-
63973
ᠰᠠᠢᠨ ᠪᠠᠢᠨ᠎ᠠ ᠦᠦ᠂ ᠬᠤᠯᠪᠤᠭ᠎ᠠ
2019-10-25 15:07
185
0
ᠰᠠᠢᠨ ᠪᠠᠢᠨ᠎ᠠ ᠦᠦ᠂ ᠬᠤᠯᠪᠤᠭ᠎ᠠ ᠮᠢᠨᠢ
ᠰᠠᠷᠠᠪᠴᠢᠯᠠᠨ ᠬᠠᠷᠠᠭᠰᠠᠭᠠᠷ ᠰᠠᠭᠤᠨ᠎ᠠ ᠦᠦ
ᠰᠠᠢᠬᠠᠨ ᠵᠤᠬᠢᠶᠠᠯ ᠤᠨ ᠲᠡᠭᠡᠵᠢ ᠪᠠᠨ
ᠰᠢᠨᠡᠳᠬᠡᠨ ᠲᠡᠪᠰᠢᠬᠦᠯᠦᠬᠡᠳ ᠪᠠᠢᠨ᠎ᠠ ᠦᠦ
ᠤᠷᠠᠨ ᠵᠤᠬᠢᠶᠠᠯ᠂ ᠢᠷᠡᠭᠤ ᠨᠠᠢᠷᠠᠭ ᠤᠨ ᠲᠠᠢᠴᠢᠳ
ᠤᠬᠠᠭᠠᠨ ᠮᠦᠴᠢᠶᠡᠷᠬᠡᠨ ᠤᠶᠠᠩᠭᠠᠯᠠᠭᠠᠳ ᠪᠠᠢᠨ᠎ᠠ ᠦᠦ
ᠤᠷᠤᠭ ᠤᠨ ᠵᠠᠷ᠂ ᠦᠷᠯᠦᠭᠡ ᠶᠢᠨ ᠮᠡᠳᠡᠭᠡ ᠪᠡᠷ ᠴᠢᠨᠢ
ᠤᠯᠤᠰ ᠤᠳ ᠢᠷᠡᠭᠡᠳ ᠴᠡᠴᠡᠭ ᠬᠦᠷᠬᠡᠬᠡᠳ ᠪᠠᠢᠨ᠎ᠠ ᠦᠦ
ᠤᠲᠤᠷᠴᠢᠨ ᠪᠢ ᠬᠤᠯᠠ ᠨᠡᠬᠦᠭᠰᠡᠨ ᠴᠦ
ᠤᠷᠤᠨ ᠮᠤᠩᠭᠤᠯ ᠢᠶᠠᠨ ᠮᠠᠷᠳᠠᠭ᠎ᠠ ᠦᠭᠡᠢ ᠶᠠᠪᠤᠨ᠎ᠠ
ᠡᠳᠤᠷ ᠡᠳᠤᠷ ᠪᠦᠷᠭᠡ ᠳᠦ ᠮᠢᠨᠢ ᠢᠷᠡᠳᠡᠭ
ᠡᠳᠤᠷ ᠡᠳᠤᠷ ᠪᠦᠷᠭᠡ ᠳᠦ ᠴᠢᠨᠢ ᠤᠴᠢᠳᠠᠭ
ᠡᠨᠡ ᠨᠤᠲᠤᠭ ᠤᠨ ᠠᠢᠯ ᠤᠳ ᠶᠡᠬᠡ ᠪᠠᠶᠠᠨ
ᠦᠨᠡᠨᠴᠢ ᠰᠢᠳᠦᠷᠭᠤ ᠦᠪᠦᠷ ᠮᠤᠩᠭᠤᠯ ᠬᠢᠳᠡᠭ ᠪᠢᠯᠡ
ᠣᠳᠤ ᠸᠢᠴᠢᠶᠠᠲ᠂ ᠪᠠᠢᠨᠦ ᠶᠢᠨ ᠲᠤᠭᠤᠷᠢᠭ ᠳᠤ ᠨᠡᠬᠦᠭᠰᠡᠨ ᠴᠦ
ᠬᠠᠷᠢᠵᠦ ᠢᠷᠡᠵᠦ ᠬᠣᠨᠢ ᠪᠠᠨ ᠤᠰᠤᠯᠠᠵᠦ ᠪᠠᠢᠭᠠᠷᠠᠢ
ᠬᠤᠯᠪᠤᠭ᠎ᠠ ᠭᠡᠳᠡᠭ ᠦᠩᠰᠢᠭ ᠰᠠᠢᠬᠠᠨ ᠪᠡᠯᠴᠢᠬᠡᠷ ᠲᠠᠢ
ᠦᠨᠢᠷ ᠪᠠᠶᠠᠨ ᠭᠠᠵᠠᠷ ᠨᠤᠲᠤᠭ ᠮᠢᠨᠢ ᠶᠤᠮ
ᠦᠷᠬᠡᠨ ᠮᠡᠳᠡᠯᠬᠡ ᠲᠠᠢ᠂ ᠦᠨᠳᠦᠷ ᠰᠤᠶᠤᠯ ᠲᠠᠢ
ᠦᠪᠦᠷ ᠮᠤᠩᠭᠤᠯ ᠮᠢᠨᠢ ᠂ ᠬᠤᠷᠤᠢ᠂ ᠬᠤᠷᠤᠢ