-
114948
ᠮᠢᠨᠤ ᠨᠤᠳᠤᠭ ᠤᠨ ᠭᠡᠰᠡᠷ ᠦᠨ ᠲᠤᠮᠤᠭ
2024-03-29 13:32
54
2
ᠮᠢᠨᠤ ᠨᠤᠳᠤᠭ ᠤᠨ ᠭᠡᠰᠡᠷ ᠦᠨ ᠲᠤᠮᠤᠭ
ᠬᠠᠰᠳᠤᠩᠭᠠᠯᠠᠭ
ᠭᠡᠰᠡᠷ ᠪᠤᠭᠳᠠ ᠪᠤᠶᠤ ᠭᠡᠰᠡᠷ ᠬᠠᠨ᠂ ᠭᠡᠰᠡᠷ ᠪᠠᠭᠠᠳᠤᠷ ᠬᠡᠮᠡᠭᠴᠢ ᠲᠤᠮᠤᠭ ᠦᠯᠢᠭᠡᠷ ᠮᠤᠩᠭᠤᠯ ᠨᠤᠳᠤᠭ ᠲᠠᠶᠠᠭᠠᠷ ᠲᠤ ᠠᠮᠠ ᠲᠠᠮᠵᠢᠨ ᠦᠷᠭᠡᠨ ᠬᠡᠪᠴᠢᠶ᠎ᠡ ᠪᠠᠷ ᠤᠯᠠᠮᠵᠢᠯᠠᠭᠳᠠᠨ ᠶᠠᠷᠢᠭᠳᠠᠵᠤ ᠬᠡᠴᠦᠨᠡᠨ ᠵᠠᠭᠤᠨ ᠪᠤᠯᠤᠭᠰᠠᠨ ᠭᠡᠳᠡᠭ ᠢ ᠮᠢᠨᠤ ᠨᠤᠳᠤᠭ ᠤᠨ ᠪᠤᠭᠤᠷᠤᠯ ᠲᠡᠤᠬᠡ ᠲᠡᠷᠡ ᠨᠢᠭᠡ ᠮᠡᠳᠡᠳᠡᠭ᠂ ᠲᠡᠷᠡ ᠨᠤᠳᠤᠭ ᠤᠨ ᠢᠶᠠᠨ ᠡᠵᠡᠨ ᠨᠢ ᠪᠤᠯᠤᠭᠰᠠᠨ ᠪᠢ ᠨᠢᠭᠡ ᠮᠡᠳᠡᠳᠡᠭ᠃ ᠭᠡᠰᠡᠷ ᠦᠨ ᠲᠤᠮᠤᠭ ᠢ ᠲᠤᠷᠠᠳᠬᠤ ᠳ᠋ᠥ ᠭᠡᠰᠡᠷ ᠬᠡᠮᠡᠭᠴᠢ ᠶᠠᠮᠠᠪᠠᠷ ᠡᠭᠦᠰᠦᠯᠳᠡᠢ ᠠᠯᠢ ᠭᠠᠯᠪᠠ ᠶᠢᠨ ᠦᠶ᠎ᠡ ᠳ᠋ᠥ ᠬᠠᠮᠢᠭ᠎ᠠ ᠠᠴᠠ ᠶᠠᠮᠪᠠᠷ ᠰᠢᠯᠳᠠᠭᠠᠨ ᠠᠴᠠ ᠲᠤᠭᠤᠰᠤᠳᠤ ᠶᠢᠷᠳᠢᠨᠴᠦ ᠳ᠋ᠥ ᠠᠷᠪᠠᠨ ᠵᠦᠭ ᠦᠨ ᠭᠡᠰᠡᠷ ᠬᠠᠨ ᠬᠡᠷᠬᠢᠨ ᠵᠠᠶᠠᠭᠠᠵᠦ᠂ ᠠᠷᠪᠠᠨ ᠬᠤᠶᠠᠷ ᠲᠤᠯᠤᠭᠠᠢ ᠲᠠᠢ ᠠᠷᠵᠠᠭᠠᠷ ᠬᠠᠷ᠎ᠠ ᠮᠠᠩᠭᠤᠰ ᠢ ᠠᠯᠠᠵᠦ ᠨᠢᠳᠤᠯᠠᠨ ᠲᠤᠨᠢᠯᠭᠠᠵᠦ᠂ ᠠᠷᠤᠯᠤ ᠭᠤᠸ᠎ᠠ ᠬᠠᠳᠤᠨ ᠢᠶᠠᠨ ᠠᠪᠤᠷᠠᠨ ᠪᠤᠴᠠᠭᠠᠵᠦ ᠠᠪᠤᠭᠠᠳ᠂ ᠰᠠᠮᠠᠭᠤᠨ ᠢ ᠲᠠᠷᠤᠵᠦ᠂ ᠠᠷᠠᠳ ᠢᠷᠭᠡᠳ ᠢ ᠲᠦᠪᠰᠢᠳᠭᠡᠨ᠂ ᠠᠮᠤᠷ ᠮᠡᠨᠳᠦ ᠠᠮᠢᠳᠤᠷᠠᠭᠤᠯᠤᠭᠰᠠᠨ ᠭᠡᠳᠡᠭ ᠢ ᠤᠬᠠᠵᠦ ᠮᠡᠳᠡᠬᠦ ᠴᠢᠬᠤᠯᠳᠠᠢ ᠪᠠᠶᠢᠳᠠᠭ᠃ ᠦᠯᠢᠭᠡᠷ ᠲᠤᠮᠤᠭ ᠤᠨ ᠡᠭᠦᠰᠴᠦ ᠪᠦᠳᠦᠭᠰᠡᠨ ᠴᠠᠭ ᠦᠶ᠎ᠡ ᠶ᠋ᠢ ᠲᠤᠷᠠᠳᠪᠠᠰᠤ᠄ ᠠᠭᠠᠷ ᠲᠡᠭᠷᠢ ᠶᠢᠨ ᠤᠯᠠᠭᠠᠨ ᠨᠠᠷᠠ ᠠᠶᠠᠭ᠎ᠠ ᠶᠢᠨ ᠴᠢᠨᠡᠭᠡ ᠪᠠᠶᠢᠬᠤ ᠶᠢᠨ ᠲᠡᠷᠡ ᠦᠶ᠎ᠡ᠂ ᠠᠷᠢᠶᠠᠪᠠᠯᠤ ᠪᠤᠷᠬᠠᠨ ᠢ ᠪᠠᠨᠳᠢ ᠪᠠᠶᠢᠬᠤ ᠶᠢᠨ ᠲᠡᠷᠡ ᠦᠶ᠎ᠡ᠂ ᠠᠯᠳᠠᠨ ᠰᠦᠮᠪᠦᠷ ᠠᠭᠤᠯᠠ ᠶ᠋ᠢ ᠲᠤᠪᠤ ᠪᠠᠶᠢᠬᠤ ᠶᠢᠨ ᠲᠡᠷᠡ ᠦᠶ᠎ᠡ᠂ ᠠᠨᠠᠪᠠᠳ ᠲᠦᠷᠪᠡᠨ ᠲᠠᠯᠠᠢ ᠱᠠᠯᠪᠠᠭ ᠪᠠᠶᠢᠬᠤ ᠶᠢᠨ ᠲᠡᠷᠡ ᠦᠶ᠎ᠡ᠂ ᠭᠠᠵᠠᠷ ᠲᠡᠯᠡᠬᠡᠢ ᠬᠤᠶᠠᠷ ᠰᠠᠶ᠋ᠢ ᠪᠦᠳᠦᠬᠦ ᠶᠢᠨ ᠲᠡᠷᠡ ᠦᠶ᠎ᠡ᠂ ᠭᠠᠰᠢᠪᠠ ᠶᠢᠨ ᠰᠠᠩᠵᠠᠢ ᠪᠤᠷᠬᠠᠨ ᠭᠠᠯᠪᠠ ᠳ᠋ᠥ ᠮᠡᠨᠳᠦᠯᠡᠬᠦ ᠲᠡᠷᠡ ᠦᠶ᠎ᠡ᠂᠂ ᠠᠭᠠᠷ ᠬᠤᠷᠮᠤᠰᠳᠠ ᠲᠡᠭᠷᠢ ᠳ᠋ᠥ ᠭᠨᠡᠳᠳᠡ ᠶᠢᠨ ᠤᠴᠢᠷ ᠭᠠᠷᠤᠭᠰᠠᠨ ᠭᠡᠨ᠎ᠡ᠃ ᠬᠤᠷᠮᠤᠰᠳᠠ ᠲᠡᠭᠷᠢ ᠵᠢᠴᠢ ᠭᠤᠴᠢᠨ ᠭᠤᠷᠪᠠᠨ ᠲᠡᠭᠷᠢ ᠨᠠᠷ ᠤᠨ ᠤᠷᠳᠤᠨ ᠳ᠋ᠥ ᠪᠠᠶᠠᠷ ᠵᠢᠷᠭᠠᠯ ᠲᠠᠢ ᠠᠵᠤ ᠲᠦᠷᠦᠵᠦ ᠠᠳᠠᠯ᠎ᠠ ᠭᠡᠨᠡᠳᠳᠡ ᠶᠢᠨ ᠬᠠᠴᠢᠨ ᠤᠴᠢᠷ ᠭᠠᠷᠤᠭᠰᠠᠨ ᠭᠡᠵᠦ ᠵᠠᠷᠤᠴᠠ ᠠᠷᠠᠳ ᠤᠳ ᠮᠡᠳᠡᠭᠦᠯᠵᠦ ᠪᠠᠶᠢᠯ᠎ᠠ᠂ ᠬᠤᠷᠮᠤᠰᠳᠠ ᠲᠡᠭᠷᠢ ᠶᠢᠨ ᠰᠤᠳᠠᠷᠰᠤᠨ ᠪᠠᠯᠭᠠᠰᠤ ᠶᠢᠨ ᠬᠤᠳᠠ ᠶᠢᠨ ᠬᠡᠷᠡᠮ ᠦᠨ ᠪᠠᠷᠠᠭᠤᠨ ᠦᠨᠴᠦᠭ ᠲᠣ᠋ ᠨᠢ ᠲᠦᠮᠡᠨ ᠪᠠᠷ᠎ᠠ ᠶᠢᠨ ᠭᠠᠵᠠᠷ ᠲᠣ ᠬᠡᠷᠡᠮ ᠨᠤᠷᠠᠭᠰᠠ ᠰᠤᠨᠢᠬᠠᠨ ᠤᠴᠢᠷ ᠭᠠᠷᠴᠠᠢ᠃ ᠡᠭᠦᠨ ᠳ᠋ᠥ ᠬᠤᠷᠮᠤᠰᠳᠠ ᠲᠡᠭᠷᠢ ᠲᠡᠷᠢᠭᠦᠳᠠᠢ ᠭᠤᠴᠢᠨ ᠭᠤᠷᠪᠠᠨ ᠲᠡᠭᠷᠢ ᠨᠠᠷ ᠰᠤᠴᠢᠨ ᠬᠡᠯᠮᠡᠭᠳᠡᠵᠦ ᠭᠠᠶᠢᠬᠠᠰᠢ ᠲᠦᠷᠦᠵᠦ᠂ ᠶᠠᠮᠪᠠᠷ ᠲᠠᠶᠢᠰᠤᠨ ᠠᠶᠤᠮᠰᠢᠭ ᠲᠡᠭᠷᠢ ᠶᠢᠨ ᠤᠷᠳᠤᠨ ᠲᠠᠢ ᠡᠰᠡᠷᠭᠦᠴᠡᠯᠳᠦᠮᠦᠢ ᠬᠡᠮᠡᠨ᠂ ᠬᠤᠶᠠᠭ ᠵᠡᠪᠰᠡᠭ ᠢᠶᠡᠨ ᠲᠠᠶᠢᠴᠢᠯᠠᠨ ᠲᠠᠷᠤᠶᠢᠬᠠᠨ ᠭᠡᠭᠴᠢ ᠲᠤᠬᠠᠢ ᠶᠢᠨ ᠲᠠᠯᠠᠪᠠᠢ ᠳ᠋ᠥ ᠬᠦᠷᠦᠯᠴᠡᠨ ᠠᠵᠢᠨ ᠰᠢᠨᠵᠢᠯᠡᠬᠦ ᠳ᠋ᠥ ᠤᠤᠯ ᠨᠢ ᠬᠠᠷᠢᠨ ᠦᠪᠡᠷ ᠲᠡᠭᠡᠨ ᠨᠤᠷᠠᠭᠰᠠᠨ ᠨᠢ ᠢᠯᠡᠳᠡ ᠪᠠᠶᠢᠭᠰᠠᠨ᠃ ᠡᠨᠡᠬᠦ ᠬᠠᠴᠢᠨ ᠵᠢᠭᠳᠡᠢ ᠰᠤᠨᠢᠭᠤᠴᠢ ᠤᠴᠢᠷ ᠢ ᠭᠤᠴᠢᠨ ᠭᠤᠷᠪᠠᠨ ᠲᠡᠭᠷᠢ ᠯᠦ᠋ᠭᠡ ᠰᠤᠨᠢᠭᠤᠴᠢᠯᠠᠨ ᠰᠤᠳᠤᠯᠵᠦ ᠬᠤᠷᠤᠭᠤ ᠲᠠᠷᠤᠨ ᠬᠢᠮᠦᠰᠦ ᠨᠢᠰᠦᠯᠠᠨ ᠨᠢᠭᠳᠠᠯᠠᠪᠠᠰᠤ ᠬᠠᠨ ᠬᠤᠷᠮᠤᠰᠳᠠ ᠲᠡᠭᠷᠢ ᠨᠢᠭᠡ ᠤᠴᠢᠷ ᠢ ᠰᠠᠨᠠᠭᠠᠯᠵᠠᠵᠦ ᠰᠡᠷᠡᠵᠦ ᠮᠡᠳᠡᠭᠰᠡᠨ ᠠᠵᠤᠭᠤ᠃ ᠠᠯᠢ ᠡᠷᠲᠡ ᠱᠠᠭᠵᠠᠮᠤᠨᠢ ᠪᠤᠷᠬᠠᠨ ᠢ ᠨᠢᠷᠸᠠᠨ ᠲᠦᠷᠢ ᠦᠵᠡᠭᠦᠯᠬᠦ ᠳ᠋ᠥ ᠬᠤᠷᠮᠤᠰᠳᠠ ᠲᠡᠭᠷᠢ ᠮᠦᠷᠭᠦᠬᠦ ᠦᠶ᠎ᠡ ᠳ᠋ᠥ ᠱᠠᠭᠵᠠᠮᠤᠨᠢ ᠵᠠᠷᠯᠢᠭ ᠪᠠᠭᠤᠯᠭᠠᠵᠦ᠂ ᠲᠠᠪᠤᠨ ᠵᠠᠭᠤᠨ ᠣ ᠲᠠᠷᠠᠭ᠎ᠠ ᠪᠠᠷ ᠴᠠᠭ ᠰᠠᠮᠠᠭᠤᠨ ᠪᠤᠯᠵᠦ᠂ ᠠᠷᠢᠶᠠᠳᠠᠨ ᠠᠮᠢᠳᠠᠨ ᠠᠩ ᠭᠦᠷᠦᠭᠡᠰᠦ ᠬᠠᠷᠢᠯᠴᠠᠨ ᠨᠢᠭᠡ ᠨᠢ ᠨᠢᠭᠡ ᠪᠠᠨ ᠪᠠᠷᠢᠵᠦ ᠢᠳᠡᠬᠦ᠂ ᠬᠦᠴᠦᠳᠡᠨ ᠢᠨᠦ ᠬᠦᠴᠦᠨ ᠮᠡᠬᠦᠰ ᠢᠶᠡᠨ ᠪᠠᠷᠢᠵᠦ ᠢᠳᠡᠬᠦ ᠳ᠋ᠥ ᠬᠦᠷᠦᠨ᠎ᠡ᠃ ᠬᠤᠷᠮᠤᠰᠳᠠ ᠴᠢ ᠲᠡᠷᠡ ᠦᠶ᠎ᠡ ᠳ᠋ᠤᠷ ᠭᠤᠷᠪᠠᠨ ᠬᠡᠤᠬᠡᠳ ᠠᠴᠠ ᠪᠠᠨ ᠨᠢᠭᠡ ᠢᠨᠦ ᠶᠢᠷᠳᠢᠨᠴᠦ ᠳ᠋ᠤᠷ ᠪᠠᠭᠤᠯᠭᠠᠨ ᠬᠠᠨ ᠰᠠᠭᠤᠯᠭᠠᠵᠦ᠂ ᠲᠠᠶᠢᠰᠤᠨ ᠢ ᠲᠠᠷᠤᠨ ᠰᠠᠮᠠᠭᠤᠨ ᠢ ᠵᠠᠰᠠᠳᠤᠭᠠᠢ ᠬᠡᠮᠡᠨ ᠵᠠᠬᠢᠭᠰᠠᠨ ᠠᠵᠤᠭᠤ᠃ ᠡᠨᠡ ᠵᠠᠷᠯᠢᠭ ᠪᠠᠭᠤᠭᠠᠳ ᠤᠳᠤ ᠨᠢᠭᠡᠨᠳᠡ ᠲᠤᠯᠤᠭᠠᠨ ᠵᠠᠭᠤᠨ ᠪᠤᠯᠤᠭᠰᠠᠨ ᠪᠤᠯᠬᠤᠷ ᠪᠤᠷᠬᠠᠨ ᠣ ᠵᠠᠷᠯᠢᠭ ᠢ ᠵᠦᠷᠢᠴᠡᠭᠰᠡᠨ ᠡᠴᠡ ᠰᠦᠢᠳ ᠪᠤᠯᠤᠭᠰᠠᠨ ᠨᠢ ᠡᠨᠡ ᠪᠦᠯᠦᠭᠡ᠃ ᠲᠡᠶᠢᠨᠬᠦ ᠬᠠᠨ ᠬᠤᠷᠮᠤᠰᠳᠠ ᠢᠨᠦ ᠲᠡᠳᠡᠭᠡᠷ ᠤᠨ ᠵᠢᠯ ᠦᠳ ᠲᠣ ᠵᠢᠷᠭᠠᠯ ᠳ᠋ᠠᠭᠠᠨ ᠲᠠᠰᠢᠭᠤᠷᠠᠵᠦ ᠰᠠᠭᠤᠭᠰᠠᠭᠠᠷ ᠠᠯᠢ ᠬᠡᠳᠦᠶᠢᠨ ᠤᠮᠠᠷᠳᠠᠭᠰᠠᠨ ᠠᠵᠢ᠃ ᠬᠠᠨ ᠬᠤᠷᠮᠤᠰᠳᠠ ᠬᠡᠮᠡᠭᠴᠢ ᠭᠤᠷᠪᠠᠨ ᠬᠦᠦ ᠭᠤᠷᠪᠠᠨ ᠦᠬᠢᠨ ᠲᠠᠢ ᠪᠦᠯᠦᠭᠡ᠃ ᠠᠬᠠᠮᠠᠳ ᠬᠦᠪᠡᠭᠦᠨ ᠢᠨᠦ ᠠᠮᠢᠨ ᠰᠠᠬᠢᠭᠴᠢ᠂ ᠬᠤᠶᠠᠳᠤᠭᠠᠷ ᠬᠦᠪᠡᠭᠦᠨ ᠢᠨᠦ ᠦᠢᠯᠡ ᠪᠦᠳᠦᠭᠡᠭᠴᠢ᠂ ᠭᠤᠳᠠᠭᠠᠷ ᠬᠦᠪᠡᠭᠦᠨ ᠢᠨᠦ ᠲᠡᠭᠦᠰᠴᠤᠭᠳᠤ ᠬᠡᠮᠡᠳᠡᠭ᠃ ᠬᠠᠨ ᠬᠦᠪᠡᠭᠦᠨ ᠦᠢᠯᠡ ᠪᠦᠳᠦᠭᠡᠭᠴᠢ ᠢᠨᠦ ᠠᠯᠢᠪᠠ ᠦᠢᠯᠡ ᠳ᠋ᠤᠷ ᠴᠦᠮ ᠲᠦᠰᠦᠭᠡᠳᠡᠢ᠂ ᠭᠠᠷᠮᠠᠭᠠᠢ ᠪᠦᠷᠢᠨ ᠴᠢᠳᠠᠪᠤᠷᠢᠳᠠᠨ ᠪᠤᠯᠬᠤᠷ ᠬᠠᠨ ᠬᠤᠷᠮᠤᠰᠳᠠ ᠵᠢᠴᠢ ᠭᠤᠴᠢᠨ ᠭᠤᠷᠪᠠᠨ ᠲᠡᠭᠷᠢ ᠨᠠᠷ ᠪᠤᠯᠤᠨ ᠭᠤᠷᠪᠠᠨ ᠬᠦᠪᠡᠭᠦᠨ ᠯᠤᠭᠡ ᠵᠦᠪᠳᠡᠯᠴᠡᠭᠡᠳ ᠦᠢᠯᠡ ᠪᠦᠳᠦᠭᠡᠭᠴᠢ ᠶ᠋ᠢ ᠶᠢᠷᠳᠢᠨᠴᠦ ᠳ᠋ᠤᠷ ᠪᠠᠭᠤᠯᠭᠠᠬᠤ ᠶ᠋ᠢ ᠰᠠᠨᠠᠯ ᠨᠢᠭᠡᠳᠡᠢ ᠲᠤᠭᠳᠠᠭᠠᠪᠠ᠃ ᠦᠢᠯᠡ ᠪᠦᠳᠦᠭᠡᠭᠴᠢ ᠪᠤᠯᠪᠠᠰᠤ ᠡᠰᠡᠷᠸ᠎ᠠ ᠶᠢᠨ ᠠᠶᠢᠮᠠᠭ ᠲᠦ ᠠᠷᠪᠠᠨ ᠲᠤᠯᠤᠭᠠᠨ ᠲᠡᠭᠷᠢ ᠨᠠᠷ ᠨᠠᠶᠢᠷ ᠨᠠᠭᠠᠳᠤᠮ ᠪᠤᠯᠬᠤᠢ ᠳ᠋ᠤᠷ ᠬᠠᠷᠪᠤᠯᠭ᠎ᠠ ᠨᠠᠮᠨᠠᠭ᠎ᠠ ᠳ᠋ᠤᠷ ᠲᠡᠷᠢᠭᠦᠯᠡᠪᠡ᠃ ᠮᠦᠷᠦᠢ ᠨᠠᠭᠠᠳᠤᠮ ᠪᠦᠬᠦᠢ ᠳ᠋ᠤᠷ ᠲᠡᠷᠢᠭᠦᠨ ᠪᠠᠶᠢᠷᠢᠨ ᠳ᠋ᠥ ᠲᠤᠳᠤᠷᠠᠭᠰᠠᠨ ᠶᠤᠮ᠃ ᠲᠡᠶᠢᠨᠬᠦ ᠦᠢᠯᠡ ᠪᠦᠳᠦᠭᠡᠭᠴᠢ ᠬᠤᠷᠮᠤᠰᠳᠠ ᠲᠡᠭᠷᠢ ᠡᠴᠢᠭᠡ ᠡᠴᠡ ᠪᠠᠨ ᠲᠤᠭᠤᠰᠤᠳᠤ ᠶᠢᠷᠳᠢᠨᠴᠦ ᠳ᠋ᠥ ᠪᠠᠭᠤᠯᠭᠠᠬᠤ ᠶᠢᠨ ᠨᠦᠭᠦᠴᠡᠯ ᠲᠤᠷᠠᠳᠬᠤᠢ ᠪᠦᠯᠦᠭᠡ᠃ ᠦᠢᠯᠡ ᠪᠦᠳᠦᠭᠡᠭᠴᠢ ᠡᠴᠡ ᠤᠯᠠᠨ ᠵᠦᠢᠯ ᠦᠨ ᠷᠢᠳᠢ ᠰᠢᠳᠢ ᠲᠠᠢ ᠬᠤᠪᠢᠯᠭᠠᠨ ᠵᠡᠷ ᠵᠡᠪᠰᠡᠭ᠂ ᠬᠤᠶᠠᠭ ᠲᠤᠭᠤᠯᠭ᠎ᠠ᠂ ᠤᠭ᠍ᠶᠤ ᠰᠤᠪᠤᠳ᠃ ᠠᠯᠳᠠ ᠮᠦᠩᠭᠦ ᠡᠳ᠋ ᠡᠷᠳᠡᠨᠢ ᠂ ᠭᠤᠴᠢᠨ ᠭᠤᠷᠪᠠᠨ ᠲᠡᠭᠷᠢ ᠨᠠᠷ ᠠᠴᠠ ᠭᠤᠷᠪᠠ ᠶ᠋ᠢ ᠨᠠᠳᠠ ᠯᠤᠭ᠎ᠠ ᠴᠤᠤᠭᠠᠷ᠂ ᠪᠤᠰᠤᠳ ᠲᠡᠭᠷᠢ ᠨᠠᠷ ᠤᠨ ᠰᠠᠶᠢᠳ ᠠᠴᠠ ᠪᠠᠨ ᠭᠤᠴᠢᠨ ᠪᠠᠭᠠᠳᠤᠷ᠂ ᠨᠢᠭᠡ ᠲᠡᠭᠷᠢ ᠶ᠋ᠢ ᠨᠠᠳᠠ ᠲᠠᠢ ᠬᠠᠮᠳᠤ ᠠᠬ᠎ᠠ ᠶᠢᠨ ᠲᠦᠷᠢ ᠪᠠᠷ ᠡᠬᠡ ᠶᠢᠨ ᠬᠡᠪᠡᠯᠢ ᠳ᠋ᠤᠷ ᠲᠦᠷᠦᠭᠦᠯᠬᠦ ᠂ ᠵᠢᠴᠢ ᠮᠢᠨᠦ ᠬᠤᠪᠢᠯᠭᠠᠨ ᠭᠤᠷᠪᠠᠨ ᠡᠭᠡᠴᠢ᠂᠂᠂᠂᠂᠂ ᠶ᠋ᠢ ᠴᠤᠤᠭᠠᠷ ᠪᠠᠭᠤᠯᠭᠠᠵᠦ᠂ ᠲᠦᠪᠡᠭᠳᠡᠰᠡᠨ ᠳ᠋ᠤᠷ ᠲᠤᠰᠠᠯᠠᠨ ᠰᠠᠮᠠᠭᠤᠨ ᠢ ᠲᠦᠪᠰᠢᠳᠭᠡᠨ ᠲᠠᠶᠢᠰᠤᠨ ᠢ ᠲᠠᠷᠤᠬᠤᠢ ᠳ᠋ᠤᠷ ᠲᠤᠰᠠᠯᠠᠰᠤᠭᠠᠢ ᠬᠡᠮᠡᠬᠦᠢ ᠳ᠋ᠤᠷ ᠬᠤᠷᠮᠤᠰᠳᠠ ᠡᠴᠢᠭᠡ ᠢᠨᠦ ᠴᠦᠮ ᠪᠦᠷᠢᠨ ᠢ ᠵᠦᠪᠰᠢᠶᠡᠷᠡᠪᠡ᠃
ᠪᠤᠭᠳᠠ ᠭᠡᠰᠡᠷ ᠦᠨ ᠮᠠᠩᠭᠤᠰ ᠢ ᠲᠠᠷᠤᠭᠰᠠᠨ ᠦᠯᠢᠭᠡᠷ ᠲᠤᠮᠤᠭ ᠤᠯᠠᠨ ᠪᠠᠶᠢᠳᠠᠭ᠃ ᠡᠭᠦᠨᠳᠦ ᠠᠷᠪᠠᠨ ᠬᠤᠶᠠᠷ ᠲᠤᠯᠤᠭᠠᠶᠢᠳᠤ ᠮᠠᠩᠭᠤᠰ ᠢ ᠲᠠᠷᠤᠭᠰᠠᠨ᠂ ᠠᠷᠪᠠᠨ ᠲᠠᠪᠤᠨ ᠲᠤᠯᠤᠭᠠᠶᠢᠳᠤ ᠨᠡᠷᠡᠳᠦ ᠮᠠᠩᠭᠤᠰ ᠢ ᠲᠠᠷᠤᠭᠰᠠᠨ᠂ ᠮᠠᠩᠭᠤᠰ ᠤᠨ ᠬᠤᠪᠢᠯᠭᠠᠨ ᠯᠤᠪᠰᠠᠭᠠ ᠯᠠᠮᠠ ᠶ᠋ᠢ ᠲᠠᠷᠤᠭᠰᠠᠨ᠂ ᠬᠤᠷᠢᠨ ᠨᠢᠭᠡᠨ ᠲᠤᠯᠤᠭᠠᠶᠢᠳᠤ ᠮᠠᠩᠭᠤᠰ ᠢ ᠲᠠᠷᠤᠭᠰᠨᠨ᠂ ᠠᠷᠪᠠᠨ ᠨᠠᠢᠮᠠᠨ ᠲᠤᠯᠤᠭᠠᠶᠢᠳᠤ ᠴᠢᠳᠭᠦᠷ ᠦᠨ ᠭᠦᠮᠪᠦ ᠬᠠᠨ ᠨᠡᠷᠡᠳᠡᠢ ᠮᠠᠩᠭᠤᠰ ᠢ ᠲᠠᠷᠤᠭᠰᠠᠨ᠂᠂᠂᠂᠂᠂ ᠭᠡᠬᠦ ᠮᠡᠳᠦ ᠶᠢᠨ ᠦᠯᠢᠭᠡᠷ ᠲᠤᠮᠤᠭ ᠠᠯᠢ ᠤᠯᠠᠨ ᠪᠠᠶᠢᠬᠤ ᠶᠢᠨ ᠲᠡᠳᠦᠢ ᠪᠠᠷ ᠦᠭᠡᠢ᠂ ᠭᠡᠰᠡᠷ ᠬᠠᠭᠠᠨ ᠳ᠋ᠤᠷ ᠠᠵᠤ ᠮᠡᠷᠭᠡᠨ᠂ ᠠᠷᠤᠯᠤ ᠭᠤᠸ᠎ᠠ᠂ ᠷᠤᠭᠮᠤ ᠭᠤᠸ᠎ᠠ᠂ ᠨᠠᠶᠢᠬᠤᠯᠠᠢ ᠭᠤᠸ᠎ᠠ᠂᠂᠂᠂᠂᠂ ᠵᠢᠷᠭᠤᠭᠠᠨ ᠭᠤᠸ᠎ᠠ ᠨᠢᠵᠡᠭᠡᠳ ᠲᠤᠯᠤᠭᠠᠨ ᠬᠠᠳᠤᠨ ᠲᠠᠢ ᠭᠡᠳᠡᠭ᠃ ᠭᠡᠰᠡᠷ ᠬᠠᠭᠠᠨ ᠣ ᠰᠠᠮᠠᠭᠤᠨ ᠢ ᠲᠦᠪᠰᠢᠳᠭᠡᠨ᠂ ᠮᠠᠩᠭᠤᠰ ᠢ ᠲᠠᠷᠤᠬᠤ ᠬᠡᠳᠦᠶᠢᠴᠢᠨᠡᠨ ᠤᠯᠠᠨ ᠲᠠᠶᠢᠨ ᠪᠠᠶᠢᠯᠳᠤᠭᠠᠨ ᠳ᠋ᠥ ᠲᠡᠭᠦᠨ ᠣ ᠠᠬ᠎ᠠ ᠵᠠᠰᠠ ᠰᠢᠬᠢᠷ᠂ ᠬᠤᠪᠢᠯᠭᠠᠨ ᠭᠤᠷᠪᠠᠨ ᠡᠭᠡᠴᠢ᠂ ᠲᠤᠯᠤᠭᠠᠨ ᠬᠠᠳᠤᠨ᠂ ᠭᠤᠴᠢᠨ ᠭᠤᠷᠪᠠᠨ ᠲᠡᠭᠷᠢ᠂ ᠭᠤᠴᠢᠨ ᠪᠠᠭᠠᠳᠤᠷ ᠨᠠᠷ ᠤᠨ ᠨᠠᠶᠢᠳᠠᠪᠤᠷᠢᠳᠠᠢ ᠲᠤᠰᠠᠯᠠᠮᠵᠢ ᠠᠴᠠ ᠭᠠᠳᠠᠨ᠎ᠠ ᠬᠤᠷᠮᠤᠰᠳᠠ ᠲᠡᠭᠷᠢ ᠶᠢᠨ ᠤᠷᠳᠤᠨ ᠡᠴᠡ ᠲᠠᠶᠢᠴᠢᠯᠠᠨ ᠪᠠᠭᠤᠭᠰᠠᠨ ᠡᠯ᠎ᠡ ᠵᠦᠢᠯ ᠤᠨ ᠠᠯᠳᠠ ᠮᠦᠩᠭᠦᠨ ᠡᠳ᠋ ᠡᠷᠳᠡᠨᠢ᠂ ᠵᠡᠷ ᠵᠡᠪᠰᠡᠭ᠂ ᠬᠤᠶᠠᠭ ᠲᠤᠭᠤᠯᠭ᠎ᠠ᠂ ᠡᠷᠳᠡᠨᠢ ᠶᠢᠨ ᠬᠦᠯᠦᠭ ᠵᠡᠷᠭᠡ ᠨᠢ ᠭᠡᠰᠡᠷ ᠬᠠᠭᠠᠨ ᠣ ᠮᠠᠩᠭᠤᠰ ᠢ ᠲᠠᠷᠤᠬᠤ ᠳ᠋ᠥ ᠯᠤᠳᠤ ᠶᠡᠬᠡ ᠬᠠᠪᠰᠤᠷᠤᠯᠭ᠎ᠠ ᠪᠤᠯᠤᠭᠰᠠᠨ ᠨᠢ ᠵᠠᠶᠢᠯᠠᠰᠢ ᠦᠭᠡᠢ ᠪᠢᠯᠡ᠃
ᠭᠡᠰᠡᠷ ᠪᠤᠭᠳᠠ ᠶᠢᠨ ᠪᠠᠰᠠ ᠨᠢᠭᠡᠨ ᠰᠠᠶᠢᠬᠠᠨ ᠮᠠᠩᠭᠤᠰ ᠢ ᠲᠠᠷᠤᠭᠰᠠᠨ ᠲᠤᠮᠤᠭ ᠮᠠᠨ ᠣ ᠨᠤᠳᠤᠭ ᠢᠶᠠᠷ ᠤᠳᠠᠭᠠᠨ ᠤᠨ ᠠᠮᠠ ᠲᠠᠮᠵᠢᠨ ᠤᠯᠠᠮᠵᠢᠯᠠᠭᠳᠠᠵᠤ ᠪᠠᠶᠢᠭᠰᠠᠨ᠃ ᠡᠭᠦᠨ ᠢ ᠲᠤᠷᠠᠳᠪᠠᠰᠤ ᠡᠷᠳᠡᠮ ᠪᠢᠰᠢ ᠤᠷᠢᠳᠤ᠂ ᠡᠳᠡᠭᠡᠳ ᠬᠤᠯᠠ ᠪᠢᠰᠢ᠂ ᠮᠢᠨᠦ ᠲᠦᠷᠦᠭᠰᠡᠨ ᠨᠤᠳᠤᠭ ᠤᠨ ᠨᠡᠷ᠎ᠡ ᠭᠡᠭᠴᠢ ᠦᠬᠡᠷ ᠴᠢᠯᠠᠭᠤ ᠭᠡᠳᠡᠭ᠃ ᠦᠬᠡᠷ ᠴᠢᠯᠠᠭᠤ ᠭᠡᠬᠦ ᠳ᠋ᠥ ᠶᠠᠭᠤᠨ ᠣ ᠤᠷᠢᠳ ᠬᠦᠮᠦᠰ ᠲᠣ᠋ ᠮᠠᠰᠢ ᠲᠤᠮᠤ ᠭᠡᠰᠡᠨ ᠤᠶᠢᠯᠠᠭᠳᠠᠬᠤᠨ ᠦᠭᠳᠡᠭ ᠨᠢ ᠶᠠᠷᠢᠶᠠᠨ ᠦᠭᠡᠢ᠂ ᠬᠡᠳᠦᠢ ᠲᠤᠮᠤ ᠪᠤᠢ ᠭᠡᠬᠦᠯᠡᠷ ᠨᠢ ᠨᠠᠭᠠᠳᠤ ᠵᠠᠬ᠎ᠠ ᠳ᠋ᠠᠭᠠᠨ ᠦᠬᠡᠷ ᠦᠨ ᠴᠢᠨᠡᠭᠡ ᠲᠤᠮᠤ ᠭᠡᠵᠦ ᠰᠠᠨᠠᠭᠳᠠᠭᠤᠯᠬᠤ ᠨᠢ ᠶᠠᠷᠢᠶᠠᠨ ᠦᠭᠡᠢ ᠰᠢᠳᠠ᠃ ᠦᠬᠡᠷ ᠴᠢᠯᠠᠭᠤ ᠨᠤᠳᠤᠭ ᠠᠴᠠ ᠠᠯᠤᠰ ᠤᠨ ᠪᠠᠷ᠎ᠠ ᠶᠢᠨ ᠬᠠᠷᠠᠴᠠ ᠠᠷᠠᠢ ᠯᠠ ᠭᠡᠭᠴᠢ ᠬᠤᠷᠢᠭᠠᠳ ᠭᠠᠵᠠᠷ ᠲᠣ᠋ ᠵᠡᠷᠭᠡᠯᠭᠡᠨ ᠬᠠᠷᠠᠭᠳᠠᠬᠤ ᠠᠯᠳᠠᠢ ᠶᠢᠨ ᠮᠠᠩᠬ᠎ᠠ ᠭᠡᠭᠴᠢ ᠤᠷᠤᠭᠰᠢ ᠬᠤᠶᠢᠰᠢ ᠪᠠᠨ ᠬᠤᠷᠢᠭᠠᠳ ᠭᠠᠵᠠᠷ ᠤᠷᠳᠤ᠂ ᠵᠡᠭᠦᠨᠰᠢ ᠪᠠᠷᠠᠭᠤᠨᠰᠢ ᠪᠠᠨ ᠠᠷᠤ ᠬᠤᠷᠴᠢᠨ᠂ ᠵᠠᠷᠤᠳ᠂ ᠪᠠᠭᠠᠷᠢᠨ ᠭᠤᠷᠪᠠᠨ ᠬᠤᠰᠢᠭᠤ ᠶ᠋ᠢ ᠬᠤᠯᠪᠤᠨ ᠰᠤᠨᠳᠠᠯᠠᠭᠰᠠᠨ ᠮᠢᠩᠭᠠᠨ ᠭᠠᠵᠠᠷ ᠤᠨ ᠤᠷᠳᠤ ᠠᠯᠳᠠᠢ ᠶᠢᠨ ᠮᠠᠩᠬ᠎ᠠ ᠭᠡᠭᠴᠢ ᠭᠠᠵᠠᠷ ᠤᠨ ᠵᠢᠷᠤᠭ ᠲᠡᠭᠡᠷ᠎ᠡ ᠭᠠᠭᠴᠠ ᠲᠤᠰᠤᠯ ᠡᠵᠡᠯᠡᠭᠦᠨ ᠲᠠᠢ ᠪᠠᠶᠢᠭᠰᠠᠨ ᠴᠤ ᠮᠠᠨ ᠣ ᠨᠤᠳᠤᠭ ᠤᠨ ᠮᠠᠯᠴᠢᠨ ᠠᠷᠠᠳ ᠳ᠋ᠠᠭᠠᠨ ᠪᠣᠯ ᠮᠤᠨᠳᠠᠭ ᠲᠤᠮᠤ ᠨᠦᠯᠦᠭᠡ ᠶᠡᠬᠡᠳᠡᠢ ᠦᠯᠢᠭᠡᠷ ᠲᠤᠮᠤᠭ ᠲᠠᠢ᠂ ᠦᠭᠶᠡᠮᠦᠷᠢ ᠬᠠᠶᠢᠷ᠎ᠠ ᠲᠠᠢ᠂ ᠮᠠᠩᠬᠠᠨ ᠪᠡᠷᠬᠡ ᠳ᠋ᠥ ᠪᠠᠨ ᠨᠠᠭᠤᠷ ᠪᠤᠯᠠᠭ ᠲᠠᠢ᠂ ᠪᠤᠷᠭᠠᠰᠤ ᠪᠤᠳᠠ ᠲᠠᠢ᠂ ᠪᠠᠶᠠᠨ ᠪᠦᠷᠢᠳᠦ ᠪᠠᠶᠢᠳᠠᠭ ᠶᠤᠮ ᠰᠢᠤ᠃ ᠠᠯᠳᠠᠢ ᠶᠢᠨ ᠮᠠᠩᠬ᠎ᠠ ᠦᠬᠡᠷ ᠴᠢᠯᠠᠭᠤ ᠬᠤᠶᠠᠷ ᠨᠡᠷ᠎ᠡ ᠶᠢᠨ ᠡᠭᠦᠰᠦᠯ ᠢᠷᠡᠯ ᠢ ᠲᠤᠷᠠᠳᠬᠤ ᠳ᠋ᠥ ᠡᠪᠦᠭᠡᠨ ᠪᠤᠭᠤᠷᠤᠯ ᠭᠡᠰᠡᠷ ᠪᠤᠭᠳᠠ ᠠᠴᠠ ᠰᠠᠯᠤᠰᠢ ᠦᠭᠡᠢ ᠲᠤᠮᠤᠭ ᠲᠠᠢ ᠯᠠ ᠪᠠᠶᠢᠬᠤ ᠶᠤᠰᠤᠳᠠᠢ᠃
ᠨᠢᠭᠡ᠂ ᠠᠯᠳᠠᠢ ᠶᠢᠨ ᠮᠠᠩᠬ᠎ᠠ
ᠠᠷᠪᠠᠨ ᠵᠦᠭ ᠦᠨ ᠭᠡᠰᠡᠷ ᠬᠠᠭᠠᠨ ᠠᠷᠵᠠᠭᠠᠷ ᠮᠠᠩᠭᠤᠰ ᠢ ᠲᠠᠷᠤᠬᠤ ᠲᠠᠶᠢᠨ ᠣ ᠲᠤᠮᠳᠠ ᠠᠮᠠᠷᠠᠭ ᠬᠠᠳᠤᠨ ᠠᠷᠤᠯᠤᠭᠤᠸᠠ ᠮᠠᠩᠭᠤᠰ ᠲᠣ᠋ ᠤᠯᠵᠠᠯᠠᠭᠳᠠᠭᠰᠠᠨ ᠢᠶᠠᠨ ᠮᠡᠳᠡᠭᠡᠳ᠂ ᠠᠷᠪᠠᠨ ᠬᠤᠶᠠᠷ ᠲᠤᠯᠤᠭᠠᠶᠢᠳᠤ ᠠᠷᠵᠠᠭᠠᠷ ᠮᠠᠩᠭᠤᠰ ᠢ ᠨᠡᠬᠡᠮᠵᠢᠯᠡᠬᠦ ᠪᠠᠷ ᠡᠷᠳᠡᠨᠢ ᠶᠢᠨ ᠬᠦᠯᠦᠭ ᠲᠡᠭᠡᠨ ᠮᠤᠷᠳᠠᠵᠦ᠂ ᠨᠡᠬᠡᠮᠵᠢᠯᠡᠨ ᠲᠠᠭᠤᠬᠤ ᠠᠭᠳᠠ ᠬᠦᠯᠦᠭ ᠬᠢᠨ ᠠᠯᠠᠮᠠᠰ ᠲᠤᠭᠤᠷᠠᠢ ᠶᠢᠨ ᠲᠤᠭᠤᠰᠤ ᠠᠭᠠᠷ ᠲᠣ᠋ ᠲᠦᠭᠦᠷᠡᠩ ᠲᠡᠭᠳᠡᠵᠦ᠂ ᠤᠭᠳᠠᠷᠭᠤᠢ ᠶ᠋ᠢ ᠪᠦᠷᠬᠦᠭᠰᠡᠨ ᠰᠢᠷᠤᠢ ᠲᠤᠭᠤᠰᠤ ᠨᠢ ᠠᠯᠳᠠᠨ ᠲᠡᠯᠡᠬᠡᠢ ᠶᠢᠨ ᠭᠠᠵᠠᠷ ᠲᠣ᠋ ᠰᠢᠷᠤᠢ ᠶᠢᠨ ᠪᠤᠷᠤᠭᠠᠨ ᠪᠠᠭᠤᠵᠦ᠂ ᠠᠭᠠᠷ ᠲᠡᠭᠷᠢ ᠶᠢᠨ ᠠᠯᠳᠠᠨ ᠨᠠᠷᠠ ᠶ᠋ᠢ ᠤᠯᠠᠭᠠᠨ ᠲᠤᠭᠤᠰᠤ ᠬᠠᠯᠬᠠᠯᠠᠵᠦ᠂ ᠡᠳᠦᠷ ᠪᠠᠶᠢᠳᠠᠯ᠎ᠠ ᠬᠠᠷᠠᠩᠭᠤᠶᠢᠳᠠᠵᠦ᠂ ᠲᠡᠭᠷᠢ ᠭᠠᠵᠠᠷ ᠨᠡᠶᠢᠯᠡᠬᠦ ᠶᠤᠮ ᠰᠢᠭ᠋ ᠪᠤᠯᠤᠭᠰᠠᠨ ᠲᠡᠷᠡ ᠴᠠᠭ᠂ ᠠᠶᠠᠨᠳᠠᠭᠠᠨ ᠪᠦᠳᠦᠭᠰᠡᠨ ᠡᠨᠡᠬᠦ ᠠᠪᠤᠷᠭᠤ ᠭᠦᠷᠪᠡᠯ ᠰᠢᠭ ᠮᠤᠷᠤᠯᠵᠠᠨ ᠦᠷᠭᠦᠯᠵᠢᠯᠡᠵᠦ᠂ ᠠᠷᠤ ᠬᠤᠷᠴᠢᠨ᠂ ᠵᠠᠷᠤᠳ᠂ ᠪᠠᠭᠠᠷᠢᠨ ᠭᠤᠷᠪᠠᠨ ᠶᠡᠬᠡ ᠬᠤᠰᠢᠭᠤ ᠨᠤᠳᠤᠭ ᠤᠨ ᠵᠠᠭᠠᠭ ᠵᠢᠷᠤᠭ ᠢ ᠬᠤᠯᠪᠤᠨ ᠰᠤᠨᠳᠠᠯᠠᠭᠰᠠᠨ ᠮᠢᠩᠭᠠᠨ ᠭᠠᠵᠠᠷ ᠤᠨ ᠤᠷᠳᠤ ᠮᠠᠩᠬ᠎ᠠ ᠶᠢᠨ ᠴᠠᠭᠠᠨ ᠬᠡᠷᠡᠮ ᠢ ᠬᠤᠵᠢᠮ ᠤᠨ ᠬᠦᠮᠦᠰ ᠤᠳ ᠠᠯᠳᠠᠢ ᠶᠢᠨ ᠮᠠᠩᠬ᠎ᠠ ᠬᠡᠮᠡᠨ ᠨᠡᠷᠡᠶᠢᠳᠵᠦᠬᠦᠢ᠃ ᠡᠨᠡ ᠪᠣᠯ ᠲᠠᠷᠤᠢ ᠮᠢᠨᠦ ᠨᠤᠳᠤᠭ ᠤᠨ ᠠᠯᠳᠠᠢ ᠶᠢᠨ ᠮᠠᠩᠬ᠎ᠠ᠂ ᠠᠯᠳᠠᠢ ᠶᠢᠨ ᠮᠠᠩᠬ᠎ᠠ ᠶᠢᠨ ᠡᠭᠦᠰᠦᠯ ᠭᠠᠷᠤᠯ ᠲᠡᠳᠦᠢ᠃ ᠦᠶ᠎ᠡ ᠶᠢᠨ ᠦᠶ᠎ᠡ ᠶᠢᠨ ᠨᠤᠳᠤᠭ ᠤᠨ ᠪᠤᠭᠤᠷᠤᠯᠴᠤᠳ ᠤᠨ ᠠᠮᠠ ᠲᠠᠮᠵᠢᠨ ᠶᠠᠷᠢᠭᠳᠠᠭᠰᠠᠨ ᠬᠠᠭᠤᠴᠢ ᠵᠤᠭᠤᠭ᠂ ᠴᠠᠢ ᠶᠢᠨ ᠵᠤᠭᠤᠭ᠂ ᠡᠨᠡᠬᠦ ᠲᠤᠮᠤᠭ ᠤᠨ ᠦᠨᠡᠨ ᠬᠤᠳᠠᠯ ᠢ ᠡᠨᠡ ᠨᠤᠳᠤᠭ ᠤᠨ ᠠᠯᠳᠠᠢ ᠶᠢᠨ ᠮᠠᠩᠬ᠎ᠠ ᠨᠢᠭᠡ ᠮᠡᠳᠡᠳᠡᠭ᠂ ᠡᠨᠡ ᠨᠤᠳᠤᠭ ᠤᠨ ᠡᠵᠡᠨ ᠣ ᠬᠤᠪᠢ ᠳ᠋ᠥ ᠪᠢ ᠨᠢᠭᠡ ᠮᠡᠳᠡᠳᠡᠭ ᠶᠤᠰᠤᠳᠠᠢ᠃
