阅读器
1
ᠤᠯᠠᠨ ᠤᠯᠤᠰ ᠤᠨ ᠪᠠᠷᠢᠮᠵᠢᠶᠠᠲᠤ ᠺᠤᠳ᠋ (Unicode) ᠢᠶᠡᠷ ᠺᠤᠳ᠋ᠯᠠᠭᠰᠠᠨ ᠮᠤᠩᠭᠤᠯ ᠡᠯᠧᠺᠲ᠋ᠷᠥᠨ ᠨᠤᠮ ᠤᠩᠰᠢᠬᠤ ᠰᠤᠹᠲ
ᠤᠯᠠᠨ ᠤᠯᠤᠰ ᠤᠨ ᠪᠠᠷᠢᠮᠵᠢᠶᠠᠲᠤ ᠺᠤᠳ᠋ (Unicode) ᠢᠶᠡᠷ ᠺᠤᠳ᠋ᠯᠠᠭᠰᠠᠨ ᠮᠤᠩᠭᠤᠯ ᠡᠯᠧᠺᠲ᠋ᠷᠥᠨ ᠨᠤᠮ ᠤᠩᠰᠢᠬᠤ ᠰᠤᠹᠲ ᠪᠤᠯ Apple ᠺᠤᠮᠫᠠᠨᠢ ᠶᠢᠨ iPhone, iPad, iPod Touch ᠵᠡᠷᠭᠡ ᠤᠶᠤᠨᠲᠤ ᠰᠢᠯᠵᠢᠯ ᠲᠡᠭᠦᠰᠭᠡᠯ ᠤᠨ ᠳᠥᠬᠥᠭᠡᠷᠥᠮᠵᠢ ᠳᠡᠭᠡᠷ᠎ᠡ ᠶᠠᠪᠤᠭᠳᠠᠬᠤ ᠮᠤᠩᠭᠤᠯ ᠨᠤᠮ ᠤᠩᠰᠢᠬᠤ ᠡᠯᠧᠺᠲ᠋ᠷᠥᠨ ᠰᠤᠹᠲ ᠪᠤᠯᠤᠨ᠎ᠠ᠃
ᠲᠤᠰ ᠰᠤᠹᠲ ᠳᠤ ᠨᠤᠮ ᠤᠨ ᠭᠠᠷᠴᠠᠭ ᠢ ᠵᠢᠭᠰᠠᠭᠠᠵᠤ᠂ ᠤᠩᠰᠢᠭᠴᠢᠳ ᠭᠠᠷᠴᠠᠭ ᠢᠶᠡᠷ ᠳᠠᠮᠵᠢᠨ ᠥᠪᠡᠷ ᠤᠨ ᠰᠤᠨᠢᠷᠬᠠᠯ ᠲᠠᠢ ᠠᠭᠤᠯᠭ᠎ᠠ ᠪᠡᠨ ᠰᠤᠩᠭᠤᠨ ᠤᠩᠰᠢᠵᠤ ᠪᠤᠯᠤᠨ᠎ᠠ᠃ ᠳᠤᠬᠠᠢ ᠳ᠋ᠤ ᠨᠢ᠂ ᠲᠤᠰ ᠰᠤᠹᠲ ᠪᠠᠰᠠ ᠨᠤᠮ ᠤᠨ ᠨᠢᠭᠤᠷ ᠤᠷᠪᠠᠭᠤᠯᠬᠤ᠂ ᠭᠠᠷᠴᠠᠭ ᠳᠤ ᠪᠤᠴᠠᠬᠤ ᠵᠡᠷᠭᠡ ᠴᠢᠳᠠᠮᠵᠢ ᠲᠠᠢ᠃
ᠲᠤᠰ ᠰᠤᠹᠲ ᠨᠢ ᠡᠯᠧᠺᠲ᠋ᠷᠥᠨ ᠨᠤᠮ ᠤᠨ ᠠᠭᠤᠯᠭ᠎ᠠ ᠢᠢ ᠦᠢᠯᠡᠴᠢᠯᠡᠭᠥᠷ ᠤᠨ ᠳᠤᠭᠳᠠᠭᠰᠠᠨ ᠪᠠᠢᠷᠢᠨ ᠳ᠋ᠤ ᠨᠢᠭᠡᠳᠥᠯᠲᠠᠢ ᠬᠠᠳᠠᠭᠠᠯᠠᠵᠥ᠂ ᠴᠠᠭ ᠢᠮᠬᠠᠳᠠ ᠠᠭᠤᠯᠭ᠎ᠠ ᠰᠢᠨᠡᠴᠢᠯᠡᠬᠥ ᠪᠤᠶᠤ ᠨᠡᠮᠡᠵᠥ ᠪᠤᠯᠤᠨ᠎ᠠ᠃ ᠡᠭᠥᠨ ᠤ ᠬᠠᠮᠲᠤ᠂ ᠦᠢᠯᠡᠴᠢᠯᠡᠬᠥᠷ ᠪᠠ ᠬᠡᠷᠡᠭᠯᠡᠭᠴᠢ ᠶᠢᠨ ᠲᠡᠭᠥᠰᠭᠡᠯ ᠵᠡᠷᠭᠡᠴᠡᠯ ᠴᠢᠳᠠᠮᠵᠢ ᠲᠠᠢ ᠪᠠᠢᠵᠤ᠂ ᠦᠢᠯᠡᠴᠢᠯᠡᠬᠥᠷ ᠲᠠᠬᠢ ᠨᠤᠮ ᠤᠨ ᠠᠭᠤᠯᠭ᠎ᠠ ᠰᠢᠨᠡᠴᠢᠯᠡᠭᠳᠡᠪᠡᠯ ᠬᠡᠷᠡᠭᠯᠡᠭᠴᠢ ᠶᠢᠨ ᠲᠡᠭᠥᠰᠭᠡᠯ ᠳ᠋ᠡᠬᠢ ᠠᠭᠤᠯᠭ᠎ᠠ ᠵᠡᠷᠭᠡ ᠳ᠋ᠤ ᠨᠢ ᠰᠢᠨᠡᠴᠢᠯᠡᠭᠳᠡᠨᠡ᠃
ᠲᠤᠰ ᠰᠤᠹᠲ ᠤᠳᠤᠬᠠᠨ ᠳ᠋ᠤ HTML ᠪᠠ TEXT ᠵᠠᠭᠪᠤᠷ ᠤᠨ ᠹᠠᠢᠯ ᠢ ᠳᠡᠮᠵᠢᠬᠥ ᠴᠢᠳᠠᠮᠵᠢ ᠲᠠᠢ ᠪᠠᠢᠵᠤ᠂ ᠪᠤᠰᠤᠳ ᠵᠠᠭᠪᠤᠷ ᠤᠨ ᠡᠯᠧᠺᠲ᠋ᠷᠥᠨ ᠨᠤᠮ ᠢ ᠳᠠᠮᠵᠢᠬᠥ ᠴᠢᠳᠠᠮᠵᠢ ᠪᠠ ᠬᠡᠪᠯᠡᠯ ᠤᠨ ᠡᠷᠭᠡ ᠢᠢ ᠬᠠᠮᠠᠭᠠᠯᠠᠬᠤ ᠴᠢᠳᠠᠮᠵᠢ ᠢᠢ ᠠᠭᠠᠵᠢᠮ ᠢᠶᠡᠷ ᠪᠡᠶᠡᠯᠡᠬᠥᠯᠬᠥ ᠪᠡᠷ ᠴᠢᠷᠮᠠᠢᠵᠤ ᠪᠠᠢᠨ᠎ᠠ᠃
ᠤᠯᠠᠨ ᠤᠯᠥᠰ ᠤᠨ ᠪᠠᠷᠢᠮᠵᠢᠶᠠᠲᠤ ᠺᠤᠳ᠋ (Unicode) ᠢᠶᠡᠷ ᠺᠤᠳ᠋ᠯᠠᠭᠰᠠᠨ ᠮᠤᠩᠭᠤᠯ ᠡᠯᠧᠺᠲ᠋ᠷᠥᠨ ᠨᠤᠮ ᠤᠩᠰᠢᠬᠤ ᠰᠤᠹᠲ ᠲᠤ ᠨᠡᠩ ᠤᠯᠠᠨ ᠮᠤᠩᠭᠤᠯ ᠨᠤᠮ ᠪᠢᠴᠢᠭ᠌ ᠢ ᠬᠤᠷᠠᠮᠳᠤᠭᠤᠯᠵᠤ ᠥᠷᠭᠡᠨ ᠤᠯᠠᠨ ᠤᠩᠰᠢᠭᠴᠢᠳ ᠲᠤ ᠦᠢᠯᠡᠴᠢᠯᠡᠬᠥ ᠪᠡᠷ ᠴᠢᠷᠮᠠᠢᠵᠤ ᠪᠠᠢᠨ᠎ᠠ᠃
http://www.delehi.com/delehi/new_delehi_pc_mn/dzsydq.html
2 АzBooks
АzBooks 平板电脑
1 MASTER VISA
https://play.google.com/store/apps/details?id=vsm.azreader
3 iReader
4 MOON +
iReader MOON +
MOON +
静读天下 天下一読