- ᠪᠤᠷᠵᠢᠬᠢᠨ ᠪᠣᠦ ᠵᠦ
ᠨᠠᠢ᠌ᠮᠠᠨ ᠬᠣᠰᠢᠭᠤ
969
︽ ᠮᠣᠩᠭᠤᠯ ᠤᠨ ᠨᠢᠭᠤᠴᠠ ᠲᠣᠪᠴᠢᠶᠠᠨ︾ ᠠᠴᠠ ᠲᠡᠭᠦᠭᠰᠡᠨ ᠴᠥᠪᠦᠳᠡᠯ︵ ᠨᠢᠭᠡ︶
2022-08-14 18:55
51
0
ᠲᠤᠰ ᠨᠣᠮ ᠢ ᠮᠣᠩᠭᠤᠯ ᠤᠯᠤᠰ ᠤᠨ ᠴᠠᠩᠲᠤ ᠶᠢᠨ ᠳᠠᠮᠳᠢᠨᠰᠦ᠋ᠷᠦᠩ ᠤᠷᠴᠢᠭᠤᠯᠵᠦ᠂ 1947 ᠣᠨ ᠳᠤ ᠪᠦᠭᠦᠳᠡ ᠨᠠᠢᠷᠠᠮᠳᠠᠬᠤ ᠮᠣᠩᠭᠤᠯ ᠠᠷᠠᠳ ᠤᠯᠤᠰ ᠲᠤ ᠬᠡᠪᠯᠡᠭᠳᠡᠪᠠ᠃ ︽ ᠮᠣᠩᠭᠤᠯ ᠤᠨ ᠨᠢᠭᠤᠴᠠ ᠲᠣᠪᠴᠢᠶᠠᠨ︾ ᠢ ᠵᠣᠬᠢᠶᠠᠭᠰᠠᠨ ᠬᠥᠮᠦᠨ ᠤ ᠨᠡᠷ᠎ᠡ ᠪᠠᠢᠬᠤ ᠦᠭᠡᠢ᠃ ᠡᠨᠡ ᠵᠣᠬᠢᠶᠠᠯ ᠪᠣᠯᠪᠠᠰᠤ ᠮᠣᠩᠭᠤᠯ ᠤᠨ ᠲᠡᠦᠬᠡ ᠶᠢᠨ ᠬᠣᠣᠰ ᠦᠭᠡᠢ ᠪᠠᠷᠢᠮᠲᠠ ᠪᠣᠯᠬᠤ ᠠᠴᠠ ᠭᠠᠳᠠᠨ᠎ᠠ᠂ ᠮᠣᠩᠭᠤᠯ ᠠᠷᠠᠳ ᠤᠨ ᠣᠶᠤᠨ ᠤ ᠴᠢᠳᠠᠪᠤᠷᠢ ᠶᠢ ᠭᠡᠷᠡᠴᠢᠯᠡᠭᠰᠡᠨ ᠭᠠᠢᠬᠠᠮᠰᠢᠭ ᠤᠷᠠᠨ ᠵᠣᠬᠢᠶᠠᠯ ᠮᠦᠨ᠃
ᠴᠢᠩᠭᠢᠰ ᠬᠠᠭᠠᠨ᠂ ᠴᠠᠭᠠᠵᠠ ᠲᠤᠭᠲᠠᠭᠠᠵᠦ ᠵᠠᠷᠯᠠᠭᠰᠠᠨ ᠠᠨᠤ᠄︽ᠳᠠᠢᠰᠤᠨ ᠢ ᠳᠠᠷᠤᠬᠤ ᠴᠠᠭ ᠲᠤ ᠣᠯᠵᠠ ᠳᠤ ᠪᠤᠤ ᠰᠠᠭᠠᠲᠠᠭᠳᠤᠨ᠃ ᠳᠠᠢᠰᠤᠨ ᠨᠢᠭᠡᠨᠲᠡ ᠳᠠᠷᠤᠭᠳᠠᠪᠠᠰᠤ ᠲᠡᠳᠡᠨ ᠤ ᠶᠠᠭᠤᠮ᠎ᠠ ᠬᠡᠵᠢᠶ᠎ᠡ ᠴᠦ ᠪᠢᠳᠡᠨ ᠤ ᠣᠯᠵᠠ ᠪᠣᠯᠬᠤ ᠲᠤᠯᠠ ᠬᠤᠪᠢᠶᠠᠯᠳᠤᠵᠦ ᠠᠮᠵᠢᠮᠤᠢ᠃ ᠬᠡᠷᠪᠡ ᠪᠢᠳᠡ ᠤᠬᠤᠷᠢᠬᠤ ᠳᠤ ᠬᠦᠷᠪᠡᠰᠦ ᠠᠩᠬ᠎ᠠ ᠳᠣᠪᠲᠤᠯᠤᠭᠰᠠᠨ ᠪᠠᠢᠷᠢᠨ ᠳᠤ ᠪᠠᠨ ᠳᠠᠷᠤᠢ ᠡᠭᠡᠵᠦ ᠢᠷᠡᠪᠡᠰᠦ ᠵᠣᠬᠢᠮᠤᠢ᠃ ᠤᠭ ᠪᠠᠢᠷᠢᠨ ᠳᠤ ᠪᠠᠨ ᠡᠭᠡᠵᠦ ᠢᠷᠡᠭᠡᠳᠦᠢ ᠬᠥᠮᠦᠨ ᠢ ᠠᠯᠠᠲᠤᠭᠠᠢ︾ ᠬᠡᠮᠡᠪᠡ᠃ ᠡᠭᠦᠨ ᠡᠴᠡ ᠴᠢᠩᠭᠢᠰ ᠬᠠᠭᠠᠨ ᠤ ᠴᠡᠷᠢᠭ ᠤᠨ ᠴᠠᠭᠠᠵᠠ ᠲᠣᠭᠲᠠᠭᠠᠯ ᠪᠠᠲᠦ ᠴᠢᠩᠭ᠎ᠠ᠂ ᠱᠠᠩᠨᠠᠵᠦ ᠲᠣᠷᠭᠠᠬᠤ ᠨᠢ ᠲᠣᠳᠤᠷᠬᠠᠢ᠂ ᠴᠡᠷᠢᠭ ᠲᠠᠢᠨ ᠤ ᠨᠢᠭᠤᠴᠠ ᠶᠢ ᠬᠠᠮᠠᠭᠠᠯᠠᠬᠤ ᠲᠠᠯ᠎ᠠ ᠪᠠᠷ ᠴᠦ ᠣᠨᠴᠠ ᠰᠠᠢᠨ ᠪᠡᠶᠡᠯᠡᠭᠦᠯᠵᠦ ᠴᠢᠳᠠᠭᠰᠠᠨ ᠪᠠᠢᠨ᠎ᠠ᠃
ᠴᠢᠩᠭᠢᠰ ᠬᠠᠭᠠᠨ ᠪᠠᠰᠠ ᠴᠡᠷᠢᠭ ᠢᠶᠠᠨ ᠬᠤᠪᠢᠶᠠᠷᠢᠯᠠᠵᠦ᠂ ᠮᠢᠩᠭᠠᠨ ᠤ ᠨᠣᠶᠠᠨ᠂ ᠵᠠᠭᠤᠨ ᠤ ᠨᠣᠶᠠᠨ᠂ ᠠᠷᠪᠠᠨ ᠤ ᠨᠣᠶᠠᠨ᠂ ᠪᠠ﹇ ᠲᠡᠷᠢᠭᠦᠯᠦᠨ ᠵᠠᠬᠢᠷᠬᠤ ﹈ ᠶᠡᠬᠡ ᠴᠠᠷᠪᠢ ᠨᠠᠷ ᠢ ᠲᠣᠮᠢᠯᠠᠪᠠ᠃ ᠪᠠᠰᠠ ᠨᠠᠶᠠᠨ ᠬᠡᠪᠲᠡᠭᠦᠯ︵ᠰᠥᠨᠢ ᠶᠢᠨ ᠮᠠᠨᠠᠭᠠᠴᠢ︶᠂ ᠳᠠᠯᠠᠨ ᠲᠣᠷᠭᠤᠳ︵ ᠲᠣᠷᠭᠠᠨ ᠴᠡᠷᠢᠭ︶᠂ ᠬᠡᠰᠢᠭᠲᠡᠨ︵ ᠡᠭᠡᠯᠵᠢ ᠶᠢᠨ ᠬᠠᠷᠠᠭᠠᠯᠵᠠᠭᠴᠢ︶ᠨᠠᠷ ᠢ ᠲᠤᠰᠭᠠᠢᠯᠠᠨ ᠲᠤᠮᠢᠯᠠᠵᠦ﹇ ᠰᠡᠭᠦᠯ ᠳᠤ ᠲᠤᠰ ᠲᠤᠰ ᠮᠢᠩᠭ᠎ᠠ ᠪᠣᠯᠭᠠᠪᠠ ﹈᠂ ᠡᠭᠦᠨ ᠳᠤ ᠮᠢᠩᠭᠠᠨ ᠤ ᠨᠣᠶᠠᠳ᠂ ᠵᠠᠭᠤᠨ ᠤ ᠨᠣᠶᠠᠳ ᠤᠨ ᠬᠥᠪᠡᠭᠦᠳ ᠳᠡᠭᠦᠦ ᠨᠠᠷ ᠪᠠ ᠰᠤᠯᠠ ᠠᠷᠠᠳ ᠤᠨ ᠬᠥᠪᠡᠭᠦᠳ ᠳᠡᠭᠦᠦ ᠨᠠᠷ ᠤᠨ ᠳᠣᠲᠤᠷ᠎ᠠ ᠠᠴᠠ ᠡᠷᠳᠡᠮ ᠴᠢᠳᠠᠯ ᠲᠠᠢ᠂ ᠪᠡᠶ᠎ᠡ ᠪᠢᠯᠳᠠᠷ ᠰᠠᠢᠲᠠᠢ ᠶᠢ ᠢᠨᠤ ᠢᠯᠭᠠᠵᠦ ᠣᠷᠤᠭᠤᠯᠪᠠ᠃ ᠮᠢᠩᠭᠠᠨ ᠤ ᠨᠣᠶᠠᠳ ᠤᠨ ᠬᠥᠪᠡᠭᠦᠳ᠂ ᠠᠷᠪᠠᠨ ᠨᠥᠬᠦᠷ︵ ᠴᠡᠷᠢᠭ︶᠂ ᠨᠢᠭᠡ ᠳᠡᠭᠦᠦ ᠪᠠᠨ ᠳᠠᠭᠠᠭᠤᠯᠵᠦ ᠢᠷᠡᠲᠦᠭᠡᠢ᠃ ᠵᠠᠭᠤᠨ ᠤ ᠨᠣᠶᠠᠳ ᠤᠨ ᠬᠥᠪᠡᠭᠦᠳ᠂ ᠲᠠᠪᠤᠨ ᠨᠥᠬᠦᠷ᠂ ᠨᠢᠭᠡ ᠳᠡᠭᠦᠦ ᠪᠠᠨ ᠳᠠᠭᠠᠭᠤᠯᠵᠦ ᠢᠷᠡᠲᠦᠭᠡᠢ᠃ ᠠᠷᠪᠠᠨ ᠤ ᠨᠣᠶᠠᠳ ᠤᠨ ᠬᠥᠪᠡᠭᠦᠳ᠂ ᠭᠤᠷᠪᠠᠨ ᠨᠥᠬᠦᠷ᠂ ᠨᠢᠭᠡ ᠳᠡᠭᠦᠦ ᠪᠠᠨ ᠳᠠᠭᠠᠭᠤᠯᠵᠦ ᠢᠷᠡᠲᠦᠭᠡᠢ᠃ ᠭᠡᠰᠡᠨ ᠠᠴᠠ ᠴᠢᠩᠭᠢᠰ ᠬᠠᠭᠠᠨ ᠤ ᠴᠡᠷᠢᠭ ᠵᠠᠬᠢᠷᠬᠤ ᠤᠢ ᠤᠬᠠᠭᠠᠨ᠂ ᠠᠪᠢᠶᠠᠰ ᠴᠢᠳᠠᠪᠤᠷᠢ ᠪᠠ ᠴᠡᠷᠢᠭ ᠠᠷᠠᠳ ᠲᠤ ᠪᠠᠨ ᠢᠲᠡᠭᠡᠯ ᠬᠠᠢᠷ᠎ᠠ ᠭᠦᠨ ᠵᠤᠵᠠᠭᠠᠨ ᠭᠡᠰᠡᠨ ᠢ ᠮᠡᠳᠡᠵᠦ ᠪᠣᠯᠤᠨ᠎ᠠ᠃
2022 ᠣᠨ ᠤ 8 ᠰᠠᠷ᠎ᠠ ᠶᠢᠨ 14 ᠤ ᠡᠳᠦᠷ
ᠪᠢᠴᠢᠭᠯᠡᠬᠦ ᠠᠷᠭ᠎ᠠ ᠶᠢᠨ ᠠᠰᠠᠭᠤᠳᠠᠯ ᠠᠴᠠ ᠪᠣᠯᠤᠭᠠᠳ ᠵᠠᠷᠢᠮ ᠦᠰᠦᠭ ᠪᠤᠷᠤᠭᠤ ᠭᠠᠷᠤᠭᠰᠠᠨ ᠢ ᠵᠠᠯᠠᠷᠠᠭᠤᠯᠤᠨ ᠦᠵᠡᠬᠦ ᠪᠣᠯᠪᠠᠤ︕︖