 

ᠡᠬᠡ ᠪᠠᠶᠢᠭᠠᠯᠢ ᠶᠢᠨ ᠭᠠᠶᠢᠬᠠᠮᠰᠢᠭᠳᠤ ᠤᠷᠠᠯᠢᠭ — ᠮᠤᠩᠭᠤᠯ ᠦᠰᠦᠭ ᠲᠠᠢ ᠮᠠᠨᠤ ᠴᠢᠯᠠᠭᠤ

2018-07-19 15:18
  273
  1

   ︽ᠬᠦᠭᠡ ᠮᠤᠩᠭᠤᠯ︾ ᠭᠡᠰᠡᠡ ᠤᠷᠠᠠ ᠪᠢᠴᠢᠯᠭᠡ ᠶᠢᠨ ᠦᠰᠦᠭ ᠢᠯᠡᠷᠡᠭᠰᠡᠡ ᠡᠨᠡᠬᠦ ᠭᠤᠪᠢ ᠶᠢᠨ ᠮᠠᠨᠤ ᠴᠢᠯᠠᠭᠤ ᠤᠳᠤ ᠰᠢᠯᠢ ᠶᠢᠨ ᠭᠤᠤᠯ ᠠᠶᠢᠮᠠᠭ ᠤᠨ ᠪᠤᠳᠠᠷ ᠮᠢᠬᠠᠠ ᠴᠢᠯᠠᠭᠤ ᠤᠷᠠᠯᠢᠭ ᠤᠨ ᠮᠦᠽᠸᠢ ᠶᠢᠨ ︽ᠮᠤᠯᠤᠷ ᠡᠷᠳᠡᠨᠢ︾᠎ ᠨᠢ ᠪᠤᠯᠵᠦ ᠬᠠᠳᠠᠭᠠᠯᠠᠭᠳᠠᠵᠦ ᠪᠠᠶᠢᠨ᠎ᠠ᠃ ᠲᠦᠷᠦᠭᠦᠭᠡᠡ᠂ ᠰᠤᠷᠪᠤᠯᠵᠢᠯᠠᠭᠴᠢ ᠰᠢᠯᠢᠩᠬᠤᠳᠠ ᠳᠤ ᠰᠤᠷᠪᠤᠯᠵᠢᠯᠠᠬᠤ ᠪᠠᠷ ᠬᠦᠷᠦᠭᠡᠳ ᠡᠨᠡᠬᠦ ᠶᠠᠪᠤᠳᠠᠯ ᠢ ᠪᠤᠰᠤᠳ ᠠᠴᠠ ᠠᠩᠬ᠎ᠠ ᠰᠤᠨᠤᠰᠬᠤ ᠳᠤ ᠢᠳᠡᠭᠡᠵᠦ ᠶᠠᠳᠠᠠ᠂ ᠲᠤᠬᠠᠢ ᠶᠢᠨ ᠭᠠᠵᠠᠷ ᠲᠤᠨᠢ ᠬᠦᠷᠴᠦ ᠨᠢᠳᠦ ᠪᠠᠷ ᠢᠶᠠᠨ ᠦᠵᠡᠭᠡᠳ ᠡᠷᠬᠡ ᠦᠬᠡᠢ ᠭᠠᠶᠢᠬᠠᠰᠢ ᠠᠯᠳᠠᠠ᠂ ᠡᠭᠡ ᠪᠠᠶᠢᠭᠠᠯᠢ ᠶᠢᠨ ᠲᠠᠭᠠᠭᠳᠠᠰᠢ ᠦᠭᠡᠢ ᠬᠠᠴᠢᠨ ᠭᠠᠶᠢᠬᠠᠮᠰᠢᠭ ᠪᠠ ᠡᠴᠢᠨ᠎ᠠ ᠨᠢᠭᠤᠴᠠᠬᠠᠢ ᠤᠪᠠᠳᠢᠰ ᠬᠦᠴᠦᠨ ᠢ ᠪᠢᠰᠢᠷᠡᠭᠰᠡᠡ ᠶᠤᠮ᠃ ᠲᠤᠰ ᠮᠦᠽᠸᠢ ᠶᠢᠨ ᠲᠠᠷᠤᠭ᠎ᠠ ᠦ᠋ ᠰᠢᠩ ᠠᠪᠤᠭᠠᠢ᠂ ᠰᠤᠷᠪᠤᠯᠵᠢᠯᠠᠭᠴᠢ ᠳᠤ ᠲᠦᠷᠦᠭᠦᠭᠡᠡ ᠱᠧᠨ᠋ᠵᠧᠨ ᠳᠤ ᠪᠤᠯᠤᠭᠰᠠᠠ ᠯᠦᠩ ᠶᠤᠸᠠᠠ ᠤ ︽ᠨᠢᠭᠡ ᠪᠦᠰᠡ ᠨᠢᠭᠡ ᠵᠠᠮ︾᠎ ᠤᠨ ᠤᠯᠠᠠ ᠤᠯᠤᠰ ᠤᠨ ᠬᠠᠴᠢᠨ ᠴᠢᠯᠠᠭᠤᠨ ᠤ ᠰᠤᠶᠤᠯ ᠤᠨ ᠦᠵᠡᠰᠭᠦᠯᠡᠩ ᠲᠡᠭᠡᠷ᠎ᠠ ᠲᠤᠰ ︽ᠡᠷᠳᠡᠨᠢ ᠶᠢᠨ ᠴᠢᠯᠠᠭᠤ︾᠎ ᠪᠠᠷ ᠬᠦᠷᠳᠡᠭᠰᠡᠡ ᠠᠯᠳᠠᠠ ᠱᠠᠩᠨᠠᠯ ᠢᠶᠠᠨ ᠭᠠᠶᠢᠬᠠᠭᠤᠯᠤᠨ ᠪᠠᠶᠢᠵᠦ ᠂ ᠡᠨᠡ ᠴᠢᠯᠠᠭᠤ ᠶᠢ ᠲᠡᠭᠦᠵᠦ ᠤᠯᠤᠭᠰᠠᠠ ᠬᠤᠪᠢ ᠢᠷᠦᠭᠡᠯ ᠢᠶᠠᠨ ᠮᠠᠰᠢ ᠤᠷᠮ᠎ᠠ ᠲᠠᠢ ᠡᠷᠭᠢᠴᠡᠭᠦᠯᠤᠨ ᠬᠡᠯᠡᠬᠦ ᠳᠤ ᠪᠠᠨ᠄ ︽ ᠬᠡᠯᠡᠬᠦ ᠠᠴᠠ ᠳ᠋ᠠ᠂ ᠪᠦᠷ ᠯᠡ ᠰᠠᠨᠠᠮᠰᠠᠷ ᠦᠭᠡᠢ ᠲᠠᠭᠠᠷᠠᠭᠰᠠᠠ ᠭᠡᠨᠡᠳᠳᠡ ᠶᠢᠨ ᠲᠤᠬᠢᠶᠠᠯᠳᠤᠯ ᠡ᠃ ᠬᠠᠴᠢᠨ ᠴᠢᠯᠠᠭᠤ ᠴᠤᠭᠯᠠᠭᠤᠯᠬᠤ ᠲᠤᠷ᠎ᠠ ᠪᠠᠭ᠋ᠠᠳᠠᠢ ᠪᠢ ᠴᠢᠨᠢ 2014 ᠤᠨ ᠤ 5 ᠰᠠᠷ᠎ᠠ ᠳᠤ ᠶᠤᠸᠠᠠ ᠤ ᠲᠡᠭᠡᠳᠦ ᠨᠡᠶᠢᠰᠯᠡᠯ ᠤᠨ ᠪᠠᠭᠤᠷᠢ ᠤᠷᠴᠢᠮ ᠤᠨ ᠰᠢᠯᠤᠭᠤᠨ ᠬᠦᠭᠡ ᠠᠴᠠ ᠲᠤᠯᠤᠨ ᠨᠤᠤᠷ ᠬᠦᠷᠬᠦ ᠬᠤᠭᠤᠷᠤᠨᠳᠤᠬᠢ ᠭᠤᠷᠪᠠᠠ ᠬᠠᠪᠴᠢᠯ ᠭᠡᠰᠡᠡ ᠭᠠᠵᠠᠷ ᠠᠴᠠ ᠡᠨᠡ ᠴᠢᠯᠠᠭᠤ ᠶᠢ ᠲᠡᠭᠦᠵᠦ ᠤᠯᠤᠭᠰᠠᠠ ᠶᠤᠮ᠃ ᠭᠠᠳᠠᠷ ᠪᠠᠶᠢᠳᠠᠯ ᠠᠴᠠ ᠨᠢ ᠬᠠᠷᠠᠬᠤ ᠳᠤ ᠠᠪᠤᠷᠭᠤ ᠬᠦᠷᠪᠡᠯ ᠤᠨ ᠦᠨᠳᠡᠭᠡ ᠰᠢᠭ ᠢᠯᠠᠮ ᠦᠭᠡᠢ ᠲᠤᠰ ᠴᠢᠯᠠᠭᠤ ᠶᠢ ᠤᠯᠵᠦ ᠢᠷᠡᠭᠡᠳ ᠶᠠᠮᠠᠷ ᠴᠦ ᠤᠴᠢᠷ ᠪᠤᠯᠭᠠᠭᠰᠠᠠ ᠦᠭᠡᠢ ᠭᠡᠷ ᠤᠨ ᠬᠤᠶᠢᠮᠤᠷ ᠲᠤ ᠬᠠᠶᠠᠭᠠᠳ ᠬᠤᠶᠠᠷ ᠵᠢᠯ ᠪᠤᠯᠤᠯ᠎ᠠ᠃ ᠬᠡᠵᠢᠶ᠎ᠠ ᠬᠤᠶᠢᠨ᠎ᠠ ᠨᠢ ᠤᠪᠤᠭ᠎ᠠ ᠲᠠᠬᠢᠬᠤ ᠳᠤ ᠤᠷᠤᠯᠴᠠᠬᠤ ᠪᠤᠯᠭᠠᠠ ᠨᠢᠭᠡ ᠴᠢᠯᠠᠭᠤ ᠠᠪᠴᠦ ᠤᠴᠢᠳᠠᠭ ᠵᠠᠩᠰᠢᠯ ᠶᠤᠰᠤᠭᠠᠷ ᠢᠶᠠᠨ᠂ 2016 ᠤᠨ ᠤ ᠪᠢᠯᠢᠭ ᠤᠨ ᠤᠯᠠᠷᠢᠯ ᠤᠨ ᠲᠠᠪᠤᠨ ᠰᠠᠷ᠎ᠠ ᠶᠢᠨ ᠠᠷᠪᠠᠠ ᠭᠤᠷᠪᠠᠠ ᠤ ᠡᠳᠦᠷ ᠰᠢᠯᠢᠩᠬᠤᠳᠠ ᠶᠢᠨ ᠡᠷᠳᠡᠨᠢ ᠤᠪᠤᠭ᠎ᠠ ᠲᠠᠬᠢᠬᠤ ᠠᠵᠢᠯᠯᠠᠭ᠎ᠠ ᠳᠤ ᠤᠷᠤᠯᠴᠠᠬᠤ ᠪᠠᠷ ᠤᠴᠢᠬᠤ ᠳᠤ ᠪᠠᠨ ᠪᠢ ᠲᠤᠰ ᠴᠢᠯᠠᠭᠤ ᠪᠠᠨ ᠠᠪᠴᠦ ᠤᠴᠢᠭᠠᠳ ᠬᠠᠷᠢᠵᠦ ᠢᠷᠡᠭᠰᠡᠡ ᠤ ᠲᠠᠷᠠᠭ᠎ᠠ ᠠᠬ᠎ᠠ ᠪᠠᠷ ᠢᠶᠠᠨ ᠬᠢᠷᠦᠭᠡᠳᠦᠭᠦᠯᠦᠨ ᠬᠠᠭᠠᠯᠤᠭᠰᠠᠠ ᠳᠤ᠂ ᠬᠠᠷᠢᠨ ᠬᠡᠨ ᠴᠦ ᠰᠠᠨᠠᠮ᠎ᠠ ᠦᠭᠡᠢ ᠬᠠᠴᠢᠨ ᠶᠠᠪᠤᠳᠠᠯ ᠢᠯᠡᠷᠡᠪᠡ᠂ ᠬᠢᠷᠦᠭᠡᠳᠦᠰᠦ ᠶᠢᠨ ᠬᠢᠯᠠᠭᠠᠷ ᠬᠤᠶᠠᠷ ᠲᠠᠯ᠎ᠠ ᠳᠤ ᠮᠤᠩᠭᠤᠯ ᠦᠰᠦᠭ ᠤᠨ ᠲᠠᠳᠠᠯᠠᠭᠠᠠ ᠲᠢᠭ ᠤᠨ ︽ᠬᠦᠭᠡ ᠮᠤᠩᠭᠤᠯ︾ ᠭᠡᠰᠡᠡ ᠦᠰᠦᠭ ᠢᠯᠡᠷᠡᠪᠡ᠃ ᠰᠡᠭᠦᠯᠡᠷ ᠨᠢ᠂ ᠪᠢ ᠮᠤᠩᠭᠤᠯ ᠦᠰᠦᠭ ᠪᠢᠴᠢᠭ᠂ ᠤᠷᠠᠠ ᠪᠢᠴᠢᠯᠭᠡ ᠪᠠ ᠤᠷᠠᠠ ᠵᠢᠷᠤᠭ ᠤᠨ ᠬᠠᠮᠢᠶ᠎ᠠ ᠪᠦᠭᠦᠢ ᠡᠷᠳᠡᠮᠳᠡᠳ ᠢᠶᠠᠷ ᠦᠵᠡᠭᠦᠯᠦᠭᠰᠡᠡ ᠳᠤ᠂ ᠲᠡᠳᠡ ᠪᠦᠷ ᠡᠨᠡ ᠦᠰᠦᠭ ᠬᠠᠷᠢᠨ ᠡᠷᠳᠡᠨ ᠤ ᠮᠤᠩᠭᠤᠯ ᠦᠰᠦᠭ ᠪᠢᠴᠢᠭ ᠤᠨ ᠲᠠᠳᠠᠯᠠᠭᠠᠨ ᠲᠢᠭ ᠤᠨ ᠱᠠᠭᠠᠷᠳᠠᠯᠭ᠎ᠠ ᠯᠤᠭ᠎ᠠ ᠨᠡᠶᠢᠴᠡᠭᠰᠡᠡ ᠦᠰᠦᠭ ᠪᠠᠶᠢᠨ᠎ᠠ ᠭᠡᠵᠦ ᠦᠵᠡᠵᠡᠭᠡᠪᠡ᠃ ᠪᠠᠰᠠ ᠴᠢᠯᠠᠭᠤ ᠮᠡᠳᠡᠳᠡᠭ ᠪᠠ ᠴᠢᠯᠠᠭᠤ ᠰᠤᠳᠤᠯᠳᠠᠭ ᠬᠠᠮᠢᠶ᠎ᠠ ᠪᠦᠬᠦᠢ ᠬᠦᠮᠦᠰ ᠢᠶᠠᠷ ᠦᠵᠡᠭᠦᠯᠦᠭᠰᠡᠡ ᠳᠤ᠂ ᠲᠤᠰ ᠴᠢᠯᠠᠭᠤ ᠶᠢ ᠪᠠᠷᠤᠭ 2.3 ᠳ᠋ᠦᠩᠰᠢᠭᠤᠷ ᠵᠢᠯ ᠪᠤᠯᠵᠦ ᠪᠠᠶᠢᠨ᠎ᠠ ᠭᠡᠵᠦ ᠨᠤᠳᠠᠯᠠᠭᠰᠠᠠ ᠪᠠᠶᠢᠨ᠎ᠠ︾ ᠭᠡᠵᠦ ᠬᠡᠯᠡᠪᠡ᠃

     ᠬᠦᠷᠢᠶ᠎ᠠ ᠬᠤᠰᠢᠭᠤ ᠪᠠᠷ ᠨᠤᠳᠤᠭ ᠲᠠᠢ ᠦ᠋ ᠰᠢᠩ ᠠᠪᠤᠭᠠᠢ᠂ ᠬᠠᠰ ᠡᠷᠳᠡᠨᠢ ᠶᠢᠨ ᠬᠠᠴᠢᠨ ᠴᠢᠯᠠᠭᠤ ᠴᠤᠭᠯᠠᠭᠤᠯᠵᠦ ᠬᠠᠳᠠᠭᠠᠯᠠᠠ ᠡᠵᠡᠩᠨᠡᠬᠦ ᠠᠵᠢᠯ ᠢ ᠬᠢᠭᠡᠳ 15 ᠵᠢᠯ ᠤᠨ ᠨᠢᠭᠤᠷ ᠢᠶᠠᠨ ᠦᠵᠡᠵᠦ ᠪᠤᠢ᠃ ᠲᠡᠷᠡ ᠪᠠᠷ 2001 ᠤᠨ ᠳᠤ ᠶᠠᠫᠤᠨ ᠳᠤ ᠬᠦᠷᠴᠦ 10 ᠵᠢᠯ ᠰᠤᠷᠤᠯᠴᠠᠵᠦ ᠠᠵᠢᠯᠯᠠᠭᠠᠳ ᠬᠠᠷᠢᠵᠦ ᠢᠷᠡᠭᠰᠡᠡ ᠤ ᠪᠠᠨ ᠲᠠᠷᠠᠭ᠎ᠠ ᠰᠢᠯᠢᠩᠬᠤᠳᠠ ᠳᠤ ᠬᠠᠮᠤᠭ ᠲᠦᠷᠦᠭᠦᠦ ᠬᠠᠴᠢᠨ ᠴᠢᠯᠠᠭᠤ ᠶᠢ ᠪᠠᠭ᠋ᠠᠷᠬᠠᠠ ᠰᠤᠨᠢᠷᠬᠠᠬᠤ ᠰᠤᠶᠤᠯ ᠤᠨ ᠠᠷᠠᠯᠵᠢᠶ᠎ᠠ ᠶᠢ ᠡᠵᠡᠩᠨᠡᠡ᠂ 2015 ᠤᠨ ᠳᠤ ︽ ᠰᠢᠯᠢ ᠶᠢᠨ ᠭᠤᠤᠯ ᠠᠶᠢᠮᠠᠭ ᠤᠨ ᠪᠤᠳᠠᠷ ᠮᠢᠬᠠᠠ ᠴᠢᠯᠠᠭᠤᠨ ᠤ ᠤᠷᠠᠯᠢᠭ ᠤᠨ ᠮᠦᠽᠸᠢ︾᠎ ᠶᠢ ᠨᠡᠭᠡᠭᠡᠪᠡ᠃ 2017 ᠤᠨ ᠤ 1 ᠰᠠᠷ᠎ᠠ ᠳᠤ᠂ ᠦᠪᠡᠷᠳᠡᠭᠡᠡ ᠵᠠᠰᠠᠬᠤ ᠤᠷᠤᠨ ᠤ ᠰᠤᠶᠤᠯ ᠤᠨ ᠲᠢᠩᠬᠢᠮ ᠤᠨ ᠵᠦᠪᠰᠢᠶᠡᠷᠡᠯ ᠢᠶᠠᠷ᠂ ᠮᠠᠠ ᠤ ᠤᠯᠤᠰ ᠤᠨ ᠴᠤᠷ ᠤᠨ ᠭᠠᠭᠴᠠ ᠵᠠᠰᠠᠭ ᠤᠨ ᠤᠷᠳᠤᠨ ᠤ ᠵᠦᠪᠰᠢᠶᠡᠷᠡᠯ ᠲᠠᠢ᠂ ᠤᠳᠤᠬᠠᠠ ᠤ ᠲᠡᠯᠡᠭᠡᠢ ᠲᠡᠭᠡᠷᠡᠬᠢ ᠬᠡᠪᠴᠢᠶ ᠎ᠠ ᠪᠠᠷ ᠬᠠᠮᠤᠭ ᠤᠨ ᠶᠡᠭᠡ ᠮᠢᠬᠠᠠ ᠴᠢᠯᠠᠭᠤᠨ ᠤ ᠮᠦᠽᠸᠢ — ︽ᠦᠪᠦᠷ ᠮᠤᠩᠭᠤᠯ ᠤᠨ ᠰᠢᠯᠢ ᠶᠢᠨ ᠭᠤᠤᠯ ᠠᠶᠢᠮᠠᠭ ᠤᠨ ᠪᠤᠳᠠᠷ ᠮᠢᠬᠠᠠ ᠴᠢᠯᠠᠭᠤᠨ ᠤ ᠤᠷᠠᠯᠢᠭ ᠤᠨ ᠮᠦᠽᠸᠢ︾᠎ ᠪᠠᠨ ᠨᠡᠭᠡᠭᠡᠵᠦ᠂ ᠬᠦᠷᠦᠭᠰᠡᠡ ᠪᠦᠬᠦᠨ ᠤ ᠬᠠᠷᠠᠭ᠎ᠠ ᠶᠢ ᠬᠤᠵᠢᠷᠯᠠᠵᠦ᠂ ᠬᠠᠴᠢᠨ ᠴᠢᠯᠠᠭᠤ ᠰᠤᠨᠢᠷᠬᠠᠬᠤ ᠬᠠᠪᠤ ᠴᠡᠩᠭᠡᠯ ᠢ ᠬᠠᠩᠭᠠᠨ᠎ᠠ᠃ ᠦ᠋ ᠰᠢᠩ ᠤᠳᠤ 528.6 ᠲᠡᠭᠰᠢ ᠲᠦᠷᠪᠡᠯᠵᠢᠨ ᠮᠧᠲᠷ ᠪᠦᠬᠦᠢ ᠮᠦᠽᠸᠢ ᠳᠤ ᠪᠠᠨ 10 ᠶᠡᠭᠡ ᠲᠦᠷᠦᠯ ᠤᠨ 1000 ᠭᠠᠷᠤᠢ ᠵᠦᠢᠯ ᠤᠨ ᠮᠢᠬᠠᠠ ᠴᠢᠯᠠᠭᠤ ᠶᠢ ᠦᠷᠦᠵᠦ ᠬᠠᠳᠠᠭᠠᠯᠠᠠ ᠬᠦᠮᠦᠰ ᠲᠤ ᠰᠤᠨᠢᠷᠬᠠᠭᠤᠯᠤᠨ᠎ᠠ᠃ ᠲᠠᠪᠠᠭᠯᠠᠠ ᠵᠠᠰᠠᠵᠦ ᠲᠠᠯᠪᠢᠭᠰᠠᠠ ᠲᠡᠳᠡᠭᠡᠷ ᠮᠢᠬᠠᠠ ᠴᠢᠯᠠᠭᠤ ᠨᠤᠭᠤᠳ ᠨᠢ ᠦᠵᠡᠳᠡᠯ᠎ᠠ ᠶᠠᠭ ᠴᠢᠨᠠᠵᠤ ᠪᠤᠯᠭᠤᠭᠠᠭᠰᠠᠨ ᠲᠠᠷᠭᠤᠨ ᠮᠢᠬ᠎ᠠ ᠮᠡᠳᠦ ᠲᠤᠰᠤ ᠲᠠᠭᠠᠪᠤᠷᠢᠯᠠᠠ ᠬᠠᠷᠠᠭᠳᠠᠵᠦ ᠦᠵᠡᠭᠰᠡᠡ ᠪᠦᠬᠦᠨ ᠤ ᠬᠤᠪ ᠢ ᠬᠦᠳᠡᠯᠭᠡᠨ᠎ᠠ᠃ ᠭᠡᠳᠡᠯ᠎ᠠ ᠡᠳᠡᠭᠡᠷ ᠤᠨ ᠲᠤᠳᠤᠷ᠎ᠠ ︽ᠬᠦᠭᠡ ᠮᠤᠩᠭᠤᠯ︾ ᠭᠡᠰᠡᠡ ᠲᠡᠷᠡ ᠭᠤᠪᠢ ᠶᠢᠨ ᠮᠠᠨᠤ ᠴᠢᠯᠠᠭᠤ ᠨᠢ ᠲᠤᠰ ᠮᠤᠽᠸᠢ ᠶᠢᠨ ᠢᠶᠠᠨ ᠮᠤᠯᠤᠷ ᠡᠷᠳᠡᠨᠢ ᠪᠤᠯᠵᠦ᠂ ᠦᠵᠡᠭᠰᠡᠡ ᠪᠦᠬᠦᠨ ᠢ ᠭᠠᠶᠢᠬᠠᠰᠢ ᠠᠯᠳᠠᠭᠤᠯᠤᠨ᠂ ᠬᠤᠯᠠ ᠤᠢᠢᠷ᠎ᠠ ᠳᠤ ᠰᠠᠶᠢᠬᠠᠠ ᠵᠤᠭᠤᠭ ᠪᠤᠯᠵᠦ ᠬᠡᠯᠡᠯᠴᠡᠭᠳᠡᠨ ᠦᠵᠡᠬᠦ ᠪᠠᠷ ᠢᠷᠡᠬᠦ ᠶᠢ ᠬᠦᠰᠡᠭᠰᠡᠳ ᠵᠠᠯᠭ᠎ᠠ ᠦ᠋ ᠰᠢᠩ ᠲᠠᠢ ᠬᠤᠯᠪᠤᠭ᠎ᠠ ᠪᠠᠷᠢᠨ᠎ᠠ᠃ ᠦ᠋ ᠰᠢᠩ ᠲᠤᠰ ᠴᠢᠯᠠᠭᠤ ᠪᠠᠨ ᠠᠪᠴᠦ ᠤᠯᠤᠰ ᠤᠨ ᠲᠤᠳᠤᠭᠠᠳᠤ ᠶᠢᠨ ᠬᠠᠴᠢᠨ ᠴᠢᠯᠠᠭᠤᠨ ᠤ ᠬᠠᠮᠢᠶ᠎ᠠ ᠪᠦᠬᠦᠢ ᠦᠵᠡᠰᠭᠦᠯᠡᠩ ᠳᠤ ᠤᠷᠢᠭᠳᠠᠠ ᠤᠷᠤᠯᠴᠠᠵᠦ᠂ ᠦᠵᠡᠭᠰᠡᠡ ᠪᠦᠭᠦᠳᠡ ᠳᠤ ᠲᠠᠭᠠᠯᠠᠭᠳᠠᠠ ᠪᠢᠰᠢᠷᠡᠭᠳᠡᠵᠦ᠂ ᠵᠦᠢᠯ ᠵᠦᠢᠯ ᠤᠨ ᠱᠠᠩᠨᠠᠯ ᠢ ᠲᠤᠰᠴᠦ ᠶᠠᠪᠤᠨ᠎ᠠ᠃ ᠤᠳᠤ ᠲᠤᠰ ᠡᠷᠳᠡᠨᠢ ᠶᠢᠨ ᠴᠢᠯᠠᠭᠤ ᠨᠢ ᠰᠢᠯᠢ ᠶᠢᠨ ᠭᠤᠤᠯ ᠠᠶᠢᠮᠠᠭ ᠤᠨ ᠠᠵᠢᠯ ᠮᠡᠷᠭᠡᠵᠢᠯ ᠤᠨ ᠲᠡᠭᠡᠳᠦ ᠰᠤᠷᠭᠠᠭᠤᠯᠢ ᠳᠤ ᠬᠠᠭᠠᠰ ᠰᠠᠷ᠎ᠠ ᠪᠠᠷ ᠵᠢᠭᠡᠯᠡᠭᠳᠡᠡ ᠤᠴᠢᠵᠦ ᠤᠯᠤᠰ ᠤᠷᠤᠨ ᠠᠴᠠ ᠬᠦᠷᠦᠯᠴᠡᠡ ᠢᠷᠡᠬᠦ ᠲᠤᠭᠤᠷᠢᠨ ᠦᠵᠡᠭᠰᠡᠳ ᠢ ᠤᠭᠳᠤᠵᠦ ᠪᠤᠢ᠃ ᠬᠠᠴᠢᠨ ᠴᠢᠯᠠᠭᠤᠨ ᠤ ᠪᠠᠭ᠋ᠠᠳᠠᠳ ᠠᠷᠠᠯᠵᠢᠶᠠᠴᠢᠳ ᠬᠡᠳᠦ᠋ᠢᠪᠡᠷ 200 ᠲᠦᠮᠡᠡ ᠲᠦᠭᠦᠷᠢᠭ ᠤᠨ ᠦᠨᠳᠦᠷ ᠦᠨ᠎ᠠ ᠦᠭᠴᠦ ᠦᠩᠭᠡᠷᠡᠭᠰᠡᠡ ᠪᠤᠯᠪᠠᠴᠦ ᠡᠦ ᠰᠢᠩ ᠡᠨᠡ ᠴᠢᠯᠠᠭᠤ ᠪᠠᠨ ᠮᠦᠨ ᠦᠭᠭᠦᠭᠰᠡᠡ ᠦᠭᠡᠢ᠂ ︽ᠲᠡᠭᠷᠢ ᠠᠴᠠ ᠢᠪᠡᠭᠡᠯ ᠲᠠᠢ ᠡᠷᠳᠡᠨᠢ ᠶᠢᠨ ᠴᠢᠯᠠᠭᠤ᠂ ᠮᠤᠩᠭᠤᠯ ᠦᠪ ᠰᠤᠶᠤᠯ ᠤᠨ ᠮᠢᠨᠢ ᠮᠤᠯᠤᠷ ᠡᠷᠳᠡᠨᠢ︾ ᠬᠡᠮᠡᠡ ᠨᠠᠨᠳᠢᠩᠨᠠᠠ ᠬᠠᠳᠠᠭᠠᠯᠠᠵᠦ ᠬᠤᠯᠠ ᠤᠢᠢᠷ᠎ᠠ ᠠᠴᠠ ᠰᠤᠨᠢᠷᠬᠠᠬᠤ ᠪᠠᠷ ᠬᠦᠷᠦᠭᠰᠡᠳ ᠢ ᠤᠭᠳᠤᠨᠠᠮ᠃  ᠪᠤᠤ ᠸᠧᠨ ᠰᠢᠤᠸᠠᠢ  




  
     
     