ᠬᠤᠶᠠᠷ᠂ ᠦᠬᠡᠷ ᠴᠢᠯᠠᠭᠤ
ᠦᠬᠡᠷ ᠴᠢᠯᠠᠭᠤ ᠭᠡᠭᠴᠢ ᠶᠤᠰᠤᠳᠠᠢ ᠦᠬᠡᠷ ᠰᠢᠭ ᠲᠤᠮᠤ᠂ ᠲᠡᠷᠡᠴᠢᠯᠡᠨ ᠦᠬᠡᠷ ᠡᠴᠡ ᠴᠤ ᠲᠤᠮᠤ ᠮᠦᠷᠳᠡᠭᠡᠨ ᠵᠠᠷᠢᠮ ᠬᠡᠰᠡᠭ ᠨᠢ ᠦᠨᠡᠬᠡᠷ ᠦᠬᠡᠷ ᠮᠠᠯ ᠤᠨ ᠲᠦᠷᠢ ᠰᠢᠨᠵᠢ ᠶ᠋ᠢ ᠪᠦᠳᠦᠭᠡᠭᠰᠡᠨ ᠪᠠᠶᠢᠭᠰᠠᠨ᠃ ᠵᠢᠱᠢᠶᠡᠯᠡᠪᠡᠯ᠄ ᠨᠢᠭᠡ ᠲᠤᠮᠤ ᠬᠡᠰᠡᠭ ᠴᠢᠯᠠᠭᠤ ᠨᠢ ᠪᠠᠷᠠᠭᠤᠨ ᠡᠮᠦᠨᠡᠰᠢ ᠵᠦᠭ ᠬᠠᠷᠠᠵᠦ ᠵᠤᠭᠰᠤᠭᠠᠳ᠂ ᠮᠦᠭᠡᠷᠡᠵᠦ ᠪᠠᠶᠢᠭ᠎ᠠ ᠲᠦᠷᠰᠦᠯᠢᠭ ᠪᠠᠶᠢᠭᠰᠠᠨ᠃ ᠪᠠᠰᠠ ᠨᠢᠭᠡ ᠲᠤᠮᠤ ᠬᠡᠰᠡᠭ ᠴᠢᠯᠠᠭᠤ ᠶᠢᠨ ᠡᠮᠦᠨ᠎ᠡ ᠲᠠᠯ᠎ᠠ ᠳ᠋ᠤᠨᠢ ᠨᠠᠯᠠᠵᠦ ᠵᠢᠵᠢᠭ ᠬᠡᠰᠡᠭ ᠴᠢᠯᠠᠭᠤ ᠶᠢᠨ ᠬᠡᠯᠪᠡᠷᠢ ᠨᠢ ᠶᠠᠭ ᠯᠠ ᠵᠢᠭᠠᠬᠠᠨ ᠲᠤᠭᠤᠯ ᠨᠢ ᠡᠬᠡ ᠶᠢᠨ ᠢᠶᠡᠨ ᠨᠦᠮᠦᠷᠢ ᠳ᠋ᠥ ᠡᠬᠡ ᠪᠠᠨ ᠨᠠᠯᠠᠵᠦ ᠬᠡᠪᠳᠡᠵᠦ ᠪᠠᠶᠢᠭ᠎ᠠ ᠶᠤᠮ ᠰᠢᠭ᠋ ᠲᠦᠷᠰᠦᠯᠢᠭ ᠪᠠᠶᠢᠭᠰᠠᠨ᠃ ᠡᠨᠡᠬᠦ ᠠᠶᠠᠨᠳᠠᠭᠠᠨ ᠪᠦᠳᠦᠭᠰᠡᠨ ᠪᠠᠶᠢᠭᠠᠯᠢᠯᠢᠭ ᠲᠦᠷᠰᠦ ᠶ᠋ᠢ ᠬᠤᠯᠪᠤᠨ ᠰᠡᠳᠬᠢᠬᠦᠢ ᠤᠢ ᠪᠢᠯᠢᠭ ᠬᠤᠷᠴᠠ ᠰᠡᠷᠭᠡᠭ ᠡᠨᠡ ᠨᠤᠳᠤᠭ ᠤᠨ ᠪᠤᠭᠤᠷᠤᠯᠴᠤᠳ ᠬᠠᠷᠢᠨ ᠲᠤᠮᠤᠭ ᠲᠡᠤᠬᠡ ᠲᠠᠢ ᠡᠨᠡ ᠴᠢᠯᠠᠭᠤ ᠪᠠᠨ ᠦᠬᠡᠷ ᠴᠢᠯᠠᠭᠤ ᠬᠡᠮᠡᠨ ᠨᠡᠷᠡᠶᠢᠳᠵᠦᠬᠦᠢ᠃ ᠡᠨᠡ ᠨᠤᠳᠤᠭ ᠤᠨ ᠡᠨᠡ ᠬᠡᠳᠦᠨ ᠬᠡᠰᠡᠭ ᠴᠢᠯᠠᠭᠤ ᠴᠤ ᠬᠦᠭᠡᠷᠦᠬᠦᠢ ᠢᠩᠭᠢᠭᠡᠳ ᠯᠠ ᠨᠡᠷ᠎ᠡ ᠲᠠᠢ ᠲᠦᠷᠦ ᠲᠠᠢ ᠪᠤᠯᠤᠭᠰᠠᠨ᠃ ᠬᠡᠳᠦᠨ ᠬᠡᠰᠡᠭ ᠴᠢᠯᠠᠭᠤ ᠶᠢᠨ ᠨᠡᠷ᠎ᠡ ᠨᠢ ᠶᠠᠪᠤᠭᠠᠨ ᠳ᠋ᠠᠭᠠᠨ ᠡᠨᠡ ᠨᠤᠳᠤᠭ ᠤᠨ ᠭᠠᠵᠠᠷ ᠤᠨ ᠨᠡᠷ᠎ᠡ ᠪᠤᠯᠤᠨ ᠬᠤᠪᠢᠷᠠᠭᠰᠠᠨ ᠪᠤᠯᠤᠯᠳᠠᠢ᠃ ᠭᠡᠶ᠎ᠡ ᠡᠨᠡ ᠴᠢᠯᠠᠭᠤ ᠶᠢᠨ ᠡᠭᠦᠰᠦᠯ ᠢᠷᠡᠯᠳᠡ ᠶ᠋ᠢ ᠮᠡᠳᠡᠬᠦ ᠨᠢ ᠪᠠᠰᠠ ᠨᠢᠭᠡᠨ ᠲᠠᠭᠠᠭᠳᠠᠰᠢ ᠦᠭᠡᠢ ᠤᠨᠢᠰᠤᠭ᠎ᠠ ᠪᠠᠶᠢᠭᠰᠠᠨ᠃ ᠤᠴᠢᠷ ᠨᠢ ᠡᠨᠡ ᠬᠡᠳᠦᠨ ᠬᠡᠰᠡᠭ ᠲᠤᠮᠤ ᠴᠢᠯᠠᠭᠤᠳ ᠶᠠᠮᠠᠪᠠᠷ ᠴᠤ ᠤᠷᠭᠤᠭ᠎ᠠ ᠬᠠᠳᠠ ᠪᠢᠰᠢ᠂ ᠪᠦᠷ ᠯᠠ ᠠᠯᠢ ᠭᠠᠯᠪᠠ ᠶᠢᠨ ᠠᠯᠢ ᠦᠶ᠎ᠡ ᠶ᠋ᠢ ᠪᠤᠤ ᠮᠡᠳᠡ᠂ ᠶᠠᠮᠠᠷ ᠨᠢᠭᠡᠨ ᠰᠠᠶᠢᠨ ᠡᠷ᠎ᠡ ᠵᠠᠩᠵᠤᠨ ᠢ ᠪᠤᠤ ᠮᠡᠳᠡ᠂ ᠲᠡᠪᠡᠷᠢᠵᠦ ᠠᠪᠴᠢᠷᠠᠭᠠᠳ ᠡᠨᠳᠡ ᠲᠠᠯᠪᠢᠴᠢᠬᠠᠭᠰᠠᠨ ᠶᠤᠮ ᠰᠢᠭ᠋ ᠪᠠᠶᠢᠳᠠᠯ ᠲᠠᠢ᠃ ᠦᠨᠡᠨ ᠳ᠋ᠡᠭᠡᠨ ᠬᠠᠷᠢᠨ ᠲᠡᠶᠢᠮᠦ ᠪᠤᠰᠤ᠃ ᠤᠤᠯ ᠨᠢ ᠬᠠᠷᠢᠨ ᠪᠤᠭᠳᠠ ᠭᠡᠰᠡᠷ ᠦᠨ ᠪᠤᠭᠤᠷᠤᠯ ᠲᠤᠮᠤᠭ ᠯᠤᠭ᠎ᠠ ᠬᠤᠯᠪᠤᠭ᠎ᠠ ᠲᠠᠢ ᠭᠡᠳᠡᠭ ᠢ ᠨᠤᠳᠤᠭ ᠤᠨ ᠮᠢᠨᠢ ᠪᠤᠭᠤᠷᠤᠯ ᠲᠡᠤᠬᠡ ᠭᠡᠷᠡᠴᠢᠯᠡᠳᠡᠭ ᠪᠠᠶᠢᠭᠰᠠᠨ᠃ ᠤᠤᠯ ᠨᠢ ᠭᠡᠰᠡᠷ ᠪᠤᠭᠳᠠ ᠠᠷᠪᠠᠨ ᠬᠤᠶᠠᠷ ᠲᠤᠯᠤᠭᠠᠶᠢᠳᠤ ᠠᠷᠵᠠᠭᠠᠷ ᠬᠠᠷ᠎ᠠ ᠮᠠᠩᠭᠤᠰ ᠲᠤᠳᠠᠭᠠᠭᠰᠠᠭᠠᠷ ᠤᠳᠤ ᠶᠢᠨ ᠠᠷᠤ ᠬᠤᠷᠴᠢᠨ ᠬᠤᠰᠢᠭᠤᠨ ᠣ ᠵᠢᠭᠠᠰᠤᠳᠠᠢ ᠪᠠᠯᠭᠠᠰᠤ ᠶᠢᠨ ᠵᠠᠭᠠᠭ ᠳ᠋ᠡᠬᠢ ᠰᠡᠷᠳ᠋ ᠦᠨ ᠬᠠᠳᠠ ᠶ᠋ᠢ ᠲᠠᠪᠠᠭᠠᠳ ᠤᠷᠤᠳᠠᠯ᠎ᠠ᠂ ᠵᠢᠭᠠᠰᠤᠳᠠᠢ ᠪᠠᠯᠭᠠᠰᠤ ᠶᠢᠨ ᠬᠢᠵᠠᠭᠠᠷ ᠳ᠋ᠡᠬᠢ ᠪᠤᠯᠵᠤᠭ᠎ᠠ ᠤᠪᠤᠭ᠎ᠠ ᠶᠢᠨ ᠬᠠᠳᠠᠨ ᠲᠡᠭᠡᠷ᠎ᠡ ᠡᠴᠡ ᠬᠤᠪᠢᠯᠭᠠᠨ ᠰᠢᠳᠢ ᠲᠠᠢ ᠨᠤᠮᠤ ᠰᠤᠮᠤ ᠪᠠᠷ ᠬᠠᠷᠪᠤᠭᠰᠠᠨ ᠳ᠋ᠥ ᠰᠡᠷᠳ᠋ ᠦᠨ ᠬᠠᠳᠠ ᠶ᠋ᠢ ᠰᠡᠳ᠋ ᠬᠠᠷᠪᠤᠭᠠᠳ ᠪᠤᠳᠠᠷᠠᠨ ᠲᠤᠰᠤᠭᠰᠠᠨ ᠪᠤᠷᠵᠢᠨ ᠴᠢᠯᠠᠭᠤ ᠨᠢ ᠭᠤᠴᠢᠨ ᠣ ᠪᠠᠷ᠎ᠠ ᠶᠢᠨ ᠭᠠᠵᠠᠷ᠂ ᠪᠤᠮᠳᠤ ᠶᠢᠨ ᠬᠤᠸᠠ ᠶᠢᠨ ᠪᠠᠷᠠᠭᠤᠨ᠎ᠠ ᠨᠢᠭᠡᠨ ᠵᠢᠵᠢᠭᠬᠡᠨ ᠲᠤᠪᠤ ᠲᠡᠭᠡᠷ᠎ᠡ ᠨᠤᠳᠤᠭᠰᠢᠭᠰᠠᠨ ᠠᠨᠤ ᠡᠨᠡ ᠠᠵᠤᠭᠤ᠃ ᠡᠨᠡ ᠢᠨᠦ ᠮᠤᠩᠭᠤᠯ ᠨᠤᠳᠤᠭ ᠤᠨ ᠠᠭᠤᠯᠠ ᠤᠰᠤ᠂ ᠭᠤᠤᠯ ᠮᠦᠷᠡᠨ᠂ ᠡᠪᠡᠰᠦ ᠮᠤᠳᠤ᠂ ᠵᠢᠴᠢ ᠬᠦᠨᠳᠡᠢ ᠵᠢᠯᠠᠭ᠎ᠠ᠂ ᠬᠤᠸᠠ ᠲᠤᠪᠤ ᠳ᠋ᠤᠨᠢ ᠬᠦᠷᠳᠡᠯ᠎ᠡ ᠨᠡᠷ᠎ᠡ ᠲᠠᠢ ᠲᠤᠮᠤᠭ ᠲᠠᠢ ᠪᠠᠶᠢᠳᠠᠭ ᠡᠨᠡᠬᠦ ᠠᠭᠤᠤ ᠶᠡᠬᠡ ᠨᠡᠭᠦᠳᠡᠯᠴᠢᠨ ᠦᠨᠳᠦᠰᠦᠳᠡᠨ ᠣ ᠬᠤᠪᠤᠷ ᠨᠠᠨᠳᠢᠨ ᠦᠪ ᠰᠤᠶᠤᠯ ᠤᠨ ᠬᠢᠨ ᠨᠢᠭᠡ ᠠᠭᠤᠯᠭ᠎ᠠ ᠪᠤᠯᠬᠤ ᠲᠡᠳᠦᠢ ᠪᠠᠷ ᠦᠭᠡᠢ᠂ ᠮᠤᠩᠭᠤᠯᠴᠤᠳ ᠮᠢᠨᠢ ᠢᠮᠠᠭᠳᠠ ᠪᠠᠶᠢᠭᠠᠯᠢ ᠲᠠᠢ ᠪᠠᠨ ᠵᠤᠬᠢᠴᠠᠯᠳᠤᠨ᠂ ᠪᠠᠶᠢᠭᠠᠯᠢ ᠪᠠᠨ ᠲᠡᠭᠡᠳᠦᠯᠡᠳᠡᠭ ᠦᠨ ᠡᠷᠬᠢᠮ ᠲᠡᠭᠡᠳᠦ ᠲᠠᠳᠬᠠᠯ ᠠᠨᠤ ᠡᠨᠡ ᠪᠦᠯᠦᠭᠡ᠃
ᠦᠬᠡᠷ ᠴᠢᠯᠠᠭᠤ ᠮᠡᠨᠢ ᠡᠨᠡ ᠳ᠋ᠥ ᠨᠤᠳᠤᠭᠰᠢᠭᠰᠠᠨ ᠲᠡᠷᠡ ᠦᠶ᠎ᠡ ᠡᠴᠡ ᠡᠬᠢᠯᠡᠨ᠂ ