ ᠬᠣᠰᠢᠭᠤ ᠲᠠᠮᠠᠭ᠎ᠠ ᠶᠢᠨ ᠭᠠᠵᠠᠷ ᠠᠴᠠ ᠲᠡᠭᠦᠨ ᠢ ᠡᠯᠳᠡᠪ ᠦᠭᠡ ᠪᠡᠷ ᠳᠠᠭᠠᠷᠢᠵᠤ ᠳᠣᠷᠣᠮᠵᠢᠯᠠᠵᠤ᠂ ᠬᠠᠪᠴᠢᠵᠤ ᠭᠠᠳᠠᠭᠤᠷᠬᠠᠳᠠᠭ ᠪᠠᠶᠢᠭᠰᠠᠨ ᠤᠴᠢᠷ ᠲᠠᠢ ᠪᠠᠨ ᠭᠡᠷ ᠪᠦᠯᠢ ᠪᠣᠯᠵᠤ ᠴᠢᠳᠠᠯ ᠦᠭᠡᠢ ᠡᠷᠭᠢᠭᠡᠳ ᠨᠤᠲᠤᠭ ᠪᠤᠴᠠᠵᠠᠢ᠃ ᠬᠠᠷᠢᠨ ᠶᠢ ᠪᠠᠨ ᠲᠥᠷᠦᠭᠰᠡᠨ ᠦ ᠳᠠᠷᠠᠭ᠎ᠠ ᠪᠤᠴᠠᠵᠤ ᠢᠷᠡᠩᠭᠡᠨ᠂ ᠳᠦ ᠪᠡᠨ ᠳᠤᠤᠭᠠᠷ ᠭᠡᠳᠡᠭ ᠨᠡᠷ᠎ᠡ ᠥᠭᠴᠦ᠂ ᠬᠡᠰᠡᠭ ᠬᠤᠭᠤᠴᠠᠭᠠᠨ ᠳᠤ ᠬᠠᠮᠲᠤ ᠳᠤ ᠪᠠᠨ ᠠᠮᠢᠳᠤᠷᠠᠵᠤ ᠪᠠᠶᠢᠭᠰᠠᠨ ᠢᠶᠠᠨ ᠪᠤᠴᠠᠵᠤ ᠡᠬᠡ ᠨᠤᠲᠤᠭ ᠪᠠᠨ ᠶᠠᠪᠤᠭᠠᠳ᠂ ᠡᠷᠭᠢᠵᠦ ᠢᠷᠡᠯ ᠦᠭᠡᠢ ᠲᠡᠨᠳᠡ ᠪᠡᠨ ᠥᠭᠡᠳᠡ ᠪᠣᠯᠤᠭᠰᠠᠨ ᠭᠡᠯᠴᠡᠳᠡᠭ᠃
ᠭᠤᠸᠠᠢ ᠶᠢ 《ᠮᠠᠷᠱᠠᠯ ᠢ ᠨᠠᠰᠤᠨ ᠡᠴᠦᠰᠯᠡᠲᠡᠯᠡ ᠨᠢ ᠠᠰᠠᠷᠠᠵᠤ ᠪᠥᠭᠡᠴᠡᠶᠢᠯᠡᠭᠰᠡᠨ᠂ ᠲᠡᠭᠦᠨ ᠦ ᠲᠦᠰᠢᠭ ᠲᠡᠢ ᠰᠠᠶᠢᠨ ᠬᠠᠨᠢ ᠪᠠᠶᠢᠭᠰᠠᠨ ᠭᠡᠵᠦ》 ᠮᠠᠨ ᠤ ᠨᠤᠲᠤᠭ ᠤᠨ ᠫᠠᠷᠲ᠋ᠢᠽᠠᠨ ᠼᠡᠳᠡᠨᠳᠠᠮᠪᠠ ᠭᠤᠸᠠᠢ ᠶᠢᠨ ᠡᠬᠡᠨᠡᠷ ᠮᠥᠩᠬᠡᠪᠠᠶᠠᠷ ᠭᠡᠳᠡᠭ ᠬᠦᠮᠦᠨ ᠳᠤᠷᠠᠰᠳᠠᠭ ᠪᠠᠶᠢᠯ᠎ᠠ᠃ ᠴᠣᠶᠢᠪᠠᠯᠰᠠᠩ ᠤᠨ ᠬᠢ ᠂ ᠰᠤᠪᠤᠳ ᠬᠡᠮᠡᠬᠦ ᠡᠷᠭᠦᠮᠡᠯ
᠂ ᠥᠬᠢᠨ ᠬᠣᠶᠠᠷ ᠲᠠᠢ ᠪᠠᠶᠢᠭᠰᠠᠨ ᠪᠠ ᠬᠣᠵᠢᠮ ᠳᠦᠷᠢ ᠶᠢ ᠨᠢ 《ᠳᠠᠶᠢᠰᠤᠨ ᠤ ᠴᠡᠷᠢᠭ ᠦᠳ ᠰᠣᠨᠣᠰᠠᠵᠠᠭᠠ》 ᠺᠢᠨᠣᠨ ᠳᠤ ᠠᠮᠢᠯᠠᠭᠤᠯᠤᠭᠰᠠᠨ᠂ ᠠᠪᠤ ᠲᠠᠢ ᠪᠠᠨ ᠤᠰᠤᠨ ᠳᠤᠰᠤᠯ ᠰᠢᠭ ᠠᠳᠠᠯᠢᠬᠠᠨ ᠶᠢ ᠲᠦᠷᠦᠭᠰᠡᠨ ᠬᠦᠦ ᠨᠢ ᠪᠠᠶᠢᠭᠰᠠᠨ ᠭᠡᠯᠴᠡᠳᠡᠭ ᠶᠤᠮ ᠪᠢᠯᠡ᠃
ᠮᠠᠷᠱᠠᠯ ᠨᠡᠯᠢᠶᠡᠳ ᠰᠣᠭᠲᠣᠭᠰᠠᠨ ᠠᠯᠲᠠᠨ-ᠥᠯᠥᠭᠡᠢ ᠳᠦ ᠪᠠᠶᠢᠭᠰᠠᠨ ᠳ ∙ ᠰᠦᠬᠡᠪᠠᠭᠠᠲᠤᠷ᠂ ᠬᠢᠴᠢᠶᠡᠩᠭᠦᠢ ᠰᠠᠶᠢᠳ ᠪ ∙ ᠰᠡᠷᠡᠩᠳᠣᠷᠵᠢ ᠨᠠᠷ ᠤᠨ ᠱᠠᠷᠢᠯ ᠤᠨ ᠡᠮᠦᠨ᠎ᠡ ᠣᠴᠢᠵᠤ ᠡᠪᠦᠳᠦᠭ ᠰᠥᠬᠦᠷᠡᠨ ᠠᠪᠤᠷᠠᠯ ᠡᠷᠢᠨ ᠣᠷᠢ ᠳᠠᠭᠤᠤ ᠲᠠᠯᠪᠢᠨ ᠤᠬᠢᠯᠠᠳᠠᠭ ᠪᠠᠶᠢᠭᠰᠠᠨ ᠲᠠᠯ᠎ᠠ ᠪᠠᠷ ᠶᠦᠩᠳᠦᠩ ᠲᠤᠰᠯᠠᠬᠤ ᠨᠢ ᠣᠶᠢᠷ᠎ᠠ
ᠳᠤᠷᠠᠰᠤᠨ ᠶᠠᠷᠢᠭᠰᠠᠨ ᠪᠠᠶᠢᠳᠠᠭ᠃
ᠮᠠᠷᠱᠠᠯ ᠥᠪᠡᠷ ᠦᠨ ᠪᠡᠶ᠎ᠡ ᠪᠡᠷ ᠪᠠᠷᠠᠭᠤᠨ ᠬᠢᠵᠠᠭᠠᠷ ᠢᠶᠠᠷ ᠶᠠᠪᠤᠵᠤ᠂ ᠨᠡᠭᠦᠳᠡᠯᠴᠢᠨ ᠢᠷᠭᠡᠳ ᠲᠦ ᠨᠤᠲᠤᠭ ᠣᠯᠭᠤᠨ 1940 ᠣᠨ ᠳᠤ ᠪᠠᠶᠠᠨ ᠥᠯᠥᠭᠡᠢ ᠠᠶᠢᠮᠠᠭ ᠢ ᠠᠩᠬ᠎ᠠ ᠪᠠᠶᠢᠭᠤᠯᠵᠤ ᠪᠠᠶᠢᠭᠰᠠᠨ ᠬᠦᠮᠦᠨ᠃ ᠲᠡᠷᠡ ᠦᠶ᠎ᠡ ᠪᠡᠷ ᠮᠣᠩᠭᠣᠯ ᠬᠢᠲᠠᠳ ᠤᠨ ᠬᠢᠯᠢ ᠬᠠᠪᠢ ᠳᠤ ᠠᠮᠢᠳᠤᠷᠠᠵᠤ ᠪᠠᠶᠢᠭᠰᠠᠨ ᠬᠠᠰᠠᠭ ᠢᠷᠭᠡᠳ ᠦᠨ ᠤᠳᠤᠷᠢᠳᠤᠭᠴᠢ ᠶᠡᠬᠡᠬᠡᠨ ᠬᠡᠮᠵᠢᠶᠡᠨ ᠦ ᠪᠤᠤ ᠵᠡᠪᠰᠡᠭ ᠴᠢᠨᠢ ᠥᠨᠥᠬᠢ ᠨᠢ ᠬᠠᠷᠢᠨ 《ᠥᠭᠡᠬᠦ ᠬᠦᠮᠦᠨ ᠲᠡᠢ ᠥᠷᠯᠥᠭᠡ ᠪᠣᠰᠤᠭᠠᠳ ᠵᠠᠷᠭᠤᠯᠳᠤᠨ᠎ᠠ》 ᠪᠡᠷ 1947 ᠣᠨ ᠳᠤ ᠮᠠᠨ ᠤ ᠪᠠᠷᠠᠭᠤᠨ ᠬᠢᠵᠠᠭᠠᠷ ᠲᠠᠯ᠎ᠠ ᠠᠴᠠ ᠡᠷᠭᠢᠭᠡᠳ ᠤᠤᠯᠭᠠᠯᠠᠨ ᠳᠠᠭᠠᠷᠢᠵᠤ ᠪᠠᠶᠢᠭᠰᠠᠨ ᠲᠡᠦᠬᠡ ᠦᠨᠡᠨ᠃ ᠲᠡᠳᠡᠨ ᠡᠴᠡ ᠬᠠᠮᠠᠭᠠᠯᠠᠨ ᠲᠤᠯᠤᠯᠳᠤᠵᠤ ᠪᠠᠶᠢᠭᠠᠳ ᠠᠮᠢ ᠦᠷᠡᠭᠳᠡᠭᠰᠡᠨ ᠲᠡᠭᠰᠢ ᠂ ᠳᠠᠸᠠᠳᠣᠷᠵᠢ᠂ ᠭᠢᠸᠠᠩ ᠭᠡᠳ ᠨᠠᠶᠢᠮᠠᠨ ᠪᠠᠭᠠᠲᠤᠷ ᠡᠷᠡᠰ ᠦᠨ ᠨᠣᠶᠢᠷᠰᠤᠵᠤ ᠪᠠᠶᠢᠭ᠎ᠠ᠃ ᠠᠷᠠᠳ ᠤᠨ ᠤᠷᠠᠨ ᠵᠣᠬᠢᠶᠠᠯᠴᠢ ᠫ ∙ ᠪᠠᠳᠢᠷᠴᠢ ᠭᠤᠸᠠᠢ ᠶᠢᠨ 《ᠪᠠᠶᠢᠲᠤᠭ ᠪᠣᠭᠳᠠ ᠶᠢᠨ ᠴᠢᠯᠠᠭᠤᠨ ᠠᠭᠤᠯᠠ ᠪᠠᠶᠢᠯᠳᠤᠭᠠᠨ ᠪᠣᠯᠤᠭᠰᠠᠨ ᠬᠠᠯᠠᠭᠤᠨ ᠠᠭᠤᠯᠠ ᠳᠠᠶᠢᠴᠢᠨ ᠡᠷᠡᠰ ᠦᠨ ᠬᠠᠲᠠ ᠶᠢ ᠰᠢᠯᠭᠠᠭᠰᠠᠨ ᠳᠠᠷᠬᠠᠨ ᠬᠢᠯᠢ ᠶᠢᠨ ᠬᠠᠷᠠᠭᠤᠯ ᠠᠭᠤᠯᠠ》 ᠭᠡᠰᠡᠨ ᠰᠢᠯᠦᠭ ᠴᠤ ᠪᠤᠢ᠃
ᠮᠠᠷᠱᠠᠯ ᠴᠣᠶᠢᠪᠠᠯᠰᠠᠩ ᠶᠡᠬᠡ ᠭᠦᠷᠦᠨ ᠨᠦᠭᠦᠳ ᠦᠨ ᠵᠦᠭ ᠡᠴᠡ ᠪᠠᠭ᠎ᠠ ᠣᠷᠣᠨ ᠤ ᠤᠳᠤᠷᠢᠳᠤᠭᠴᠢ ᠳᠤ ᠦᠵᠡᠭᠦᠯᠳᠡᠭ ᠳᠠᠷᠤᠮᠲᠠ᠂ ᠰᠢᠬᠠᠯᠲᠠ ᠪᠦᠬᠦᠢ ᠠᠮᠠᠷ ᠦᠭᠡᠢ ᠬᠤᠪᠢ ᠲᠠᠪᠢᠯᠠᠩ ᠢ ᠠᠮᠰᠠᠭᠰᠠᠨ ᠴᠤ᠂ ᠮᠣᠩᠭᠣᠯ ᠤᠨ ᠲᠤᠰᠠᠭᠠᠷ ᠲᠣᠭᠲᠠᠨᠢᠯ ᠢ ᠲᠤᠤᠱᠲᠠᠢ ᠬᠠᠮᠠᠭᠠᠯᠠᠬᠤ᠂ ᠭᠠᠳᠠᠭᠠᠳᠤ ᠪᠣᠳᠣᠯᠭ᠎ᠠ ᠶᠢᠨ ᠪᠡᠶ᠎ᠡ ᠳᠠᠭᠠᠭᠰᠠᠨ ᠱᠤᠭᠤᠮ ᠪᠠᠷᠢᠮᠲᠠᠯᠠᠬᠤ ᠶᠢ ᠬᠢᠴᠢᠶᠡᠨ ᠣᠷᠣᠯᠳᠤᠵᠤ ᠪᠠᠶᠢᠭᠰᠠᠨ ᠪᠠᠷᠢᠮᠲᠠ ᠨᠤᠭᠤᠳ ᠣᠯᠠᠨ ᠪᠤᠢ᠃ ᠰᠲ᠋ᠠᠯᠢᠨ ᠤ ᠮᠡᠨᠳᠦᠯᠡᠭᠰᠡᠨ ᠦ 70 ᠵᠢᠯ ᠦᠨ ᠣᠢ ᠶᠢᠨ ᠶᠡᠬᠡ ᠶᠣᠰᠣᠯᠠᠯ ᠤᠨ ᠠᠷᠭ᠎ᠠ ᠬᠡᠮᠵᠢᠶᠡᠨ ᠳᠦ ᠵᠡᠭᠦᠨ ᠧᠦ᠋ᠷᠣᠫᠠ᠂ ᠠᠽᠢᠶ᠎ᠠ ᠶᠢᠨ ᠣᠷᠣᠨ ᠨᠤᠭᠤᠳ ᠤᠨ ᠨᠠᠮ᠂ ᠲᠥᠷᠦ ᠶᠢᠨ ᠤᠳᠤᠷᠢᠳᠤᠭᠴᠢᠳ ᠪᠦᠭᠦᠳᠡ ᠮᠣᠰᠺᠸᠠ ᠳᠤ ᠣᠴᠢᠵᠤ ᠲᠡᠭᠦᠨ ᠳᠦ ᠦᠨᠡᠨᠴᠢ ᠪᠡᠨ ᠬᠠᠷᠠᠭᠤᠯᠬᠤ ᠦᠶ᠎ᠡ ᠳᠦ ᠴᠣᠶᠢᠪᠠᠯᠰᠠᠩ ᠤᠷᠢᠯᠭ᠎ᠠ ᠠᠴᠠ ᠨᠢ ᠲᠠᠲᠠᠭᠠᠯᠵᠠᠭᠰᠠᠨ ᠮᠥᠨ ᠶᠡᠬᠡ ᠲᠩᠷᠢ ᠳᠦ ᠪᠣᠯᠤᠭᠰᠠᠨ ᠨᠢᠭᠡᠨ ᠬᠦᠯᠢᠶᠡᠨ ᠠᠪᠤᠯᠲᠠ ᠶᠢᠨ ᠦᠶ᠎ᠡ ᠪᠡᠷ ᠤᠨ ᠲᠡᠷᠢᠭᠦᠨ ᠰᠣᠯᠴᠠᠺ ᠥᠪᠡᠷᠰᠡᠳ ᠦᠨ ᠢᠶᠡᠨ ᠠᠷᠤ ᠠᠴᠠ ᠳᠠᠭᠠᠷ᠎ᠠ ᠣᠷᠣᠬᠤ ᠶᠢ ᠢᠳᠬᠠᠭᠰᠠᠨ ᠦᠭᠡ ᠬᠡᠯᠡᠬᠦ ᠳᠦ ᠨᠢ ᠲᠡᠷᠡ ᠪᠡᠷ ᠶᠡᠬᠡᠳᠡ ᠤᠨᠠᠲᠠᠯ᠎ᠠ ᠨᠢ ᠠᠯᠠᠭᠠᠳᠠᠭᠰᠠᠨ ᠭᠡᠳᠡᠭ ᠶᠠᠷᠢᠶ᠎ᠠ ᠪᠤᠢ᠃
ᠨᠢᠭᠡ ᠤᠳᠠᠭ᠎ᠠ ᠴᠣᠶᠢᠪᠠᠯᠰᠠᠩ ᠤᠯᠠᠭᠠᠨᠪᠠᠭᠠᠲᠤᠷ ᠠᠴᠠ ᠬᠣᠪᠳᠣ ᠣᠷᠣᠵᠤ ᠶᠠᠪᠤᠭᠰᠠᠨ ᠢᠶᠠᠨ ᠭᠡᠨᠡᠳᠲᠡ ᠵᠠᠮ ᠢᠶᠠᠨ ᠥᠭᠡᠷᠡᠴᠢᠯᠡᠵᠦ᠂ ᠠᠶᠠᠯᠠᠯ ᠤᠨ ᠲᠥᠯᠥᠪᠯᠡᠭᠡ ᠶᠢ ᠡᠪᠳᠡᠨ ᠴᠤᠪᠤᠷᠠᠭᠰᠠᠨ ᠣᠯᠠᠨ ᠲᠡᠷᠭᠡ ᠶᠢ ᠠᠶᠢᠮᠠᠭ ᠤᠨ ᠳᠠᠪᠤᠰᠤᠲᠤ ᠰᠤᠮᠤ ᠳᠠᠭᠠᠭᠤᠯᠤᠨ ᠳᠠᠪᠬᠢᠵᠠᠢ᠃ ᠲᠡᠨᠳᠡ ᠪᠠᠯ ᠳᠠᠷᠤᠭ᠎ᠠ ᠡᠵᠢ ᠶᠢᠨ ᠳᠦ ᠪᠡᠨ ᠠᠮᠠᠷᠠᠵᠤ ᠪᠠᠶᠢᠵᠤ᠃ ᠡᠵᠢ ᠳᠦ ᠨᠢ ᠮᠥᠩᠭᠥᠨ ᠠᠶᠠᠭ᠎ᠠ ᠲᠠᠢ ᠬᠠᠳᠠᠭ ᠰᠦ᠋ ᠪᠠᠷᠢᠨ 《ᠪᠢ ᠮᠣᠩᠭᠣᠯ ᠠᠷᠠᠳ ᠤᠨ ᠬᠤᠪᠢᠰᠬᠠᠯᠲᠤ ᠨᠠᠮ ᠤᠨ ᠲᠥᠪ ᠬᠣᠷᠢᠶᠠᠨ ᠤ ᠶᠡᠷᠦᠩᠬᠡᠢ ᠨᠠᠷᠢᠨ ᠳᠠᠷᠤᠭ᠎ᠠ ᠶᠢ ᠲᠥᠷᠦᠭᠦᠯᠦᠭᠰᠡᠨ ᠭᠠᠪᠢᠶ᠎ᠠ ᠲᠠᠢ ᠡᠬᠡ ᠵᠠᠶᠠᠭ᠎ᠠ ᠪᠠᠶᠠᠷ ᠬᠦᠷᠭᠡᠬᠦ ᠪᠡᠷ ᠠᠯᠤᠰ ᠬᠣᠯᠠ ᠵᠠᠮ ᠢ ᠲᠤᠭᠤᠯᠵᠤ᠂ ᠲᠠᠨ ᠤ ᠳᠥᠷᠪᠡᠳ ᠨᠤᠲᠤᠭ ᠲᠤ ᠢᠷᠡᠯ᠎ᠡ᠃ ᠲᠠ ᠪᠣᠯ ᠤᠯᠤᠰ ᠡᠬᠡ ᠣᠷᠣᠨ ᠳᠤ ᠪᠠᠨ ᠦᠨᠡᠬᠡᠷ ᠬᠡᠷᠡᠭᠲᠡᠢ ᠲᠥᠷᠦᠭᠦᠯᠵᠡᠢ᠃ ᠡᠬᠡ ᠬᠦᠮᠦᠨ ᠪᠣᠯᠭᠠᠨ ᠨᠠᠮ ᠤᠨ ᠲᠥᠪ ᠬᠣᠷᠢᠶᠠᠨ ᠤ ᠳᠠᠷᠤᠭ᠎ᠠ ᠶᠢ ᠲᠥᠷᠦᠭᠦᠯᠦᠭᠡᠳ ᠪᠠᠶᠢᠳᠠᠭ ᠶᠤᠮ ᠪᠢᠰᠢ ᠪᠡᠨ᠃ ᠮᠣᠩᠭᠣᠯ ᠠᠷᠠᠳ ᠤᠨ ᠬᠤᠪᠢᠰᠬᠠᠯᠲᠤ ᠨᠠᠮ ᠤᠨ ᠲᠥᠪ ᠬᠣᠷᠢᠶᠠᠨ ᠤ ᠶᠡᠷᠦᠩᠬᠡᠢ ᠨᠠᠷᠢᠨ ᠦᠨ ᠳᠠᠷᠤᠭ᠎ᠠ ᠪᠣᠯ ᠨᠠᠳᠠ ᠠᠴᠠ ᠲᠣᠮᠣ ᠬᠦᠮᠦᠨ ᠰᠢᠦ ᠳ᠋ᠡ᠃ ᠪᠢ ᠲᠠᠨ ᠤ ᠼᠡᠳᠡᠨᠪᠠᠯ ᠢ ᠨᠡᠯᠢᠶᠡᠳ ᠬᠡᠳᠦᠨ ᠵᠢᠯ ᠦᠨ ᠡᠮᠦᠨ᠎ᠡ ᠡᠴᠡ ᠰᠤᠳᠤᠯᠵᠤ ᠪᠠᠶᠢᠭᠰᠠᠨ᠃ ᠣᠷᠣᠰ ᠤᠯᠤᠰ ᠤᠨ ᠡᠷᠡᠬᠦᠦ ᠬᠣᠲᠠᠨ ᠰᠤᠷᠴᠤ ᠪᠠᠶᠢᠬᠤ ᠦᠶᠡᠰ ᠨᠢ ᠲᠠᠨᠢᠳᠠᠭ ᠪᠠᠶᠢᠭᠰᠠᠨ᠃ ᠼᠡᠳᠡᠨᠪᠠᠯ ᠦᠨᠡᠬᠡᠷ ᠤᠬᠠᠭᠠᠨ ᠲᠠᠢ᠂ ᠡᠷᠳᠡᠮ ᠢ ᠰᠢᠮᠳᠠᠨ ᠰᠢᠨ᠎ᠡ ᠬᠦᠴᠦᠨ ᠤᠴᠢᠷ ᠠᠴᠠ ᠰᠠᠩ ᠤᠨ ᠶᠠᠮᠤᠨ ᠤ ᠰᠠᠶᠢᠳ ᠢᠶᠠᠷ ᠲᠠᠯᠪᠢᠭᠠᠳ ᠠᠵᠢᠯ ᠳᠡᠭᠡᠷ᠎ᠡ ᠨᠢ ᠪᠠᠰᠠ ᠠᠩᠬᠠᠷᠴᠤ ᠰᠤᠳᠤᠯᠪᠠ᠃ ᠼᠡᠳᠡᠨᠪᠠᠯ ᠠᠵᠢᠯ ᠳᠤ ᠪᠠᠨ ᠨᠢᠭᠲᠠ ᠨᠢᠮᠪᠠᠢ᠂ ᠡᠵᠡᠨ ᠪᠣᠯᠳᠠᠭ ᠢᠶᠠᠷ ᠢᠶᠠᠨ ᠣᠨᠴᠠᠯᠢᠭ ᠲᠠᠢ᠃ ᠵᠠᠪ ᠴᠢᠯᠦᠭᠡ ᠪᠦᠬᠦᠨ ᠢ ᠨᠣᠮ ᠤᠩᠰᠢᠬᠤ ᠳᠤ ᠵᠣᠷᠢᠭᠤᠯᠵᠤ᠂ ᠮᠡᠳᠡᠯᠭᠡ ᠪᠡᠨ ᠢᠮᠠᠭᠲᠠ ᠪᠠᠶᠢᠳᠠᠭ᠃ ᠵᠠᠩ ᠠᠭᠠᠰᠢ ᠪᠠᠷ ᠲᠣᠭᠲᠠᠭᠤᠨ ᠲᠣᠮᠣᠭᠠᠲᠠᠢ᠃ ᠮᠣᠩᠭᠣᠯ ᠤᠯᠤᠰ ᠲᠤ ᠡᠷᠳᠡᠮ ᠮᠡᠳᠡᠯᠭᠡ ᠲᠡᠢ ᠬᠦᠮᠦᠨ ᠬᠡᠷᠡᠭᠲᠡᠢ᠃ ᠼᠡᠳᠡᠨᠪᠠᠯ ᠪᠣᠯ ᠮᠣᠩᠭᠣᠯ ᠤᠯᠤᠰ ᠢᠶᠠᠨ ᠳᠦ ᠦᠨᠡᠬᠡᠷ ᠲᠤᠰᠠ ᠪᠣᠯᠵᠤ ᠴᠢᠳᠠᠬᠤ ᠬᠦᠮᠦᠨ᠃ ᠡᠶᠢᠮᠦ ᠲᠥᠷᠦᠭᠦᠯᠵᠦ ᠲᠠᠨ ᠳᠤ ᠪᠠᠶᠠᠷᠯᠠᠯ᠎ᠠ》 ᠭᠡᠵᠦ ᠬᠡᠯᠡᠵᠦ ᠃
ᠮᠣᠩᠭᠣᠯ ᠤᠨ ᠨᠡᠶᠢᠭᠡᠮ ᠳᠦ ᠨᠣᠴᠢᠲᠠᠢ ᠰᠥᠷᠭᠦ ᠦᠷ᠎ᠡ ᠳᠠᠭᠠᠪᠤᠷᠢ ᠠᠪᠴᠢᠷᠠᠭᠰᠠᠨ ᠪᠤᠷᠠᠩᠭᠤᠢ ᠣᠯᠠᠨ ᠦᠢᠯᠡ ᠶᠠᠪᠤᠳᠠᠯ ᠲᠠᠢ ᠲᠡᠷᠡ ᠪᠡᠷ ᠰᠢᠭᠤᠳ ᠬᠣᠯᠪᠣᠭ᠎ᠠ ᠲᠠᠢ ᠪᠣᠯᠪᠠᠴᠤ ᠡᠴᠦᠰ ᠦᠨ ᠡᠴᠦᠰ ᠲᠦ ᠮᠣᠩᠭᠣᠯ ᠤᠯᠤᠰ ᠤᠨ ᠲᠤᠰᠠᠭᠠᠷ ᠲᠣᠭᠲᠠᠨᠢᠯ ᠤᠨ ᠲᠥᠯᠦᠭᠡ ᠮᠢᠲᠠᠷᠠᠰᠢ ᠦᠭᠡᠢ ᠲᠡᠮᠡᠴᠡᠵᠦ᠂ ᠪᠤᠶᠠᠨ ᠨᠢᠭᠦᠯ ᠢ ᠳᠡᠩᠰᠡᠯᠡᠬᠦ ᠠᠮᠠᠷ ᠦᠭᠡᠢ ᠬᠤᠪᠢ ᠵᠠᠶᠠᠭ᠎ᠠ ᠮᠠᠷᠱᠠᠯ ᠴᠣᠶᠢᠪᠠᠯᠰᠠᠩ ᠳᠤ ᠨᠣᠭᠳᠠᠭᠰᠠᠨ ᠶᠤᠮ᠃ ᠴᠤᠬᠤᠮ ᠬᠦ ᠥᠩᠭᠡᠷᠡᠭᠰᠡᠨ ᠲᠡᠦᠬᠡ ᠶᠢᠨ ᠬᠠᠲᠠᠭᠤᠬᠠᠨ ᠰᠤᠷᠭᠠᠮᠵᠢ ᠭᠡᠵᠦ ᠡᠨᠡ ᠪᠤᠶᠤ. ᠲᠥᠷᠦ ᠶᠢᠨ ᠢᠶᠡᠨ ᠲᠤᠰᠠᠭᠠᠷ ᠲᠣᠭᠲᠠᠨᠢᠯ ᠢ ᠰᠲ᠋ᠠᠯᠢᠨ ᠢᠶᠠᠷ ᠬᠦᠯᠢᠶᠡᠨ ᠵᠥᠪᠰᠢᠶᠡᠷᠡᠭᠦᠯᠵᠦ᠂ ᠮᠣᠩᠭᠣᠯ ᠣᠷᠣᠨ ᠤ ᠪᠠᠨ ᠲᠡᠦᠬᠡ ᠶᠢᠨ ᠡᠷᠢᠶᠡᠨ ᠪᠠᠷᠠᠭᠠᠨ ᠢ ᠣᠢ ᠤᠬᠠᠭᠠᠨ ᠳᠤ ᠪᠠᠨ ᠨᠢᠭᠤᠴᠠᠯᠠᠨ ᠬᠠᠳᠠᠭᠠᠯᠠᠭᠰᠠᠨ ᠮᠠᠷᠱᠠᠯ ᠬ ∙ ᠴᠣᠶᠢᠪᠠᠯᠰᠠᠩ ᠮᠠᠷᠱᠠᠯ ᠵᠢᠺᠣᠸ ᠤᠨ ᠬᠠᠮᠲᠤ ᠮᠥᠷᠦ ᠵᠡᠷᠭᠡᠴᠡᠨ ᠶᠠᠫᠣᠨᠴᠤᠳ ᠲᠠᠢ ᠲᠤᠯᠤᠯᠳᠤᠵᠤ᠂ 1945 ᠣᠨ ᠤ ᠴᠢᠯᠦᠭᠡᠯᠡᠬᠦ ᠳᠠᠶᠢᠨ ᠳᠤ ᠮᠣᠩᠭᠣᠯ ᠴᠡᠷᠢᠭ ᠦᠳ ᠢᠶᠡᠨ ᠤᠳᠤᠷᠢᠳᠤᠨ ᠣᠷᠣᠯᠴᠠᠵᠤ᠂ ᠶᠡᠬᠡ ᠢᠯᠠᠯᠲᠠ ᠶᠢ ᠠᠪᠴᠢᠷᠠᠯᠴᠠᠭᠰᠠᠨ ᠢ ᠪᠢᠳᠡᠨ ᠦ ᠬᠣᠶᠢᠴᠢ ᠦᠶ᠎ᠡ ᠮᠥᠩᠬᠡ ᠰᠠᠨᠠᠵᠤ ᠶᠠᠪᠤᠬᠤ ᠡᠭᠦᠷᠭᠡ ᠲᠡᠢ᠃
ᠮᠠᠷᠱᠠᠯ ᠢ 1952 ᠣᠨ ᠳᠤ ᠭᠡᠨᠡᠳᠲᠡ ᠨᠠᠰᠤ ᠪᠠᠷᠠᠬᠤ ᠳᠤ ᠨᠢ ᠨᠠᠮ ᠤᠨ ᠲᠥᠪ ᠬᠣᠷᠢᠶᠠᠨ ᠤ ᠶᠡᠷᠦᠩᠬᠡᠢ ᠨᠠᠷᠢᠨ
ᠦᠨ ᠳᠠᠷᠤᠭ᠎ᠠ ᠶᠦ᠃ ᠼᠡᠳᠡᠨᠪᠠᠯ ᠲᠦᠷᠦᠭᠰᠡᠨ ᠡᠴᠢᠭᠡ ᠰᠢᠭ ᠢᠶᠡᠨ ᠬᠦᠨᠳᠦᠳᠬᠡᠨ ᠬᠠᠶᠢᠷᠠᠯᠠᠵᠤ ᠶᠠᠪᠤᠭᠰᠠᠨ ᠲᠡᠭᠦᠨ ᠳᠦ ᠪᠡᠨ ᠰᠡᠭᠦᠯᠴᠢ ᠶᠢᠨ ᠬᠦᠨᠳᠦᠳᠬᠡᠯ ᠦᠵᠡᠭᠦᠯᠬᠦ ᠪᠡᠷ ᠮᠣᠰᠺᠸᠠ ᠵᠣᠷᠢᠵᠠᠢ᠃ ᠮᠠᠷᠱᠠᠯ ᠤᠨ ᠱᠠᠷᠢᠯ ᠢ ᠠᠴᠢᠭᠰᠠᠨ ᠭᠠᠯᠲᠤ ᠲᠡᠷᠭᠡ ᠣᠷᠣᠰ ᠣᠷᠣᠨ ᠤ ᠨᠤᠲᠤᠭ ᠢᠶᠠᠷ ᠮᠣᠩᠭᠣᠯ ᠷᠤ ᠪᠤᠴᠠᠬᠤ ᠳᠤ ᠵᠠᠮ ᠳᠠᠭᠠᠤ ᠢᠵᠢᠯ ᠮᠥᠷᠡᠨ ᠦ ᠬᠠᠪᠢ᠂ ᠤᠷᠠᠯ᠂ ᠰᠢᠪᠢᠷᠢ ᠶᠢᠨ ᠥᠷᠲᠡᠭᠡᠨ ᠨᠦᠭᠦᠳ ᠳᠡᠭᠡᠷ᠎ᠡ ᠴᠤᠭᠯᠠᠭᠠᠨ ᠬᠢᠵᠦ ᠬᠣᠲᠠ ᠨᠤᠭᠤᠳ ᠤᠨ ᠲᠥᠯᠥᠭᠡᠯᠡᠭᠴᠢᠳ ᠴᠡᠴᠡᠭ ᠡᠷᠭᠦᠵᠦ ᠪᠠᠶᠢᠴᠠᠢ᠃
ᠮᠠᠷᠱᠠᠯ ᠢ 《ᠮᠣᠩᠭᠣᠯ ᠳᠤ ᠶᠡᠬᠡ ᠬᠡᠯᠮᠡᠭᠳᠡᠯ ᠢ ᠵᠣᠬᠢᠶᠠᠨ ᠪᠠᠶᠢᠭᠤᠯᠤᠭᠰᠠᠨ》᠂ 《ᠨᠢᠭᠡ ᠬᠦᠮᠦᠨ ᠢ ᠲᠠᠬᠢᠨ ᠰᠢᠲᠦᠬᠦ》 ᠦᠵᠡᠯ ᠢ ᠬᠡᠷᠡᠭᠵᠢᠭᠦᠯᠦᠭᠰᠡᠨ ᠬᠡᠮᠡᠨ ᠪᠤᠷᠤᠭᠤᠳᠬᠠᠵᠤ᠂ ᠮᠠᠷᠱᠠᠯ ᠴᠣᠶᠢᠪᠠᠯᠰᠠᠩ ᠤᠨ ᠨᠡᠷᠡᠮᠵᠢᠲᠦ ᠱᠠᠩᠨᠠᠯ ᠢ ᠲᠥᠷᠦ ᠶᠢᠨ ᠱᠠᠩᠨᠠᠯ ᠪᠣᠯᠭᠠᠨ ᠦᠭᠡᠷᠡᠴᠢᠯᠡᠬᠦ᠂ ᠪᠣᠭᠳᠠ ᠬᠠᠨ ᠠᠭᠤᠯᠠ ᠶᠢ ᠮᠠᠷᠱᠠᠯ ᠤᠨ ᠨᠡᠷ᠎ᠡ ᠪᠡᠷ ᠨᠡᠷᠡᠯᠡᠵᠦ ᠪᠠᠶᠢᠭᠰᠠᠨ ᠢ ᠨᠢ ᠪᠣᠯᠢᠭᠤᠯᠬᠤ ᠠᠷᠭ᠎ᠠ ᠬᠡᠮᠵᠢᠶ᠎ᠡ ᠠᠪᠤᠭᠰᠠᠨ ᠳᠤ ᠪᠠᠨ ᠦᠭᠡᠢ ᠪᠦᠷ ᠪᠦᠬᠦ ᠭᠠᠪᠢᠶ᠎ᠠ ᠱᠠᠩᠨᠠᠯ ᠢ ᠬᠤᠷᠢᠶᠠᠬᠤ᠂ ᠮᠣᠩᠭᠣᠯ ᠤᠯᠤᠰ ᠤᠨ ᠶᠡᠬᠡ ᠰᠤᠷᠭᠠᠭᠤᠯᠢ ᠤᠨ ᠡᠮᠦᠨ᠎ᠡ ᠪᠣᠰᠬᠠᠭᠰᠠᠨ ᠬᠥᠰᠢᠭᠡ ᠶᠢ ᠨᠢ ᠬᠦᠷᠲᠡᠯ᠎ᠡ ᠪᠠᠭᠤᠯᠭᠠᠬᠤ ᠭᠡᠵᠦ ᠲᠥᠪ ᠬᠣᠷᠢᠶᠠᠨ ᠤ ᠦᠵᠡᠯ ᠰᠤᠷᠲᠠᠯ ᠡᠷᠬᠢᠯᠡᠭᠰᠡᠨ ᠳᠠᠷᠤᠭ᠎ᠠ ᠨᠠᠷ ᠵᠢᠳᠬᠦᠬᠦ ᠳᠦ ᠨᠢ 《ᠪᠢ ᠰᠲ᠋ᠠᠯᠢᠨ ᠤ ᠶᠢ ᠪᠠᠭᠤᠯᠭ᠎ᠠ ᠭᠡᠵᠦ ᠬᠷᠤᠱᠧᠸ ᠢ ᠶᠠᠩᠵᠤ ᠪᠦᠷᠢ ᠪᠡᠷ ᠰᠢᠬᠠᠬᠤ ᠳᠤ ᠨᠢ ᠲᠠᠰᠤ ᠬᠥᠨᠳᠡᠯᠡᠨ ᠵᠣᠭᠰᠣᠭᠰᠠᠨ᠃ ᠲᠠ ᠨᠠᠷ ᠨᠠᠭᠠᠳᠤᠬᠢ ᠦᠵᠡᠯ ᠰᠠᠨᠠᠭ᠎ᠠ ᠪᠠᠨ ᠣᠳᠣᠬᠠᠨ ᠲᠣᠯᠣᠭᠠᠢ ᠠᠴᠠ ᠪᠠᠨ ᠠᠪᠴᠤ ᠬᠠᠶᠠ》 ᠭᠡᠵᠦ ᠠᠭᠤᠷᠠᠭᠰᠠᠨ ᠵᠠᠩᠳᠤᠷᠤᠭᠠᠳ ᠣᠭᠲᠣ ᠬᠥᠳᠡᠯᠦᠭᠡ ᠦᠭᠡᠢ ᠭᠡᠳᠡᠭ ᠶᠤᠮ ᠪᠢᠯᠡ᠃
ᠮᠠᠷᠱᠠᠯ ᠬ ∙ ᠴᠣᠶᠢᠪᠠᠯᠰᠠᠩ ᠤᠨ ᠬᠣᠶᠢᠴᠢ ᠦᠶ᠎ᠡ ᠶᠢᠨ ᠪᠢᠳᠡᠨ ᠳᠦ ᠵᠠᠬᠢᠩ ᠦᠯᠡᠳᠡᠭᠡᠭᠰᠡᠨ ᠬᠠᠲᠠᠭᠤ ᠭᠡᠷᠢᠶᠡᠰᠯᠡᠯ ᠪᠣᠯ 《ᠡᠷᠬᠢᠮᠯᠡᠵᠦ ᠶᠠᠪᠤᠭᠠᠷᠠᠢ ᠬᠡᠮᠡᠨ ᠮᠠᠰᠢᠳᠠ ᠢᠲᠡᠭᠡᠨ ᠡᠷᠬᠡ ᠴᠢᠯᠦᠭᠡ ᠲᠤᠰᠠᠭᠠᠷ ᠲᠣᠭᠲᠠᠨᠢᠯ ᠢ ᠲᠠ ᠨᠠᠷ ᠲᠤ ᠦᠯᠡᠳᠡᠭᠡᠪᠡ》 ᠭᠡᠰᠡᠨ ᠦᠭᠡ ᠶᠢ ᠥᠨᠥᠳᠥᠷ ᠬᠦᠮᠦᠨ ᠪᠦᠷᠢ ᠰᠠᠨᠠᠵᠤ ᠶᠠᠪᠤᠭᠤᠰᠢᠲᠠᠢ᠃ ᠮᠠᠰᠢ ᠶᠡᠬᠡ ᠦᠨ᠎ᠡ ᠪᠡᠷ ᠣᠯᠳᠠᠭᠰᠠᠨ ᠪᠢᠳᠡᠨ ᠦ ᠲᠤᠰᠠᠭᠠᠷ ᠲᠣᠭᠲᠠᠨᠢᠯ ᠤᠨ ᠠᠴᠢ ᠬᠣᠯᠪᠣᠭᠳᠠᠯ ᠠᠰᠤᠷᠤ ᠥᠨᠳᠥᠷ ᠶᠤᠮ ᠰᠢᠦ᠃
ᠱ ∙ ᠫᠦᠷᠪᠦᠰᠦ᠋ᠷᠦᠩ