 

ᠭᠡᠷ ᠪᠦᠯᠢ ᠵᠢᠷᠭᠠᠯᠲᠠᠢ ᠪᠣᠯᠬᠣ ᠶᠢᠨ ᠤᠴᠢᠷ

2017-01-20 10:20
  1015
  0
ᠭᠡᠷ ᠪᠦᠯᠢ ᠵᠢᠷᠭᠠᠯᠲᠠᠢ ᠪᠣᠯᠬᠣ  ᠶᠢᠨ ᠤᠴᠢᠷ 
ᠭᠦᠮᠦᠨ ᠲᠦᠷᠦᠯᠬᠢᠲᠡᠨ ᠭᠡᠷ ᠪᠦᠯᠢ ᠭᠡᠳᠡᠭ ᠢᠶᠡᠷ ᠨᠡᠶᠢᠭᠡᠮ  ᠤᠨ ᠢᠶᠠᠨ ᠬᠠᠮᠤᠭ  ᠤᠨ ᠦᠨᠳᠦᠰᠦᠨ ᠨᠢᠭᠡᠴᠡ ᠪᠡᠨ ᠪᠤᠯᠭᠠᠭᠰᠠᠨ ᠠᠴᠠ ᠨᠠᠭᠠᠰᠢ ᠭᠡᠷ ᠪᠦᠯᠢ ᠭᠡᠳᠡᠭ ᠶᠠᠭᠤᠮ᠎ᠠ ᠨᠢ ᠨᠢᠭᠡ ᠦᠨᠳᠦᠰᠦᠲᠡᠨ ᠨᠢᠭᠡ ᠤᠯᠤᠰ ᠴᠢᠨᠠᠬᠰᠢᠯᠠᠪᠠᠯ ᠪᠦᠭᠦᠶᠢᠯᠡ ᠭᠦᠮᠦᠨ ᠲᠦᠷᠦᠯᠬᠢᠲᠡᠨ ᠦ ᠠᠮᠤᠷ ᠲᠤᠭᠲᠠᠨᠢᠭᠤᠨ ᠤᠷᠤᠰᠢᠨ ᠭᠦᠭᠵᠢᠬᠦ ᠶᠢᠨ ᠬᠢᠨᠢ ᠦᠨᠳᠦᠰᠦᠨ ᠵᠦᠢᠯ ᠪᠤᠯᠵᠢ ᠃ ᠲᠤᠬᠠᠶᠢᠯᠠᠪᠠᠯ ᠮᠠᠨ ᠤ ᠬᠠᠮᠤᠭ  ᠤᠨ ᠦᠨᠳᠦᠰᠦᠨ ᠨᠢᠭᠡᠴᠡ ᠪᠤᠯᠤᠭᠰᠠᠨ ᠭᠡᠷ ᠪᠦᠯᠢ ᠨᠢ ᠡᠶ᠎ᠡ ᠡᠪ ᠲᠠᠢ ᠪᠤᠯᠤᠭᠰᠠᠨ ᠲᠡᠷᠡ ᠴᠠᠭ ᠲᠦ ᠨᠢᠭᠡ ᠤᠯᠤᠰ ᠦᠨᠳᠦᠰᠦᠲᠡᠨ ᠨᠢ ᠰᠠᠶ᠋ᠢ ᠦᠪᠡᠷ ᠦᠨ ᠠᠮᠤᠷ ᠲᠤᠭᠲᠠᠭᠤᠨ ᠭᠦᠭᠵᠢᠯ ᠢᠶᠡᠨ ᠤᠯᠵᠦ ᠴᠢᠳᠠᠨ᠎ᠠ ᠃ ᠲᠡᠭᠡᠭᠦ ᠳᠡᠬᠡᠨ ᠯᠡ ᠤᠯᠤᠰ ᠭᠡᠷ ᠬᠡᠮᠡᠨ ᠨᠡᠷᠡᠯᠡᠳᠡᠭ ᠪᠠᠶᠢᠬᠤ ᠳ᠋ᠠ ︕ 
ᠶᠡᠷᠦᠳᠡ ᠶᠢᠨ ᠠᠮᠢᠳᠤᠷᠠᠯ ᠳ᠋ᠦ ᠭᠦᠮᠦᠰ ᠢᠨᠠᠭ ᠬᠠᠶᠢᠷ᠎ᠠ ᠭᠡᠳᠡᠭ ᠢ ᠶᠡᠭᠡ ᠶᠠᠷᠢᠳᠠᠭ᠂ ᠤᠨᠴᠠᠭᠠᠶᠢᠯᠠᠨ ᠮᠠᠨ ᠤ ᠵᠠᠯᠠᠭᠤᠴᠤᠳ᠂ ᠲᠡᠭᠡᠭᠡᠳ ᠯᠡ ᠺᠢᠨᠣ᠋ ᠲᠧᠯᠸᠢᠰ ᠰᠤᠨᠢᠨ ᠰᠡᠳᠭᠦᠯ ᠦᠳ ᠢᠶᠡᠷ ᠢᠨᠠᠭ ᠬᠠᠶᠢᠷ᠎ᠠ  ᠶᠢ ᠮᠠᠭᠲᠠᠨ ᠲᠠᠭᠤᠯᠠᠭᠰᠠᠨ ᠵᠢᠷᠤᠭᠯᠠᠭᠰᠠᠨ ᠵᠦᠢᠯ ᠦᠳ ᠮᠤᠩ ᠦᠭᠡᠢ ᠤᠯᠠᠨ ᠪᠠᠶᠢᠳᠠᠭ ᠳ᠋ᠠ᠃ ᠮᠦᠨ ᠢᠨᠠᠭ ᠬᠠᠶᠢᠷ᠎ᠠ ᠲᠤᠷᠠᠯᠠᠯ ᠤᠨ ᠲᠤᠬᠠᠢ ᠲᠤᠳᠤᠭᠠᠳᠤ ᠭᠠᠳᠠᠭᠠᠳᠤ ᠶᠢᠨ ᠲᠤᠮᠤᠭ ᠴᠦ ᠪᠢᠰᠢᠭᠦᠢ ᠤᠯᠠᠨ ᠪᠠᠶᠢᠳᠠᠭ᠃ ᠭᠡᠬᠦ ᠳᠡᠬᠡᠨ ᠭᠦᠮᠦᠨ ᠦ ᠪᠤᠳᠠᠲᠠᠢ ᠠᠮᠢᠳᠤᠷᠠᠯ ᠳᠠᠬᠢ ᠲᠡᠳᠡᠭᠡᠷ ᠲᠣᠭ᠎ᠠ ᠲᠤᠮᠤᠰᠢ ᠦᠭᠡᠢ ᠤᠯᠠᠨ ᠬᠤᠣᠰ ᠨᠤᠭᠤᠳ ᠨᠢ ᠪᠦᠷ ᠯᠠ ᠲᠡᠳᠡᠭᠡᠷ ᠤᠷᠠᠨ ᠵᠤᠭᠢᠶᠠᠯᠴᠢᠳ ᠤᠨ ᠪᠢᠷ ᠦᠨ ᠲᠣᠣᠷᠠᠬᠢ ᠭᠦᠮᠦᠨ ᠦ ᠠᠮᠢᠳᠤᠷᠠᠯ ᠢ ᠭᠠᠩᠭᠠᠩᠴᠢᠯᠠᠵᠦ ᠪᠢᠴᠢᠭᠰᠡᠨ ᠲᠡᠷᠡ ᠭᠠᠯ ᠬᠠᠯᠠᠭᠤᠨ ᠢᠨᠠᠭ ᠲᠤᠷᠠᠯᠠᠯ ᠭᠡᠳᠡᠭ ᠡᠴᠡ ᠨᠢ ᠬᠣᠣᠰ ᠬᠣᠣᠰ ᠭᠡᠷ ᠪᠦᠯᠢ ᠪᠤᠯᠤᠯᠴᠠᠭᠰᠠᠨ ᠪᠢᠰᠢ ᠪᠠᠶᠢᠵᠦ ᠮᠡᠳᠡᠨ᠎ᠡ᠃ 
ᠡᠨᠡ ᠲᠤᠬᠠᠢ ᠪᠢ ᠨᠢᠭᠡ ᠡᠷ᠎ᠡ ᠡᠮ᠎ᠡ ᠬᠤᠶᠠᠷ ᠤᠨ ᠬᠠᠮᠳᠦ ᠨᠢᠭᠡ ᠭᠡᠷ ᠪᠦᠯᠢ ᠪᠤᠯᠤᠯᠴᠠᠵᠦ ᠰᠠᠭᠤᠬᠤ ᠨᠢ ᠨᠡᠩ ᠢᠯᠡᠭᠦᠦ ᠳᠡᠬᠡᠨ ᠲᠡᠷᠡ ᠬᠤᠶᠠᠷ ᠤᠨ ᠬᠤᠪᠢ ᠵᠠᠶᠠᠭᠠᠨ ᠠᠴᠠ ᠨᠢ ᠪᠤᠯᠤᠭᠰᠠᠨ ᠭᠡᠵᠦ ᠪᠤᠳᠤᠳᠠᠭ ᠲᠠᠷᠤᠢ ᠲᠡᠭᠷᠢ ᠶᠢᠨ ᠵᠠᠶᠠᠭ᠎ᠠ ᠪᠤᠯᠠᠢ ᠂ ᠲᠡᠶᠢᠮᠤ ᠠᠴᠠ ᠢᠨᠠᠭ ᠬᠣᠣᠰ ᠭᠡᠬᠦ ᠡᠴᠡ ᠵᠠᠶᠠᠭᠠᠳᠦ ᠬᠣᠣᠰ ᠭᠡᠪᠡᠯ ᠢᠯᠡᠭᠦᠦ ᠤᠨᠤᠪᠴᠢᠲᠠᠢ ᠴᠦ ᠶᠤᠮ ᠦᠦ ᠳ᠋ᠡ᠃ ᠶᠡᠷᠦᠳᠡ ᠶᠢᠨ ᠠᠮᠢᠳᠤᠷᠠᠯ ᠳᠤᠮᠳᠠ ᠭᠡᠷ ᠪᠦᠯᠢ ᠪᠣᠯᠤᠯᠴᠠᠭᠰᠠᠨ ᠲᠡᠷᠡ ᠮᠦᠷᠲᠡᠭᠡᠨ ᠵᠢᠭᠠᠬᠠᠨ ᠠᠬᠢᠮᠠᠭ ᠨᠠᠰᠤᠨ ᠤᠯᠤᠰ ᠤᠳ ᠪᠣᠯ ᠬᠤᠭᠤᠷᠤᠨᠳᠤ ᠪᠠᠨ ᠨᠠᠭᠠᠳᠤᠮ ᠪᠤᠯᠭᠠᠵᠦ︽ ᠪᠢ ᠴᠢᠨᠢ ᠡᠨᠡ ᠲᠠᠢ︵ ᠬᠦᠭᠰᠢᠨ ᠪᠤᠶᠤ ᠡᠪᠤᠭᠡᠨ ᠪᠡᠨ ᠵᠢᠭᠠᠵᠦ ᠪᠤᠢ︶ ᠶᠠᠭᠠᠬᠢᠭᠠᠳ ᠰᠠᠭᠤᠭᠰᠠᠨ ᠪᠠᠨ ᠣᠳᠣ ᠴᠦ ᠮᠡᠳᠡᠬᠦ ᠦᠭᠡᠢ ᠶᠤᠮ︾ ᠭᠡᠵᠦ ᠶᠠᠷᠢᠴᠠᠭᠠᠵᠦ ᠪᠠᠶᠢᠳᠠᠭ ᠂ ᠪᠢᠳᠡ ᠮᠦᠨ ᠺᠢᠨᠣ᠋ ᠲᠧᠯᠸᠢᠰ ᠵᠤᠬᠢᠶᠠᠯ ᠲᠡᠭᠡᠷ᠎ᠡ ᠡᠴᠡ ᠡᠶᠢᠮᠦ ᠨᠢᠭᠡ ᠦᠵᠡᠭᠳᠡᠯ ᠢ ᠲᠤᠩ ᠤᠯᠠᠨ ᠬᠠᠷᠠᠳᠠᠭ᠂ ᠶᠠᠭᠤ ᠭᠡᠪᠡᠯ ᠭᠦᠤ ᠬᠡᠤᠭᠡᠨ ᠬᠤᠶᠠᠷ ᠵᠠᠯᠠᠭᠤ ᠨᠢ ᠵᠠᠪᠠᠯ ᠬᠤᠶᠠᠭᠤᠯᠠ ᠠᠮᠢᠳᠤᠷᠠᠨ᠎ᠠ ᠰᠠᠭᠤᠨ᠎ᠠ ᠭᠡᠳ ᠯᠡ ᠲᠡᠭᠡᠲᠡᠯ᠎ᠡ ᠡᠴᠢᠭᠡ ᠡᠬᠡ ᠨᠢ ᠭᠠᠷᠴᠦ ᠢᠷᠡᠭᠡᠳ︽ᠲᠡᠷᠡ ᠴᠢᠨᠢ ᠺᠢᠨᠣ᠋ ᠰᠢᠤ ᠪᠤᠳᠠᠲᠠᠢ ᠠᠮᠢᠳᠤᠷᠠᠯ ᠪᠢᠰᠢ ᠰᠢᠤ︾ᠬᠡᠮᠡᠨ ᠪᠠᠶᠢᠳᠠᠭ ᠢᠶᠠᠷ ᠢᠶᠠᠨ ᠬᠤᠶᠠᠷ ᠭᠡᠤᠭᠡᠳ  ᠤᠨ ᠬᠠᠮᠲᠦ ᠠᠮᠢᠳᠤᠷᠠᠬᠤ ᠶᠢ ᠬᠤᠷᠢᠭᠯᠠᠳᠠᠭ ᠬᠠᠰᠢᠳᠠᠭ ᠪᠠᠶᠢᠯ᠎ᠠ᠃ ᠶᠡᠷᠦᠨᠢ ᠮᠠᠨ ᠤ ᠮᠤᠩᠭᠤᠯᠴᠤᠳ ᠡᠷᠲᠡᠨ ᠲᠡᠭᠡᠳᠦᠰ ᠡᠴᠡ ᠪᠡᠨ ᠭᠡᠤᠭᠡᠳ  ᠤᠨ ᠤᠷᠤᠭ ᠤᠨ ᠤᠴᠢᠷ ᠢ ᠪᠦᠷ ᠯᠡ ᠡᠴᠢᠭᠡ ᠡᠬᠡ ᠨᠢ ᠡᠵᠡᠨ ᠮᠡᠳᠡᠳᠡᠭ ᠪᠠᠶᠢᠯ᠎ᠠ᠂ ᠮᠠᠨ ᠤ ᠪᠣᠭᠳᠠ ᠡᠵᠡᠨ ᠴᠢᠩᠭᠢᠰ ᠮᠠᠨᠢ ᠴᠦ ᠡᠭᠦᠨ ᠡᠴᠡ ᠭᠠᠳᠠᠭᠤᠷ ᠦᠭᠡᠢ ᠳ᠋ᠡ᠂ ᠲᠡᠭᠡᠭᠦ ᠳᠡᠬᠡᠨ ᠡᠴᠢᠭᠡ ᠡᠬᠡ ᠪᠤᠯᠤᠭᠰᠠᠳ ᠨᠢ ᠭᠤᠤᠯᠳᠠᠭᠤ ᠨᠦᠭᠦᠭᠡ ᠡᠲᠡᠭᠡᠳ ᠦᠨ ᠢᠶᠡᠨ ᠤᠳᠤᠮ ᠤᠭᠰᠠᠭ᠎ᠠ ᠶᠢ ᠨᠢ ᠦᠵᠡᠨ᠎ᠡ᠂ ᠡᠨᠡ ᠨᠢ ᠭᠣᠣᠯ ᠨᠢ ᠲᠡᠷᠡ ᠠᠶᠢᠯ ᠤᠨ ᠭᠡᠷ  ᠤᠨ ᠰᠤᠷᠭᠠᠯ ᠰᠤᠷᠲᠠᠯ᠂ ᠠᠵᠢᠯᠰᠠᠭ ᠤᠨ ᠪᠠᠶᠢᠳᠠᠯ᠂ ᠡᠳ᠋ ᠭᠦᠷᠦᠩᠭᠡ ᠵᠡᠷᠭᠡ ᠶᠢ ᠦᠵᠡᠳᠡᠭ᠃ ᠬᠠᠷᠢᠨ ᠦᠩᠬᠡ ᠵᠢᠰᠦ ᠮᠡᠲᠦ ᠶᠢᠨ ᠦᠩᠬᠡᠨ ᠲᠠᠯ᠎ᠠ ᠠᠴᠠ ᠪᠢᠰᠢ ᠪᠦᠷ ᠴᠠᠭᠠᠨ᠎ᠠ ᠮᠦᠨ ᠴᠢᠨᠠᠷ ᠤᠨ ᠵᠦᠢᠯ ᠢᠶᠡᠷ ᠯᠠ ᠪᠠᠷᠢᠮᠲᠠ ᠪᠠᠨ ᠪᠤᠯᠭᠠᠳᠠᠭ᠂ ᠢᠰᠡᠭᠡᠢ ᠪᠠᠭᠠᠳᠤᠷ ᠲᠡᠮᠦᠵᠢᠨ ᠭᠦᠤ ᠳᠡᠬᠡᠨ ᠪᠡᠷᠢ ᠲᠤᠭᠲᠠᠬᠤ ᠳᠠᠭᠠᠨ ᠴᠦ ᠵᠦᠪᠬᠡᠨ ᠬᠡᠤᠬᠡᠨ ᠲᠠᠯ᠎ᠠ ᠶᠢᠨ ᠦᠩᠬᠡ ᠵᠢᠰᠦᠨ ᠳ᠋ᠦ ᠭᠣᠣᠯ ᠬᠠᠨᠳᠤᠭᠰᠠᠨ ᠪᠢᠰᠢ ᠬᠠᠷᠢᠨ ᠪᠦᠷᠳᠡ ᠶᠢᠨ ᠲᠡᠷᠡᠭᠦ ᠰᠡᠴᠡᠨ ᠰᠡᠷᠭᠦᠯᠡᠩ ᠤᠶᠤᠨ ᠤᠬᠠᠭᠠᠨ ᠭᠡᠷ ᠦᠨ ᠴᠢᠨᠠᠷᠯᠢᠭ ᠤᠳᠤᠮ ᠤᠭᠰᠠᠭ᠎ᠠ ᠳ᠋ᠤᠨᠢ ᠪᠤᠯᠤᠭᠰᠠᠨ ᠭᠡᠳᠡᠭ᠃ ᠶᠡᠷᠦᠨᠢ ᠮᠠᠨ ᠤᠨ ᠵᠢᠷᠠᠭᠠᠳ ᠣᠨ ᠤ ᠭᠦᠮᠦᠰ ᠦᠨ ᠡᠴᠢᠭᠡ ᠡᠬᠡ ᠤᠳ ᠪᠣᠯ ᠪᠠᠷᠤᠭ ᠪᠦᠷ ᠳᠡᠭᠡᠷ᠎ᠡ ᠶᠠᠷᠢᠭᠰᠠᠨ ᠮᠡᠲᠦ ᠡᠴᠢᠭᠡ ᠡᠬᠡ ᠶᠢᠨ ᠪᠠᠨ ᠮᠡᠳᠡᠯ ᠢᠶᠡᠷ ᠰᠠᠭᠤᠯᠴᠠᠭᠰᠠᠨ ᠤᠯᠤᠰ ᠤᠳ ᠶᠤᠮ᠂ ᠲᠡᠭᠡᠭᠦ ᠳ᠋ᠦ ᠲᠡᠳᠡᠨ ᠦ ᠰᠠᠯᠤᠵᠦ ᠪᠤᠲᠠᠷᠠᠬᠤ ᠬᠡᠮᠵᠢᠶ᠎ᠡ ᠪᠤᠶᠤ ᠭᠡᠷᠡᠯᠳᠦᠵᠦ ᠮᠠᠭᠤᠳᠠᠯᠴᠠᠬᠤ ᠨᠣᠷᠮ᠎ᠠ ᠨᠢ ᠣᠳᠣ ᠶᠢᠨ ᠵᠠᠯᠠᠭᠤ ᠨᠢᠭᠡᠨ ᠦᠶ᠎ᠡ ᠶᠢᠨ ᠡᠴᠡ ᠬᠤᠯᠠ ᠲᠤᠤᠷ᠎ᠠ ᠪᠠᠶᠢᠳᠠᠭ᠃ ᠮᠢᠨᠤ ᠨᠢᠭᠡ ᠪᠠᠭ᠎ᠠ ᠶᠢᠨ ᠨᠠᠶᠢᠵᠠ︵1962 ᠣᠨ ᠤ ᠭᠦᠮᠦᠨ︶ ᠲᠡᠷᠡ ᠮᠠᠨᠢ ᠭᠡᠷᠭᠡᠢ ᠪᠡᠨ ᠪᠣᠬᠳᠠᠯᠠᠵᠦ ᠠᠪᠬᠤ ᠠᠴᠠ ᠪᠠᠨ ᠡᠮᠦᠨ᠎ᠡ ᠭᠤᠷᠪᠠ ᠯᠠ ᠤᠳᠠᠭ᠎ᠠ ᠨᠢᠭᠤᠷ ᠤᠴᠠᠷᠠᠭᠰᠠᠨ ᠭᠡᠳᠡᠭ᠂ ᠲᠡᠶᠢᠮᠤ ᠠᠴᠠ ᠲᠡᠷᠡ ᠮᠢᠨᠢ ᠬᠤᠷᠢᠮᠯᠠᠭᠰᠠᠨ ᠲᠠᠷᠠᠭ᠎ᠠ ᠡᠬᠢᠨ ᠦ ᠦᠶ᠎ᠡ ᠶᠡᠭᠡ ᠡᠪ ᠲᠡᠪ ᠢᠶᠡᠨ ᠣᠯᠬᠣ ᠦᠭᠡᠢ ᠪᠠᠶᠢᠯ᠎ᠠ ᠰᠢᠤ ᠭᠡᠵᠦ ᠨᠠᠳᠠᠳᠤ ᠨᠠᠭᠠᠳᠤᠮ ᠪᠤᠯᠠᠭᠠᠨ ᠶᠠᠷᠢᠵᠦ ᠪᠠᠶᠢᠯ᠎ᠠ ᠃ ᠲᠡᠭᠡᠬᠦ ᠳ᠋ᠦ ᠲᠡᠷᠡ ᠬᠤᠶᠠᠷ ᠡᠨᠡ ᠭᠤᠴᠢᠨ ᠵᠢᠯ ᠳ᠋ᠦ ᠶᠡᠷᠦᠳᠡᠭᠡᠨ ᠲᠡᠭᠡᠵᠦ ᠨᠢᠭᠡ ᠶᠡᠭᠡ ᠲᠡᠪᠵᠢᠶᠡᠷᠡᠭᠰᠡᠨ ᠴᠦ ᠦᠭᠡᠢ ᠡᠶ᠎ᠡ ᠲᠠᠢ ᠨᠠᠶᠢᠷ ᠲᠠᠢ ᠰᠠᠶᠢᠬᠠᠨ ᠯᠠ ᠠᠮᠢᠳᠤᠷᠠᠭᠠᠳ ᠢᠷᠡᠴᠢᠬᠡᠵᠡᠢ᠃ 
ᠮᠢᠨᠤ ᠢᠩᠭᠢᠵᠦ ᠶᠠᠷᠢᠵᠦ ᠪᠠᠶᠢᠬᠤ ᠨᠢ ᠶᠠᠷᠢᠶᠠᠨ ᠦᠭᠡᠢ ᠭᠦᠮᠦᠨ ᠦ ᠠᠮᠢᠳᠤᠷᠠᠯ ᠳ᠋ᠦ ᠢᠨᠠᠭ ᠲᠤᠷᠠᠯᠠᠯ ᠦᠭᠡᠢ ᠭᠡᠰᠡᠨ ᠦᠭᠡ ᠪᠢᠰᠢ ᠪᠦᠭᠡᠳ ᠮᠦᠨ ᠢᠨᠠᠭ ᠲᠤᠷᠠᠯᠠᠯ ᠨᠢ ᠭᠡᠷ ᠪᠦᠯᠢ ᠶᠢᠨ ᠠᠮᠢᠳᠤᠷᠠᠯ ᠳ᠋ᠦ ᠶᠠᠮᠠᠷᠴᠦ ᠦᠢᠯᠡᠳᠦᠯ ᠦᠭᠡᠢ ᠭᠡᠰᠡᠨ ᠦᠭᠡ ᠤᠭᠲᠣ ᠪᠢᠰᠢ ᠂ᠡᠷ᠎ᠡ ᠡᠮ᠎ᠡ ᠶᠢᠨ ᠠᠮᠢᠳᠤᠷᠠᠯ ᠳ᠋ᠦ ᠮᠠᠨ ᠤ ᠵᠤᠬᠢᠶᠠᠯᠴᠢᠳ ᠤᠨ ᠪᠢᠴᠢᠳᠡᠭ ᠢᠨᠠᠭ ᠲᠤᠷᠠᠯᠠᠯ ᠦᠨᠡᠨ ᠤᠷᠤᠰᠢᠵᠦ ᠴᠢᠳᠠᠪᠠᠯ ᠭᠡᠷ ᠪᠦᠯᠢ ᠶᠢᠨ ᠠᠮᠢᠳᠤᠷᠠᠯ ᠨᠡᠩ ᠵᠣᠯ ᠵᠢᠷᠭᠠᠯ ᠲᠠᠢ ᠪᠤᠯᠵᠦ ᠲᠡᠶᠢᠯᠭᠦ ᠨᠢ ᠳᠠᠮᠵᠢᠭ ᠦᠭᠡᠢ᠃ 
