 

ᠦᠨᠡᠨᠴᠢ ᠴᠢᠭᠡᠴᠢ ᠪᠠᠶᠢᠬᠤ

2019-06-04 16:40
  462
  0
   ᠠᠶᠢᠯ ᠭᠡᠷ ᠤᠨ ᠠᠮᠢᠳᠤᠷᠠᠯ ᠲᠤᠮᠳᠠ ᠡᠷ᠎ᠡ ᠡᠮ᠎ᠡ ᠬᠤᠶᠠᠭᠤᠯᠠ ᠦᠬᠡ ᠬᠡᠯᠡᠬᠦ ᠦᠢᠯᠡ ᠬᠦᠢᠴᠡᠳᠭᠡᠬᠦ ᠳᠤ ᠪᠠᠨ ᠦᠨᠡᠨ ᠢ ᠪᠠᠷᠢᠮᠳᠠᠯᠠᠨ᠂ ᠪᠤᠳᠠᠳᠤ ᠶᠠᠪᠤᠳᠠᠯ ᠢ  ᠬᠦᠨᠳᠦᠳᠭᠡᠵᠦ᠂ ᠦᠢᠯᠡᠳᠦᠯᠬᠡ ᠶᠢ ᠬᠦᠨᠳᠦᠳᠭᠡᠵᠦ᠂ ᠶᠠᠮᠠᠷ ᠪᠠᠶᠢᠪᠠᠯ ᠶᠠᠮᠠᠷ ᠢᠶᠠᠷ ᠨᠢ ᠶᠠᠷᠢᠵᠤ᠂ ᠬᠤᠳᠠᠯ ᠬᠡᠯᠡᠬᠦ ᠦᠬᠡᠢ᠂ ᠬᠦᠮᠦᠨ ᠢ᠂ ᠮᠡᠬᠡᠯᠡᠬᠦ ᠦᠬᠡᠢ ᠪᠠᠶᠢᠬᠤ ᠬᠡᠷᠡᠭᠲᠡᠢ᠃ ᠬᠦᠮᠦᠰ ᠲᠠᠢ ᠶᠠᠪᠤᠯᠴᠠᠬᠤ ᠦᠬᠡᠢ᠂ ᠵᠠᠯᠢ ᠮᠡᠭᠡ ᠭᠠᠷᠭᠠᠬᠤ ᠦᠬᠡᠢ ᠪᠠᠶᠢᠬᠤ ᠬᠡᠷᠡᠭᠲᠡᠢ᠃ ᠡᠬᠡᠨᠡᠷ ᠢᠶᠠᠨ ᠬᠠᠯᠠᠮᠵᠢᠯᠠᠬᠤ᠂ ᠶᠠᠪᠤᠳᠠᠯ ᠤᠴᠢᠷ ᠢ ᠰᠢᠢᠳᠪᠦᠷᠢᠯᠡᠬᠦ ᠳᠤ ᠪᠠᠨ ᠬᠠᠯᠠᠭᠤᠮᠰᠤᠭ ᠬᠠᠷᠠᠮ ᠦᠬᠡᠢ ᠪᠠᠶᠢᠵᠤ᠂ ᠪᠤᠯᠪᠠᠰᠤᠨ ᠰᠤᠷᠳᠠᠯ᠂ ᠶᠤᠰᠤ ᠵᠦᠢ ᠶᠢ ᠡᠷᠬᠢᠮᠯᠡᠬᠦ ᠬᠡᠷᠡᠭᠲᠡᠢ᠃
  ᠵᠢᠪᠬᠤᠭ᠎ᠠ ᠰᠠᠶᠢᠲᠠᠢ  ᠪᠠᠶᠢᠬᠤ
  ᠴᠤᠭ ᠵᠢᠪᠬᠤᠭ᠎ᠠ ᠲᠠᠢ ᠡᠷᠡᠭᠲᠡᠢ ᠬᠦᠮᠦᠨ ᠪᠤᠯ ᠡᠬᠡᠨᠡᠷ ᠲᠤ ᠪᠠᠨ ᠬᠡᠬᠡᠨᠴᠢᠷ᠂ ᠪᠤᠯᠪᠠᠰᠤᠨ᠂ ᠡᠷᠡᠯᠭᠡᠭ᠂  ᠰᠢᠭᠤᠷᠬᠠᠢ᠂ ᠲᠦᠪᠯᠡᠬᠦᠨ᠂ ᠢᠳᠡᠷᠡᠭᠦᠨ ᠰᠠᠨᠠᠭᠳᠠᠳᠠᠭ᠃  ᠡᠨᠡ ᠨᠢ ᠡᠬᠡᠨᠡᠷ ᠬᠦᠮᠦᠨ ᠤ ᠬᠠᠯᠠᠭᠤᠮᠰᠤᠭ ᠲᠤᠳᠤᠨᠤᠰᠤᠭ ᠪᠤᠯᠬᠤ᠂ ᠪᠢᠰᠢᠷᠡᠨ ᠲᠤᠭᠤᠬᠤ᠂ ᠬᠦᠰᠡᠨ ᠲᠡᠮᠡᠦᠯᠡᠬᠦ ᠰᠡᠳᠬᠢᠯ ᠢ ᠨᠡᠮᠡᠭᠳᠡᠬᠦᠯᠬᠦ ᠪᠠᠷ ᠪᠠᠷᠠᠬᠤ ᠦᠬᠡᠢ᠂ ᠲᠡᠭᠦᠨ ᠤ ᠭᠤᠸ᠎ᠠ ᠰᠠᠶᠢᠬᠠᠨ ᠤ ᠲᠤᠬᠠᠢ ᠲᠦᠷᠦᠭᠳᠡᠯ ᠢ ᠴᠦ ᠪᠤᠳᠤᠭᠳᠠᠭᠤᠯᠵᠤ ᠴᠢᠳᠠᠨ᠎ᠠ᠃
  ᠦᠯᠡᠮᠵᠢᠬᠡᠨ ᠡᠷᠳᠡᠮ ᠮᠡᠳᠡᠯᠭᠡ ᠲᠠᠢ  ᠪᠤᠯᠬᠤ
  ᠤᠳᠤᠬᠠᠨ ᠤ ᠡᠨᠡᠬᠦ ᠦᠭᠡᠷᠡᠴᠢᠯᠡᠯᠲᠡ ᠶᠢᠨ ᠶᠡᠭᠡ ᠳᠠᠪᠠᠯᠭᠠᠨ ᠤ ᠲᠤᠮᠳᠠ ᠡᠷᠡᠭᠲᠡᠢ ᠨᠦᠬᠦᠷ ᠪᠤᠯᠤᠭᠰᠠᠳ ᠰᠤᠨᠤᠷᠴᠢ᠂ ᠰᠦᠰᠦ ᠵᠤᠷᠢᠭ ᠲᠠᠢ᠂ ᠡᠷᠳᠡᠮ ᠮᠡᠳᠡᠯᠭᠡ ᠲᠠᠢ᠂ ᠰᠢᠨ᠎ᠡ ᠶᠢ ᠡᠭᠦᠳᠬᠦ ᠵᠤᠷᠢᠭ ᠲᠠᠢ ᠪᠠᠶᠢᠬᠤ ᠬᠡᠷᠡᠭᠲᠡᠢ᠃ ᠰᠤᠷᠤᠯᠭ᠎ᠠ ᠶᠢᠨ ᠲᠠᠯ᠎ᠠ ᠪᠠᠷ ᠰᠢᠮᠳᠠᠬᠤ ᠵᠤᠷᠢᠭ ᠪᠠᠶᠢᠬᠤ ᠬᠡᠷᠡᠭᠲᠡᠢ᠃ ᠮᠡᠳᠡᠯᠭᠡ ᠶᠢᠨ ᠬᠡᠪᠴᠢᠶ᠎ᠡ ᠪᠠᠨ ᠦᠷᠭᠡᠳᠭᠡᠬᠦ ᠬᠡᠷᠡᠭᠲᠡᠢ᠃ ᠶᠠᠮᠠᠷ ᠨᠤᠭᠤᠷᠠᠯ ᠪᠦᠳᠦᠷᠢᠯ ᠤᠴᠠᠷᠠᠭᠰᠠᠨ ᠴᠦ ᠪᠦᠷ ᠨᠤᠭᠤᠷᠠᠰᠢ ᠦᠬᠡᠢ ᠡᠴᠤᠰ ᠲᠤ ᠨᠢ ᠲᠤᠯᠳᠠᠯ᠎ᠠ ᠲᠡᠮᠡᠴᠡᠬᠦ ᠬᠡᠷᠡᠭᠲᠡᠢ᠃
  ᠦᠢᠯᠡᠰᠴᠢ ᠰᠡᠳᠬᠢᠯ ᠴᠢᠩᠭ᠎ᠠ ᠪᠠᠶᠢᠬᠤ
  ︽ᠬᠦᠮᠦᠨ ᠵᠦᠪᠬᠡᠨ ᠢᠨᠠᠭ ᠲᠤᠷᠠᠯᠠᠯ ᠤᠨ ᠲᠦᠯᠦᠬᠡ  ᠠᠮᠢᠳᠤᠷᠠᠵᠤ  ᠪᠠᠶᠢᠳᠠᠭ ᠪᠢᠰᠢ︾᠂ ᠭᠡᠷ ᠪᠦᠯᠢ ᠶᠢᠨ ᠢᠶᠠᠨ ᠬᠠᠯᠠᠭᠤᠨ ᠲᠤᠯᠠᠭᠠᠨ ᠤᠷᠴᠢᠨ ᠠᠬᠤᠢ ᠳᠤ  ᠰᠤᠭᠳᠤᠭᠤᠷᠠᠭᠠᠳ ᠪᠠᠶᠢᠪᠠᠯ ᠦᠵᠡᠯ ᠰᠠᠨᠠᠭ᠎ᠠ᠂ ᠡᠷᠳᠡᠮ ᠮᠡᠳᠡᠯᠬᠡ᠂ ᠠᠵᠢᠯ ᠦᠢᠯᠡᠰ ᠤᠨ ᠲᠠᠯ᠎ᠠ ᠪᠠᠷ ᠶᠠᠮᠠᠷ ᠴᠦ ᠲᠠᠪᠰᠢᠯᠲᠡ ᠦᠬᠡᠢ ᠪᠤᠯᠬᠤ ᠮᠦᠷᠲᠡᠭᠡᠨ ᠴᠢᠨᠠᠭᠰᠢᠯᠠᠪᠠᠯ ᠤᠬᠤᠷᠢᠬᠤ ᠳᠤ ᠬᠦᠷᠦᠨ᠎ᠡ᠃ ᠢᠩᠬᠢᠪᠡᠯ ᠬᠠᠶᠢᠷ᠎ᠠ ᠲᠤᠷᠠᠯᠠᠯ ᠤᠨ ᠰᠠᠭᠤᠷᠢ ᠨᠢ ᠴᠦ ᠭᠤᠶᠢᠪᠠᠯᠵᠠᠨ᠎ᠠ᠃ ᠭᠠᠭᠴᠠ ᠠᠯᠤᠰ ᠤᠨ ᠬᠠᠷᠠᠯᠲᠠ ᠵᠦᠭ ᠲᠡᠮᠦᠯᠦᠨ ᠬᠠᠷᠢᠯᠴᠠᠨ ᠵᠤᠷᠢᠭᠵᠢᠭᠤᠯᠵᠤ᠂ ᠢᠳᠡᠪᠬᠢᠲᠡᠢ ᠪᠠᠷ ᠦᠭᠡᠳᠡᠯᠡᠨ ᠲᠡᠪᠰᠢᠪᠠᠯ ᠢᠨᠠᠭ ᠲᠤᠷᠠᠯᠠᠯ ᠤᠨ
ᠴᠡᠴᠡᠭ ᠨᠡᠩ ᠦᠩᠭᠡ ᠰᠠᠶᠢᠲᠠᠢ ᠲᠡᠯᠭᠡᠷᠡᠨ᠎ᠡ᠃ ᠡᠷᠡᠭᠲᠡᠢ ᠨᠦᠬᠦᠷ ᠪᠤᠯᠤᠭᠰᠠᠨ ᠤ ᠬᠤᠪᠢ ᠳᠤ ᠦᠪᠡᠷ ᠤᠨ ᠠᠵᠢᠯ ᠦᠢᠯᠡᠰ ᠲᠡᠭᠡᠷ᠎ᠡ ᠪᠠᠨ ᠲᠠᠰᠤᠷᠠᠯᠲᠠ ᠦᠬᠡᠢ ᠤᠷᠤᠭᠰᠢᠯᠠᠨ ᠳᠠᠪᠰᠢᠬᠤ ᠪᠠᠷ ᠪᠠᠷᠠᠬᠤ ᠦᠬᠡᠢ᠂ ᠡᠬᠡᠨᠡᠷ ᠤᠨ ᠢᠶᠠᠨ ᠦᠢᠯᠡᠰ ᠢ ᠴᠦ ᠲᠡᠮᠵᠢᠬᠦ ᠬᠡᠷᠡᠭᠲᠡᠢ᠃ ᠦᠢᠯᠡᠰᠴᠢ ᠰᠡᠳᠬᠢᠯ ᠢᠶᠠᠷ ᠴᠢᠩᠭ᠎ᠠ ᠪᠠᠶᠢᠬᠤ ᠨᠢ ᠰᠠᠶᠢᠨ ᠡᠷᠡᠭᠲᠡᠢ ᠨᠦᠬᠦᠷ ᠤᠨ ᠬᠠᠮᠤᠭ ᠤᠨ ᠴᠢᠬᠤᠯᠠ ᠰᠠᠶᠢᠬᠠᠨ ᠵᠠᠩᠰᠢᠯ ᠮᠦᠨ᠃ ᠪᠠᠰᠠ ᠴᠦ ᠡᠷᠡᠭᠲᠡᠢ ᠨᠦᠬᠦᠷ ᠤᠨ ᠨᠡᠶᠢᠬᠡᠮ᠂ ᠬᠤᠶᠢᠴᠢ ᠦᠶ᠎ᠡ ᠶᠢᠨ ᠢᠶᠠᠨ ᠲᠦᠯᠦᠬᠡ ᠵᠠᠪᠠᠯ ᠡᠭᠦᠷᠭᠡᠯᠡᠬᠦ ᠬᠡᠷᠡᠭᠲᠡᠢ ᠬᠠᠮᠤᠭ ᠤᠨ ᠴᠢᠬᠤᠯᠠ ᠡᠭᠦᠷᠭᠡ ᠮᠦᠨ᠃
  ᠤᠯᠠᠨ ᠵᠦᠢᠯ ᠳᠤ ᠲᠤᠷ᠎ᠠ ᠪᠠᠬ᠎ᠠ ᠲᠠᠢ ᠪᠠᠶᠢᠬᠤ
  ᠠᠮᠢᠳᠤᠷᠠᠬᠤ ᠤᠬᠠᠭᠠᠨ ᠢ ᠮᠡᠳᠡᠬᠦ ᠦᠬᠡᠢ᠂ ᠠᠵᠢᠯ ᠤᠨ ᠴᠢᠯᠦᠬᠡᠨ ᠤ ᠲᠤᠷ᠎ᠠ ᠰᠤᠨᠢᠷᠬᠠᠯ ᠦᠬᠡᠢ᠂ ᠨᠢᠬᠡ ᠯᠡ ᠶᠠᠭᠤᠮᠠᠨ ᠳᠤ ᠪᠠᠭ᠋ᠠᠲᠠᠢ ᠪᠤᠶᠤ ᠮᠠᠭᠤ ᠶᠠᠭᠤᠮᠠᠨ ᠳᠤ  ᠲᠤᠷᠠᠰᠢᠯ ᠪᠦᠬᠦᠢ ᠡᠷᠡᠭᠲᠡᠢ ᠨᠦᠬᠦᠷ ᠢ ᠡᠬᠡᠨᠡᠷ ᠨᠢ ᠶᠡᠷᠦ ᠲᠤᠭᠤᠬᠤ ᠦᠬᠡᠢ ᠶᠤᠮ᠃ ᠡᠶᠢᠮᠦ ᠠᠴᠠ ᠡᠷᠡᠭᠲᠡᠢ ᠨᠦᠬᠦᠷ ᠪᠤᠯᠤᠭᠰᠠᠳ ᠶᠠᠭᠠᠬᠢᠵᠤ ᠠᠮᠢᠳᠤᠷᠠᠬᠤ᠂ ᠶᠠᠭᠠᠬᠢᠵᠤ ᠠᠮᠢᠳᠤᠷᠠᠪᠠᠯ ᠰᠠᠶ᠋ᠢ ᠨᠡᠩ ᠶᠡᠭᠡ ᠤᠳᠬ᠎ᠠ ᠠᠭᠤᠯᠭ᠎ᠠ ᠲᠠᠢ ᠪᠤᠯᠬᠤ ᠶᠢ ᠮᠡᠳᠡᠵᠦ ᠠᠪᠬᠤ ᠬᠡᠷᠡᠭᠲᠡᠢ᠃
  ᠬᠠᠷᠠᠭᠠᠯᠵᠠᠬᠤ ᠬᠠᠯᠠᠮᠵᠢᠯᠠᠨ ᠬᠠᠯᠠᠭᠤᠨ ᠲᠤᠳᠤᠨᠤ ᠪᠠᠶᠢᠬᠤ
  ᠬᠠᠶᠢᠷ᠎ᠠ ᠲᠤᠷᠠᠯᠠᠯ ᠢᠶᠠᠨ ᠬᠡᠵᠶᠡᠳᠡ ᠬᠡᠪ ᠢᠶᠠᠷ ᠪᠠᠶᠢᠯᠭᠠᠵᠤ᠂ ᠪᠠᠭ᠋ᠠᠷᠬᠠᠯ ᠢ ᠲᠠᠲᠠᠮ᠎ᠠ ᠬᠡᠪ ᠰᠢᠨᠵᠢ ᠲᠠᠢ ᠪᠠᠶᠢᠶ᠎ᠠ ᠭᠡᠪᠡᠯ ᠡᠬᠡᠨᠡᠷ ᠢᠶᠠᠨ ᠬᠠᠯᠠᠮᠵᠢᠯᠠᠨ ᠬᠠᠷᠠᠭᠠᠯᠵᠠᠨ ᠬᠠᠯᠠᠭᠤᠨ ᠲᠤᠳᠤᠨᠤ ᠪᠠᠶᠢᠬᠤ ᠨᠢ ᠲᠤᠩ ᠴᠢᠬᠤᠯᠠ ᠶᠤᠮ᠃ ᠡᠷᠡᠭᠲᠡᠢ ᠨᠦᠬᠦᠷ ᠪᠤᠯᠤᠭᠰᠠᠳ ᠠᠵᠢᠯ ᠦᠢᠯᠡᠰ ᠤᠨ ᠲᠠᠯ᠎ᠠ ᠪᠠᠷ ᠡᠷᠳᠡᠮ ᠴᠢᠳᠠᠪᠤᠷᠢ ᠶᠢᠨ ᠲᠠᠯ᠎ᠠ ᠪᠠᠷ ᠠᠯᠢ ᠴᠢᠳᠠᠬᠤ ᠪᠠᠷ ᠡᠬᠡᠨᠡᠷ ᠢᠶᠠᠨ ᠬᠠᠪᠰᠤᠷᠬᠤ ᠬᠡᠷᠡᠭᠲᠠᠢ᠃ ᠠᠵᠢᠯ ᠬᠡᠷ ᠤᠨ ᠢᠶᠠᠨ ᠠᠵᠢᠯ ᠢ ᠬᠦᠳᠡᠯᠦᠭᠭᠦᠢ ᠪᠠᠷ ᠬᠤᠪᠢᠶᠠᠯᠴᠠᠨ ᠬᠢᠬᠦ ᠬᠡᠷᠡᠭᠲᠡᠢ᠃ ᠴᠢᠬᠤᠯᠲᠠᠢ ᠦᠶ᠎ᠡ ᠳᠤ ᠭᠡᠷ ᠤᠨ ᠠᠵᠢᠯ ᠢ ᠭᠤᠤᠯᠯᠠᠨ ᠬᠢᠵᠦ ᠪᠤᠯᠤᠨ᠎ᠠ᠃ ᠢᠯᠠᠩᠭᠤᠶ᠎ᠠ ᠡᠬᠡᠨᠡᠷ ᠴᠢᠨᠢ ᠪᠡᠶ᠎ᠡ ᠨᠢ ᠰᠤᠯᠠᠬᠠᠨ᠂ ᠬᠦᠳᠡᠯᠵᠦ  ᠪᠠᠷᠢᠬᠤ ᠳᠤ ᠳᠦᠬᠦᠮ ᠦᠬᠡᠢ ᠪᠠᠶᠢᠬᠤ ᠦᠶ᠎ᠡ ᠳᠤ ᠬᠡᠷ ᠤᠨ ᠠᠵᠢᠯ ᠢᠶᠠᠨ ᠰᠠᠨᠠᠭᠠᠴᠢᠯᠭ᠎ᠠ ᠲᠠᠢ ᠪᠠᠷ ᠢᠳᠡᠪᠬᠢᠯᠡᠨ ᠬᠢᠪᠡᠯ ᠵᠤᠬᠢᠨ᠎ᠠ᠃ ᠠᠮᠢᠳᠤᠷᠠᠯ ᠤᠨ ᠵᠢᠵᠢᠭ ᠰᠠᠵᠢᠭ ᠶᠠᠪᠤᠳᠠᠯ ᠲᠡᠭᠡᠷ᠎ᠡ ᠡᠬᠡᠨᠡᠷ ᠢᠶᠠᠨ ᠢᠯᠡᠬᠦᠬᠡᠨ ᠬᠠᠷᠠᠭᠠᠯᠵᠠᠵᠤ ᠬᠠᠯᠠᠮᠵᠢᠯᠠᠨ᠂ ᠡᠬᠡᠨᠡᠷ ᠲᠤ ᠪᠠᠨ ᠬᠠᠶᠢᠷ᠎ᠠ
ᠲᠤᠷᠠᠯᠠᠯ ᠤᠨ ᠢᠪᠡᠭᠡᠯ ᠪᠤᠯᠤᠨ ᠪᠠᠶ᠋ᠰᠤᠯ ᠢ ᠡᠳ᠋ᠯᠡᠬᠦᠯᠪᠡᠯ ᠵᠤᠬᠢᠨ᠎ᠠ᠃
  ᠪᠠᠳᠤ ᠵᠢᠷᠦᠮ ᠲᠠᠢ ᠪᠠᠭᠳᠠᠭᠠᠮᠵᠢ ᠶᠡᠬᠡᠲᠡᠢ ᠪᠠᠶᠢᠬᠤ
  ᠪᠠᠲᠤ ᠵᠢᠷᠦᠮ ᠲᠠᠢ ᠪᠠᠶᠢᠬᠤ ᠨᠢ ᠴᠦ ᠡᠷᠡᠭᠲᠡᠢ  ᠨᠦᠬᠦᠷ ᠤᠨ ᠪᠠᠶᠢᠪᠠᠰᠤ ᠵᠤᠬᠢᠬᠤ ᠰᠠᠶᠢᠬᠠᠨ ᠰᠤᠷᠳᠠᠯ .  ᠮᠦᠨ᠃ ᠡᠷᠡᠭᠳᠡᠢ ᠨᠦᠬᠦᠷ ᠪᠤᠯᠤᠭᠴᠢ ᠪᠠᠭ᠋ᠠᠷᠬᠠᠯ ᠢ ᠲᠠᠲᠠᠬᠤ ᠬᠦᠴᠦᠨ ᠲᠠᠢ ᠪᠠᠶᠢᠬᠤ ᠳᠤ ᠪᠠᠰᠠ ᠬᠡᠭᠦᠳᠡᠭ ᠴᠡᠭᠡᠵᠢ ᠪᠠᠨ ᠠᠭᠤᠳᠠᠮ ᠪᠠᠶᠢᠯᠭᠠᠬᠤ ᠬᠡᠷᠡᠭᠲᠡᠢ᠃ ᠵᠠᠷᠴᠢᠮ ᠤᠨ ᠪᠤᠰᠤ ᠪᠠᠭ᠎ᠠ ᠰᠠᠭ᠎ᠠ ᠠᠰᠠᠭᠤᠳᠠᠯ ᠲᠡᠭᠡᠷ᠎ᠡ ᠬᠦᠰᠡᠯ ᠢᠶᠠᠨ ᠲᠡᠪᠴᠢᠨ ᠨᠠᠶᠢᠷ ᠲᠠᠯᠪᠢᠵᠤ ᠠᠯᠢ ᠴᠢᠳᠠᠬᠤ ᠪᠠᠷ ᠬᠡᠷᠡᠭᠦᠯ ᠴᠤᠤᠬᠢᠶᠠᠨ ᠬᠢᠬᠦ ᠦᠬᠡᠢ ᠪᠤᠯ ᠲᠠᠭᠠᠷᠠᠨ᠎ᠠ᠃ ᠢᠯᠳᠠᠷ ᠬᠠᠶᠠᠵᠤ ᠪᠤᠯᠬᠤ ᠦᠬᠡᠢ ᠶᠠᠪᠤᠳᠠᠯ ᠲᠡᠭᠡᠷ᠎ᠡ ᠴᠦ ᠡᠬᠡᠨᠡᠷ ᠴᠢᠨᠢ ᠲᠠᠶᠢᠪᠤᠰᠢᠷᠠᠭᠰᠠᠨ ᠦᠶ᠎ᠡ ᠳᠤ ᠬᠡᠯᠡᠵᠦ  ᠢᠳᠬᠠᠬᠤ ᠬᠡᠷᠡᠭᠲᠡᠢ᠃ ᠦᠨᠡᠨ ᠦᠬᠡ ᠪᠠᠨ ᠬᠡᠯᠡᠵᠦ ᠰᠡᠳᠬᠢᠯ ᠰᠠᠨᠠᠭ᠎ᠠ ᠪᠠᠨ ᠮᠡᠳᠡᠯᠴᠡᠬᠦ ᠨᠢ ᠬᠡᠵᠢᠶ᠎ᠡ ᠴᠦ  ᠴᠢᠬᠤᠯᠲᠠᠢ ᠶᠤᠮ᠃



  
     
     