 

ᠤᠴᠠᠷᠠᠯ ᠤᠨ ᠰᠠᠶᠢᠬᠠᠨ ᠪᠤᠯᠵᠤᠭ᠎ᠠ ᠲᠠᠢ ᠤᠶᠠᠩᠭ᠎ᠠ ᠳᠠᠭᠤᠤ ᠶᠢᠨ ᠦᠳᠡᠰᠢᠯᠡᠭᠡ

2019-10-16 20:39
  150
  0

   ᠤᠶᠢᠷ᠎ᠠ ᠳᠤ᠂ ᠰᠦᠨ ᠵᠢᠶᠦ᠋ᠨ ᠢᠤᠢ ᠲᠡᠳ᠋ ᠫᠷᠤᠹᠧᠰᠰᠤᠷ ᠤᠨ ᠭᠤᠴᠤᠯᠠᠯ ᠳᠠᠭᠤᠤ ᠶᠢᠨ ᠲᠤᠰᠬᠠᠢ ᠲᠤᠭᠯᠠᠯᠲᠠ ᠦᠪᠦᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠳᠠᠭᠤᠤ ᠬᠦᠭᠵᠢᠮ ᠤᠨ ᠲᠢᠩᠭᠢᠮ ᠳᠤ ᠤᠴᠢᠷᠲᠠᠢ ᠰᠠᠶᠢᠬᠠᠨ ᠶᠠᠪᠤᠭᠳᠠᠪᠠ᠃
   ᠲᠤᠭᠯᠠᠯᠲᠠ ᠨᠢ ︽ᠤᠯᠠᠭᠠᠨ ᠪᠤᠷᠴᠠᠭ ᠤᠨ ᠳᠠᠭᠤᠯᠠᠯ︾ ᠢᠶᠠᠷ ᠬᠦᠰᠢᠭᠡ ᠪᠠᠨ ᠰᠡᠭᠦᠵᠦ᠂ ︽ᠬᠦᠨ ᠨᠠᠮᠤᠷ ᠤᠨ ᠲᠤᠷᠠᠰᠤᠮᠵᠢ︾᠂ ︽ᠨᠢᠭᠡᠨ ᠪᠠᠭᠴᠠ ᠲᠤᠭᠤᠷ ᠤᠨ ᠴᠡᠴᠡᠭ︾ ᠵᠡᠷᠭᠡ 14 ᠳᠠᠭᠤᠤ ᠪᠠᠨ ᠦᠵᠡᠭᠴᠢ ᠤᠯᠠᠨ ᠳᠠᠭᠠᠨ ᠡᠷᠭᠦᠨ ᠪᠠᠷᠢᠵᠦ᠂ ᠬᠦᠷᠦᠯᠴᠡᠨ ᠢᠷᠡᠭᠰᠡᠨ ᠦᠵᠡᠭᠴᠢᠳ ᠤᠨ ᠦᠶ᠎ᠠ ᠦᠶ᠎ᠠ ᠠᠯᠠᠭ᠎ᠠ ᠲᠠᠰᠢᠯᠲᠠ ᠪᠠ ᠤᠤᠬᠠᠶᠢᠯᠠᠯ ᠢ ᠤᠯᠪᠠ᠃ ᠲᠤᠭᠯᠠᠯᠲᠠ ᠳᠤ ᠦᠪᠦᠷ ᠮᠤᠩᠭᠤᠯ ᠤᠨ ᠳᠠᠭᠤᠤ ᠬᠦᠭᠵᠢᠮ ᠤᠨ ᠨᠡᠶᠢᠭᠡᠮᠯᠢᠭ ᠤᠨ ᠲᠡᠷᠢᠬᠦᠯᠡᠭᠴᠢ ᠠᠭᠤᠯᠠᠲᠠᠢ᠂ ᠠᠯᠳᠠᠷᠳᠦ ᠳᠠᠭᠤᠴᠢᠨ ᠰᠠᠷᠠᠨᠭᠡᠷᠡᠯ᠂ ᠠᠨᠳᠠ ᠬᠠᠮᠳᠤᠯᠢᠭ ᠤᠨ ᠳᠠᠷᠤᠭ᠎ᠠ ᠨᠠᠷᠠᠰᠦ ᠵᠡᠷᠭᠡ ᠳᠠᠭᠤᠴᠢᠨ᠂ ᠳᠡᠭᠡᠳᠦ ᠰᠤᠷᠭᠠᠭᠤᠯᠢ ᠶᠢᠨ ᠫᠷᠤᠹᠧᠰᠰᠤᠷ ᠵᠡᠷᠭᠡ ᠨᠡᠶᠢᠭᠡᠮ ᠤᠨ ᠡᠯ᠎ᠡ ᠡᠳᠡᠭᠡᠳ ᠤᠨ ᠬᠢᠨ ᠬᠦᠷᠦᠯᠴᠡᠨ ᠢᠷᠡᠵᠦ ᠲᠤᠭᠯᠠᠯᠲᠠ ᠳᠤ ᠤᠨᠴᠠ ᠶᠢᠨ ᠬᠦᠭ ᠨᠠᠷᠬᠢᠶᠠᠨ ᠨᠡᠮᠡᠷᠢᠯᠡᠭᠰᠡᠨ ᠪᠠᠶᠢᠨ᠎ᠠ᠃
   ᠰᠦᠨ ᠵᠢᠶᠦ᠋ᠨ ᠢᠤᠢ ᠪᠤᠯ ᠰᠤᠯᠤᠩᠭᠤᠰ ᠦᠨᠳᠦᠰᠦᠲᠡᠨ᠂ ᠦᠪᠦᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠳᠠᠭᠤᠤ ᠬᠦᠭᠵᠢᠮ ᠤᠨ ᠳᠡᠭᠡᠳᠦ ᠰᠤᠷᠭᠠᠭᠤᠯᠢ ᠶᠢᠨ ᠠᠰᠫᠢᠷᠠᠨᠲ ᠤᠨ ᠵᠢᠯᠤᠭᠤᠳᠤᠭᠴᠢ᠂ 1995 ᠤᠨ ᠳᠤ ᠦᠪᠦᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠳᠠᠭᠤᠤ ᠬᠦᠭᠵᠢᠮ ᠤᠨ ᠰᠠᠯᠪᠤᠷᠢ ᠳᠤ ᠰᠢᠯᠭᠠᠨ ᠤᠷᠤᠵᠦ᠂ ᠶᠠᠩ ᠬᠠᠢ ᠶᠤᠸᠠᠨ ᠫᠷᠤᠫᠧᠰᠰᠤᠷ ᠪᠠ ᠴᠧᠨ ᠫᠸᠢ ᠮᠢᠩ ᠫᠷᠤᠹᠧᠰᠰᠤᠷ ᠲᠤ ᠱᠠᠪᠢᠯᠠᠪᠠ᠃ 1999 ᠤᠨ ᠳᠤ ᠶᠡᠭᠡ ᠰᠤᠷᠭᠠᠭᠤᠯᠢ ᠪᠠᠨ ᠲᠡᠭᠦᠰᠦᠭᠡᠳ ᠦᠪᠡᠷᠲᠡᠭᠡᠨ ᠵᠠᠰᠠᠬᠤ ᠤᠷᠤᠨ ᠤ ᠲᠤᠲᠤᠭᠠᠳᠤ ᠶᠢ ᠬᠠᠮᠠᠭᠠᠯᠠᠬᠤ ᠭᠠᠯ ᠰᠡᠷᠭᠡᠶᠢᠯᠡᠵᠦ ᠭᠠᠯ ᠤᠨᠲᠠᠷᠠᠭᠠᠬᠤ ᠶᠡᠷᠦᠩᠭᠡᠢ ᠠᠩᠭᠢ ᠶᠢᠨ ᠤᠯᠤᠰ ᠲᠦᠷᠦ ᠶᠢᠨ ᠬᠡᠯᠳᠡᠰ ᠤᠨ ᠤᠷᠠᠨ ᠰᠠᠶᠢᠬᠠᠨ ᠤ ᠪᠦᠯᠬᠦᠮ ᠳᠤ ᠬᠤᠪᠢᠶᠠᠭᠳᠠᠨ ᠭᠤᠴᠤᠯᠠᠯ ᠳᠠᠭᠤᠴᠢᠨ ᠪᠤᠯᠪᠠ᠃ 2002 ᠤᠨ ᠳᠤ ᠦᠪᠦᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠳᠠᠭᠤᠤ ᠬᠦᠭᠵᠢᠮ ᠤᠨ ᠳᠡᠭᠡᠳᠦ ᠰᠤᠷᠭᠠᠭᠤᠯᠢ ᠳᠤ ᠪᠠᠭᠰᠢᠯᠠᠵᠦ᠂ 2003 ᠤᠨ ᠳᠤ ᠦᠪᠦᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠳᠡᠭᠡᠳᠦ ᠰᠤᠷᠭᠠᠭᠤᠯᠢ ᠳᠤ ︽ᠠᠶ᠎ᠠ ᠬᠦᠭᠵᠢᠮ ᠬᠢᠭᠡᠳ ᠵᠢᠭᠠᠨ ᠰᠤᠷᠭᠠᠯᠲᠠ︾ ᠶᠢᠨ ᠴᠢᠭᠯᠡᠯ ᠢᠶᠠᠷ ᠠᠰᠫᠢᠷᠠᠨᠲ ᠢᠶᠠᠷ ᠰᠤᠷᠤᠯᠴᠠᠵᠦ᠂ ᠮᠦᠨ ᠵᠢᠯ ᠳᠡᠭᠡᠨ ᠪᠠᠰᠠ ᠲᠢᠶᠠᠨᠵᠢᠨ ᠤ ᠪᠠᠭᠰᠢ ᠶᠢᠨ ᠶᠡᠭᠡ ᠰᠤᠷᠭᠠᠭᠤᠯᠢ ᠶᠢᠨ ᠤᠷᠠᠯᠢᠭ ᠤᠨ ᠳᠡᠭᠡᠳᠦ ᠰᠤᠷᠭᠠᠭᠤᠯᠢ ᠳᠤ ᠰᠤᠷᠤᠯᠴᠠᠵᠦ ᠶᠠᠩ ᠬᠠᠢ ᠶᠤᠸᠠᠨ ᠫᠷᠤᠹᠧᠰᠰᠤᠷ ᠲᠤ ᠱᠠᠪᠢᠯᠠᠵᠠᠢ᠃ ᠠᠰᠫᠢᠷᠠᠨᠲ ᠢᠶᠠᠷ ᠰᠤᠷᠤᠯᠴᠠᠵᠦ ᠪᠠᠶᠢᠬᠤ ᠳᠠᠭᠠᠨ ᠵᠸᠦ ᠬᠦᠢ ᠵᠦ ᠫᠷᠤᠹᠧᠰᠰᠤᠷ ᠤᠨ ᠤᠯᠠᠨ ᠤᠳᠠᠭᠠᠨ ᠤ ᠨᠠᠷᠢᠨ ᠨᠢᠮᠪᠠᠢ ᠵᠢᠯᠤᠭᠤᠳᠤᠯᠭ᠎ᠠ ᠶᠢ ᠬᠦᠷᠲᠡᠪᠡ᠃
   ᠶᠢᠰᠦᠳᠦᠭᠡᠷ ᠬᠤᠭᠤᠴᠠᠭᠠᠨ ᠤ ᠪᠦᠬᠦ ᠤᠯᠤᠰ ᠤᠨ ᠵᠠᠯᠠᠭᠤ ᠳᠠᠭᠤᠴᠢᠳ ᠤᠨ ᠤᠷᠤᠯᠳᠤᠭᠠᠨ ᠤ ᠦᠪᠦᠷ ᠮᠤᠩᠭᠤᠯ ᠤᠨ ᠬᠤᠪᠢᠶᠠᠷᠢ ᠤᠷᠤᠯᠳᠤᠭᠠᠨ ᠤ ᠦᠨᠳᠦᠰᠦᠲᠡᠨ ᠤ ᠳᠠᠭᠤᠤ ᠶᠢᠨ ᠤᠷᠤᠯᠳᠤᠭᠠᠨ ᠤ ᠬᠤᠶᠠᠳᠤᠭᠠᠷ ᠲᠡᠰ ᠤᠨ ᠱᠠᠩᠨᠠᠯ᠂ ᠬᠤᠶᠠᠳᠤᠭᠠᠷ ᠬᠤᠭᠤᠴᠠᠭᠠᠨ ᠤ ᠲᠠᠯ᠎ᠠ ᠨᠤᠲᠤᠭ ᠤᠨ ᠢᠨᠠᠭ ᠤᠨ ᠳᠠᠭᠤᠤ ᠶᠢᠨ ᠤᠷᠤᠯᠳᠤᠭᠠᠨ ᠤ ᠠᠵᠢᠯ ᠮᠡᠷᠭᠡᠵᠢᠯ ᠤᠨ ᠳᠤᠭᠤᠶᠢᠯᠠᠩ ᠤᠨ ᠬᠤᠶᠠᠳᠤᠭᠠᠷ ᠲᠡᠰ ᠤᠨ ᠱᠠᠩᠨᠠᠯ ᠢ ᠬᠦᠷᠲᠡᠵᠦ ᠦᠩᠭᠡᠷᠡᠭᠰᠡᠨ ᠪᠦᠭᠡᠳ ᠬᠤᠶᠠᠷ ᠤᠳᠠᠭ᠎ᠠ ᠦᠪᠡᠷᠲᠡᠭᠡᠨ ᠵᠠᠰᠠᠬᠤ ᠤᠷᠤᠨ ᠤ ︽ᠠᠷᠪᠠᠨ ᠰᠢᠯᠢᠳᠡᠭ ᠳᠠᠭᠤᠴᠢᠨ︾ ᠢᠶᠠᠷ ᠨᠡᠷᠡᠶᠢᠳᠦᠭᠳᠡᠪᠡ᠃ ᠪᠠᠰᠠ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠲᠤᠰᠬᠠᠢ ᠮᠡᠷᠭᠡᠵᠢᠯ ᠤᠨ ᠳᠠᠭᠤᠤ ᠬᠦᠭᠵᠢᠮ ᠤᠨ ᠬᠠᠮᠤᠭ ᠤᠨ ᠳᠡᠭᠡᠳᠦ ᠱᠠᠩᠨᠠᠯ᠂ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠠᠷᠠᠳ ᠤᠨ ᠳᠠᠭᠤᠤ ᠶᠢᠨ ᠳᠤᠭᠤᠶᠢᠯᠠᠩ ᠤᠨ ᠬᠤᠶᠠᠳᠤᠭᠠᠷ ᠲᠡᠰ ᠤᠨ ᠱᠠᠩᠨᠠᠯ ᠢ ᠬᠦ᠋ᠷᠲᠡᠵᠦ ᠦᠩᠭᠡᠷᠡᠵᠡᠢ᠃ ᠲᠢᠶᠠᠨᠵᠢᠨ ᠤ ᠪᠠᠭᠰᠢ ᠶᠢᠨ ᠶᠡᠭᠡ ᠰᠤᠷᠭᠠᠭᠤᠯᠢ ᠶᠢᠨ ᠵᠠᠯᠠᠭᠤᠴᠤᠳ ᠤᠨ ᠪᠦᠯᠬᠦᠮ ᠲᠠᠢ ᠬᠠᠮᠳᠤᠷᠠᠨ ︽ᠵᠠᠯᠠᠭᠤ ᠪᠠᠭᠰᠢ ᠰᠦᠨ ᠵᠢᠶᠦᠶᠢᠨ ᠢᠤᠢ ᠶᠢᠨ ᠠᠰᠫᠢᠷᠠᠨᠲ ᠲᠡᠭᠦᠰᠬᠦ ᠭᠤᠴᠤᠯᠠᠯ ᠳᠠᠭᠤᠤ ᠬᠦᠭᠵᠢᠮ ᠤᠨ ᠦᠳᠡᠰᠢᠯᠡᠭᠡ︾ ᠶᠢ ᠡᠷᠬᠢᠯᠡᠵᠦ ᠦᠡᠭᠭᠡᠷᠡᠪᠡ᠃ ᠬᠦᠮᠦᠵᠢᠭᠦᠯᠦᠭᠰᠡᠨ ᠰᠤᠷᠤᠭᠴᠢᠳ ᠨᠢ ᠤᠯᠠᠨ ᠤᠳᠠᠭ᠎ᠠ ᠡᠯ᠎ᠡ ᠱᠠᠳᠤᠨ ᠤ ᠱᠠᠩᠨᠠᠯ ᠢ ᠬᠦᠷᠳᠡᠵᠦ ᠲᠡᠷᠡ ᠪᠠᠷ ᠤᠯᠠᠨ ᠤᠳᠠᠭ᠎ᠠ ︽ᠰᠢᠯᠢᠳᠡᠭ ᠵᠢᠭᠠᠨ ᠵᠢᠯᠤᠭᠤᠳᠤᠭᠰᠠᠨ ᠱᠠᠩᠨᠠᠯ︾ ᠢ ᠲᠤᠰᠤᠯ᠎ᠠ᠃
   — ᠠᠷᠪᠠᠨ ᠵᠢᠯ ᠤᠨ ᠡᠮᠦᠨ᠎ᠡ ᠠᠩᠬ᠎ᠠ ᠤᠳᠠᠭ᠎ᠠ ᠬᠤᠪᠢ ᠬᠦᠮᠦᠨ ᠤ ᠲᠤᠰᠬᠠᠢ ᠲᠤᠭᠯᠠᠯᠲᠠ ᠪᠠᠨ ᠭᠠᠷᠭᠠᠭᠰᠠᠨ ᠶᠤᠮ᠂ ᠡᠭᠡ ᠤᠯᠤᠰ ᠤᠨ ᠮᠠᠨᠢ 70 ᠵᠢᠯ ᠤᠨ ᠤᠢ ᠲᠤᠬᠢᠶᠠᠵᠦ ᠪᠠᠶᠢᠭ᠎ᠠ ᠦᠨᠦᠳᠦᠷ ᠪᠢ ᠳᠠᠭᠤᠤ ᠤᠷᠠᠯᠢᠭ ᠤᠨ ᠦᠢᠯᠡᠰ ᠤᠨ 20 ᠵᠢᠯ ᠢᠶᠠᠨ ᠡᠷᠬᠢᠨ ᠬᠠᠷᠠᠵᠦ᠂ ᠨᠠᠮᠠᠶᠢᠢ ᠬᠦᠮᠦᠵᠢᠭᠦᠯᠦᠭᠰᠡᠨ ᠠᠴᠢᠳᠦ ᠪᠠᠭᠰᠢ ᠳᠠᠭᠠᠨ ᠲᠠᠯᠠᠷᠬᠠᠯ ᠤᠨ ᠰᠡᠳᠬᠢᠯ ᠢᠶᠠᠨ ᠲᠡᠪᠰᠢᠬᠦᠯᠵᠦ᠂ ᠬᠠᠶᠢᠷᠠᠳᠤ ᠱᠠᠪᠢ ᠳᠡᠭᠦᠦ ᠨᠠᠷ ᠲᠡᠭᠡᠨ ᠬᠠᠶᠢᠷ᠎ᠠ ᠬᠠᠯᠠᠮᠵᠢ ᠪᠠᠨ ᠬᠦᠷᠲᠡᠭᠡᠬᠦ ᠶᠢᠨ ᠬᠠᠮᠳᠤ ᠨᠡᠩ ᠴᠢᠬᠤᠯᠠ ᠨᠢ ᠦᠪᠡᠷ ᠤᠨ ᠳᠠᠭᠤᠯᠠᠬᠤᠢ ᠶᠢᠨ ᠮᠡᠷᠭᠡᠵᠢᠯ᠂ ᠬᠤᠪᠢ ᠪᠡᠶ᠎ᠡ ᠶᠢᠨ ᠮᠡᠳᠡᠯᠭᠡ ᠪᠤᠯᠪᠠᠰᠤᠷᠠᠯ᠂ ᠬᠢᠷᠢ ᠲᠦᠪᠰᠢᠨ ᠢᠶᠠᠨ ᠤᠶᠢᠯᠠᠭᠠᠬᠤ ᠶᠢᠨ ᠵᠤᠷᠢᠯᠭ᠎ᠠ ᠪᠠᠷ ᠲᠤᠰ ᠲᠤᠭᠯᠠᠯᠲᠠ ᠪᠠᠨ ᠪᠡᠯᠡᠳᠭᠡᠭᠰᠡᠨ ᠶᠤᠮ ᠭᠡᠵᠦ ᠰᠦᠨ ᠵᠢᠶᠦ᠋ᠨ ᠢᠤᠢ ᠰᠡᠳᠬᠢᠯ ᠲᠤᠭᠳᠤᠯᠤᠩᠬᠠᠨ ᠶᠠᠷᠢᠵᠦ ᠪᠠᠶᠢᠯ᠎ᠠ᠃ ᠵᠣᠬᠢᠶᠠᠭᠴᠢ᠄  ᠨᠠᠷᠠᠨᠳᠤᠩᠭᠠᠯᠠᠭ 



  
     
     