-
12842
ᠭᠠᠵᠠᠷ ᠵᠦᠢ ᠪᠡᠨ ᠪᠠᠭᠳᠤᠵᠤ᠂ ᠭᠠᠵᠠᠷ ᠵᠦᠢ ᠪᠡᠷ ᠢᠶᠡᠨ ᠠᠮᠢᠯᠠᠵᠤ ᠶᠠᠪᠤᠨ᠎ᠠ
2018-10-30 20:42
205
0
ᠳᠡᠭᠡᠭᠰᠢ ᠤᠷᠴᠢᠯᠠᠩ ᠤᠨ ᠤᠭᠳᠠᠷᠭᠤᠢ ᠠᠴᠠ ᠳᠤᠷᠤᠭᠰᠢ ᠳᠡᠯᠡᠬᠡᠢ ᠶᠢᠨ ᠴᠦᠮ᠎ᠡ ᠬᠦᠷᠳᠡᠯ᠎ᠡ᠂ ᠵᠡᠭᠦᠨ ᠳᠠᠯᠠᠢ ᠶᠢᠨ ᠢᠷᠮᠡᠭ ᠡᠴᠡ ᠪᠠᠷᠠᠭᠤᠨ ᠲᠡᠭᠷᠢ ᠶᠢᠨ ᠬᠠᠶᠠᠭ᠎ᠠ ᠬᠦᠷᠳᠡᠯ᠎ᠡ᠂ ᠤᠮᠠᠷ᠎ᠠ ᠠᠯᠳᠠᠨ ᠭᠠᠳᠠᠰᠤ ᠠᠴᠠ ᠡᠮᠤᠨ᠎ᠡ ᠦᠷ ᠦᠨ ᠴᠤᠯᠮᠤᠨ ᠬᠦᠷᠳᠡᠯ᠎ᠡ᠂ ᠲᠡᠭᠷᠢ ᠭᠠᠵᠠᠷ ᠤᠨ ᠲᠦᠮᠡᠨ ᠪᠤᠳᠠᠰ ᠮᠢᠩᠭᠠᠨ ᠵᠦᠢ ᠶᠢ ᠪᠠᠭᠳᠠᠭᠠᠭᠰᠠᠨ ᠠᠭᠤᠯᠭ᠎ᠠ ᠪᠠᠷ ᠦᠷᠭᠡᠨ᠂ ᠮᠡᠳᠡᠯᠭᠡ ᠪᠡᠷ ᠭᠦᠨ᠂ ᠰᠤᠳᠤᠯᠬᠤ ᠳᠤ ᠰᠢᠨᠤᠯ ᠲᠠᠢ᠂ ᠰᠤᠷᠤᠯᠴᠠᠬᠤ ᠳᠤ ᠪᠠᠬ᠎ᠠ ᠲᠠᠢ᠂ ᠦᠪᠡᠷ ᠢ ᠪᠡᠨ ᠪᠠᠶᠢᠷᠢ ᠰᠠᠭᠤᠷᠢ ᠲᠠᠢ᠂ ᠳᠤᠰᠭᠠᠷ ᠰᠢᠨᠵᠢᠯᠡᠭᠡ ᠪᠣᠯ ᠳᠠᠷᠣᠢ ᠭᠠᠵᠠᠷ ᠵᠦᠢ ᠶᠢᠨ ᠰᠢᠨᠵᠢᠯᠡᠭᠡ᠂ ᠬᠤᠪᠢ ᠵᠠᠶᠠᠭᠠᠨ ᠤ ᠨᠠᠨᠳᠢᠨ ᠪᠠᠷᠢᠯᠳᠤᠯᠭ᠎ᠠ ᠲᠠᠢ ᠭᠠᠵᠠᠷ ᠵᠦᠢ ᠶᠢᠨ ᠬᠢᠴᠢᠶᠡᠯ ᠲᠦᠷᠦᠯ᠃ ᠡᠨᠡ ᠪᠣᠯ ᠮᠢᠨᠤ ᠡᠨᠡ ᠨᠠᠰᠤᠨ ᠤ ᠤᠯᠳᠠᠰᠢ ᠦᠭᠡᠢ ᠨᠠᠨᠳᠢᠨ ᠦᠪ᠂ ᠡᠨᠡ ᠪᠡᠶ᠎ᠡ ᠶᠢᠨ ᠤᠯᠵᠠᠷᠬᠠᠭ ᠬᠦᠷᠦᠩᠭᠡ᠂ ᠤᠶᠤᠨ ᠤᠬᠠᠭᠠᠨ ᠤ ᠰᠦᠭ ᠰᠦᠨᠡᠰᠤ᠂ ᠤᠢ ᠪᠢᠯᠢᠭ ᠦᠨ ᠠᠮᠤ ᠬᠦᠨᠡᠰᠤ᠃