ᠮᠢᠨᠤ ᠦᠵᠡᠬᠦ ᠪᠡᠷ ᠭᠡᠷ ᠪᠦᠯᠢ ᠶᠢᠨ ᠵᠢᠷᠭᠠᠯᠲᠠᠢ ᠪᠣᠯᠬᠣ ᠶᠢᠨ ᠤᠴᠢᠷ ᠨᠢ ᠨᠢᠭᠡᠨᠲᠡ ᠴᠣᠭᠴᠠᠯᠠᠭᠳᠠᠭᠰᠠᠨ ᠭᠡᠷ ᠪᠦᠯᠢ ᠨᠢ ᠢᠨᠠᠭ ᠲᠤᠷᠠᠯᠠᠯ  ᠢᠶᠠᠷ ᠰᠠᠭᠤᠷᠢᠯᠠᠭᠳᠠᠭᠰᠠᠨ ᠴᠦ ᠪᠣᠯᠪᠠ ᠠᠯᠢ ᠡᠰᠡᠬᠦᠯ᠎ᠡ ᠬᠤᠪᠢ ᠵᠠᠶᠠᠭᠠᠨ ᠲᠡᠭᠡᠷ᠎ᠡ ᠰᠠᠭᠤᠷᠢᠯᠠᠭᠳᠠᠭᠰᠠᠨ ᠴᠦ ᠪᠣᠯᠪᠠ ᠲᠡᠭᠦᠨ ᠦ ᠤᠴᠢᠷ ᠶᠤᠰᠤ  ᠶᠢ ᠵᠦᠪ ᠤᠶᠢᠯᠠᠭᠠᠬᠤ ᠨᠢ ᠶᠠᠭᠤᠨ ᠠᠴᠠ ᠴᠢᠬᠤᠯᠠ᠃ ᠲᠡᠭᠡᠭᠡᠳ ᠯᠡ ᠠᠯᠢᠪᠠ ᠭᠡᠷ ᠪᠦᠯᠢ ᠪᠣᠯᠤᠭᠰᠠᠳ ᠨᠢ ︽ᠡᠨᠡ ᠬᠤᠷᠸ᠎ᠠ ᠳ᠋ᠦ ᠴᠢ ᠪᠢᠳᠡ ᠬᠤᠶᠠᠷ ᠯᠠ ᠬᠠᠮᠲᠦ ᠰᠠᠭᠤᠵᠦ ᠨᠠᠰᠤ ᠶᠢ ᠪᠠᠷᠠᠬᠤ ᠭᠡᠰᠡᠨ ᠶᠤᠮ ᠪᠠᠶᠢᠨ᠎ᠠ ︾ᠭᠡᠳᠡᠭ ᠳᠡᠬᠡᠨ ᠪᠠᠲᠦ ᠢᠲᠡᠭᠡᠵᠦ᠂ ᠬᠠᠷᠢᠯᠴᠠᠨ ᠨᠢᠭᠡ ᠨᠢᠭᠡ ᠪᠡᠨ ᠬᠠᠶᠢᠷᠠᠯᠠᠨ ᠬᠠᠯᠠᠮᠵᠢᠯᠠᠵᠦ᠂ ᠬᠠᠷᠢᠯᠴᠠᠨ ᠨᠢᠭᠡ ᠨᠢᠭᠡ ᠪᠡᠨ ᠭᠦᠨᠳᠦᠳᠭᠡᠨ ᠶᠠᠪᠤᠬᠤ ᠪᠣᠯ ᠮᠠᠰᠢ ᠴᠢᠬᠤᠯᠠ ᠪᠢᠯᠡ᠂ ᠡᠭᠦᠨ ᠳᠡᠬᠡᠨ ᠪᠠᠰᠠ ᠡᠷ᠎ᠡ ᠡᠮ᠎ᠡ ᠶᠢᠨ ᠠᠮᠢᠳᠤᠷᠠᠯ ᠤᠨ ᠬᠠᠮᠤᠭ ᠠᠴᠠ ᠴᠢᠬᠤᠯᠠ ᠨᠢ ᠬᠠᠷᠢᠯᠴᠠᠨ︽ ᠠᠭᠤᠴᠢᠯᠠᠯᠴᠠᠬᠤ︾ ᠶᠠᠪᠤᠳᠠᠯ ᠪᠤᠯᠤᠨ᠎ᠠ᠃ ᠡᠷ᠎ᠡ ᠡᠮ᠎ᠡ ᠶᠢᠨ ᠠᠮᠢᠳᠤᠷᠠᠯ ᠳ᠋ᠦ ᠬᠠᠤᠯᠢᠴᠢ ᠴᠠᠭᠳᠠᠭ᠎ᠠ ᠭᠡᠵᠦ ᠪᠠᠶᠢᠳᠠᠭ ᠦᠭᠡᠢ ᠪᠦᠭᠡᠳ ᠴᠢᠨᠤ ᠪᠤᠷᠤᠭᠤ ᠮᠢᠨᠤ ᠵᠦᠪ ᠭᠡᠰᠡᠨ ᠤᠴᠢᠷ ᠴᠦ ᠡᠴᠦᠰ ᠳᠡᠬᠡᠨ ᠪᠠᠶᠢᠬᠤ ᠦᠭᠡᠢ ᠶᠤᠮ᠃ ᠲᠡᠶᠢᠮᠤ ᠠᠴᠠ ᠨᠦᠭᠦᠭᠡᠳᠡᠬᠢ ᠴᠢᠨᠢ ᠶᠠᠭᠠᠬᠢᠭᠠᠳ ᠴᠦ ᠶᠤᠮ ᠳ᠋ᠡ ᠴᠢᠮᠠᠶᠢ ᠪᠤᠷᠤᠭᠤᠲᠠᠭᠠᠭᠰᠠᠨ ᠦᠶ᠎ᠡ ᠴᠢ ᠵᠦᠪᠬᠡᠨ ᠲᠡᠭᠦᠨ ᠢ ᠠᠭᠤᠴᠢᠯᠠᠵᠦ ᠯᠠ ᠴᠢᠳᠠᠪᠠᠯ ᠲᠡᠷᠡ ᠬᠦ ᠭᠡᠷ ᠪᠦᠯᠢ ᠶᠢᠨ ᠬᠡᠷᠡᠭᠦᠯ ᠭᠡᠳᠡᠭ ᠡᠴᠡ ᠵᠠᠶᠢᠯᠠᠵᠦ ᠴᠢᠳᠠᠨ᠎ᠠ᠃ ᠵᠢᠵᠢᠭ ᠰᠠᠵᠢᠭ︽ ᠭᠡᠷ ᠦᠨ ᠬᠡᠷᠡᠭᠦᠯ︾ᠪᠣᠯ ᠭᠡᠷ ᠪᠦᠯᠢ ᠶᠢᠨ ᠨᠠᠶᠢᠷ ᠬᠠᠶᠢᠷ᠎ᠠ ᠬᠠᠯᠠᠭᠤᠨ ᠲᠤᠯᠠᠭᠠᠨ ᠢ ᠡᠪᠳᠡᠳᠡᠭ ᠲᠡᠭᠦᠨ ᠡᠴᠡ ᠦᠭᠰᠦᠭᠡᠳ ᠠᠶᠢᠯ ᠭᠡᠷ ᠢ ᠪᠤᠰᠨᠢᠭᠤᠯᠬᠤ ᠬᠤᠤᠷ ᠤᠨ ᠦᠨᠳᠦᠰᠦ ᠮᠦᠨ︕ 
ᠵᠠ ᠲᠡᠭᠡᠭᠡᠳ ᠭᠡᠤᠭᠡᠳ ᠵᠠᠯᠠᠭᠤᠴᠤᠳ ᠲᠠᠭᠠᠨ ᠭᠦᠰᠡᠭᠦ ᠨᠢ ᠭᠠᠯ ᠬᠠᠯᠠᠭᠤᠨ ᠢᠨᠠᠭ ᠲᠤᠷᠠᠯᠠᠯ ᠢᠶᠠᠷ ᠬᠤᠪᠢ ᠵᠠᠶᠠᠭ᠎ᠠ ᠪᠠᠨ ᠬᠤᠯᠪᠤᠯᠴᠠᠵᠦ ᠬᠠᠷᠢᠯᠴᠠᠨ ᠠᠭᠤᠴᠢᠯᠠᠯᠴᠠᠬᠰᠠᠨ ᠬᠠᠯᠠᠭᠤᠨ ᠲᠤᠯᠠᠭᠠᠨ ᠨᠢᠭᠡᠨ ᠰᠠᠶᠢᠬᠠᠨ ᠭᠡᠷ ᠪᠦᠯᠢ ᠶᠢ ᠪᠠᠶᠢᠭᠤᠯᠬᠤ ᠪᠤᠯᠲᠤᠭᠠᠢ︕



  
     
     