ᠭᠠᠵᠠᠷ ᠵᠦᠢ ᠭᠡᠵᠦ ᠪᠣᠯ ᠤᠳᠤᠳᠤ ᠤᠷᠴᠢᠯᠠᠩ ᠤᠨ ᠣᠷᠣᠰᠢᠨ ᠵᠤᠷᠴᠢᠬᠤ ᠵᠢᠮ᠎ᠡ᠂ ᠦᠨᠳᠤᠷ ᠰᠦᠷᠯᠢᠭ ᠠᠭᠤᠯᠠ ᠨᠢᠷᠤᠭᠤ᠂ ᠦᠷᠭᠡᠨ ᠠᠭᠤᠳᠠᠮ ᠲᠠᠯ᠎ᠠ ᠨᠤᠳᠤᠭ᠂ ᠤᠷᠤᠰᠬᠠᠯ ᠳᠤᠩᠭᠠᠯᠠᠭ ᠭᠣᠣᠯ ᠮᠦᠷᠡᠨ᠂ ᠨᠡᠯᠤᠭᠡᠷ ᠶᠡᠭᠡ ᠳᠠᠯᠠᠢ ᠲᠠᠩᠬᠢᠰ᠂ ᠠᠮᠢᠯᠠᠯ ᠲᠡᠭᠦᠯᠳᠡᠷ ᠤᠷᠭᠤᠮᠡᠯ ᠬᠤᠴᠢᠯᠭ᠎ᠠ᠂ ᠦᠯᠡᠶᠡᠬᠦ ᠰᠠᠯᠬᠢ᠂ ᠱᠠᠭᠢᠬᠤ ᠪᠤᠷᠤᠭᠠᠨ᠂ ᠦᠩ ᠰᠢᠮᠡᠳᠤ ᠬᠦᠷᠤᠰᠤ ᠭᠡᠬᠦ ᠮᠡᠳᠤ ᠶᠢᠨ ᠡᠭᠡ ᠪᠠᠶᠢᠭᠠᠯᠢ ᠶᠢᠨ ᠦᠷᠭᠡᠨ ᠲᠡᠯᠭᠡᠷ ᠬᠡᠷᠡᠭ ᠪᠤᠳᠠᠰ ᠦᠵᠡᠭᠳᠡᠯ ᠦᠨ ᠡᠴᠢᠨ᠎ᠡ ᠭᠦᠨ ᠵᠢᠮ᠎ᠡ ᠶᠤᠰᠤ ᠶᠢ ᠰᠤᠳᠤᠯᠳᠠᠭ ᠪᠠᠶᠢᠭᠠᠯᠢ ᠶᠢᠨ ᠰᠢᠨᠵᠢᠯᠡᠬᠦ ᠤᠬᠠᠭᠠᠨ ᠪᠣᠯᠬᠤ ᠪᠠᠷ ᠪᠠᠷᠠᠬᠤ ᠦᠭᠡᠢ ᠪᠠᠶᠢᠭᠠᠯᠢ ᠠᠬᠤᠢ ᠶᠢᠨ ᠤᠷᠴᠢᠨ ᠳᠤᠮᠳᠠ ᠠᠵᠦ ᠲᠦᠷᠦᠵᠤ ᠠᠮᠢᠳᠤᠷᠡᠨ ᠤᠷᠤᠰᠢᠵᠤ ᠪᠠᠶᠢᠭ᠎ᠠ ᠬᠦᠮᠤᠨ ᠲᠦᠷᠦᠯᠬᠢᠳᠡᠨ ᠵᠢᠴᠢ ᠬᠦᠮᠤᠨ ᠲᠦᠷᠦᠯᠬᠢᠳᠡᠨ ᠦ ᠡᠭᠦᠳᠤᠨ ᠪᠦᠳᠦᠭᠡᠭᠰᠡᠨ ᠡᠯᠪᠡᠭ ᠪᠠᠶᠠᠯᠢᠭ ᠰᠤᠶᠤᠯ᠂ ᠤᠷᠤᠰᠢᠨ ᠰᠠᠭᠤᠬᠣ ᠤᠷᠤᠨ ᠰᠠᠭᠤᠴᠠ᠂ ᠦᠢᠯᠡᠳᠤᠨ ᠪᠤᠰᠬᠠᠭᠰᠠᠨ ᠠᠵᠤ ᠦᠢᠯᠡᠰ᠂ ᠴᠡᠴᠡᠭᠯᠡᠨ ᠬᠦᠭᠵᠢᠭᠰᠡᠨ ᠠᠷᠠᠯᠵᠢᠶ᠎ᠠ ᠬᠤᠳᠠᠯᠳᠤᠭ᠎ᠠ᠂ ᠬᠠᠷᠢᠴᠠᠭ᠎ᠠ ᠬᠤᠯᠪᠤᠭ᠎ᠠ ᠠᠪᠳᠠᠭ ᠵᠠᠮ ᠬᠠᠷᠢᠯᠴᠠᠭ᠎ᠠ ᠭᠡᠬᠦ ᠮᠡᠳᠤ ᠡᠯᠪᠡᠭ ᠤᠶᠤᠨ ᠪᠠᠶᠠᠯᠢᠭ ᠤᠬᠠᠭᠠᠨ ᠢ ᠠᠭᠤᠯᠤᠭᠰᠠᠨ ᠨᠡᠶᠢᠭᠡᠮ ᠦᠨ ᠰᠢᠨᠵᠢᠯᠡᠬᠦ ᠤᠬᠠᠭᠠᠨ ᠢ ᠬᠠᠷᠠᠭᠤᠯᠤᠭᠰᠠᠨ ᠪᠠᠶᠢᠭᠠᠯᠢ ᠨᠡᠶᠢᠭᠡᠮ ᠡᠴᠡ ᠡᠭᠦᠰᠦᠭᠡᠳ ᠠᠮᠢᠳᠤᠷᠡᠯ ᠦᠢᠯᠡᠳᠪᠦᠷᠢᠯᠡᠯ ᠳᠦ ᠦᠢᠯᠡᠴᠢᠯᠡᠳᠡᠭ ᠰᠢᠨᠵᠢᠯᠡᠬᠦ ᠤᠬᠠᠭᠠᠨᠴᠢ ᠴᠢᠨᠠᠷ ᠢᠶᠠᠷ ᠴᠢᠩᠭ᠎ᠠ᠂ ᠬᠡᠷᠡᠭᠴᠡᠭᠡᠳᠦ ᠴᠢᠨᠠᠷ ᠢᠶᠠᠷ ᠶᠡᠭᠡ᠂ ᠪᠠᠶᠢᠭᠠᠯᠢ ᠨᠡᠶᠢᠭᠡᠮ ᠬᠤᠤᠰᠯᠠᠭᠰᠠᠨ᠂ ᠠᠷᠭ᠎ᠠ ᠪᠢᠯᠢᠭ ᠠᠭᠤᠰᠤᠯᠴᠠᠭᠰᠠᠨ ᠦᠪᠡᠷᠮᠢᠴᠡ ᠰᠢᠨᠵᠢᠯᠡᠭᠡ ᠪᠤᠯᠤᠨ᠎ᠠ᠃
ᠡᠷᠭᠢᠴᠡᠭᠦᠯᠵᠦ ᠪᠤᠳᠤᠬᠤ ᠶᠢᠨ ᠦᠴᠦᠭᠡᠳᠤᠷ᠂ ᠡᠷᠳᠡᠨᠢ ᠶᠢᠨ ᠰᠤᠶᠤᠯ ᠰᠢᠳᠢᠳᠦ ᠮᠡᠷᠭᠡᠵᠢᠯ ᠢ ᠰᠤᠷᠤᠭᠰᠠᠨ ᠳᠠᠭᠠᠨ ᠬᠢᠵᠠᠭᠠᠯᠠᠰᠢ ᠦᠭᠡᠢ ᠪᠠᠶᠠᠷᠯᠠᠵᠤ ᠬᠡᠮᠵᠢᠶᠡᠯᠡᠰᠢ ᠦᠭᠡᠢ ᠤᠯᠵᠠᠷᠬᠠᠵᠦ ᠶᠠᠪᠤᠨ᠎ᠠ᠃ ᠭᠠᠵᠠᠷ ᠵᠦᠢ— ᠭᠠᠵᠠᠷ ᠤᠨ ᠤᠬᠠᠭᠠᠨ ᠲᠡᠭᠷᠢ ᠶᠢᠨ ᠵᠦᠢ᠂ ᠦᠭᠡᠳᠡᠯᠡᠨ ᠲᠠᠪᠰᠢᠬᠤ ᠵᠠᠯᠠᠭᠤ ᠨᠠᠰᠤᠨ ᠳᠤ ᠤᠶᠤᠨ ᠢ ᠮᠢᠨᠢ ᠳᠡᠵᠢᠭᠡᠵᠦ᠂ ᠤᠬᠠᠭᠠᠨ ᠢ ᠮᠢᠨᠢ ᠰᠠᠷᠠᠭᠤᠯᠵᠢᠭᠤᠯᠤᠨ᠂ ᠠᠵᠠ ᠬᠡᠶᠢᠮᠤᠷᠢ ᠶᠢ ᠦᠭᠡᠳᠡ ᠲᠠᠲᠠᠵᠤ᠂ ᠠᠶᠠᠨ ᠤ ᠵᠢᠯᠤᠭᠤ ᠶᠢ ᠤᠷᠤᠭᠰᠢ ᠬᠦᠳᠦᠯᠦᠨ᠂ ᠠᠵᠢᠯ ᠦᠢᠯᠡᠰ ᠲᠦ ᠮᠢᠨᠢ ᠳᠤᠯᠭᠠᠭᠤᠷᠢ ᠪᠤᠯᠵᠦ ᠰᠦᠨᠳᠡᠷᠯᠡᠮᠤᠢ︕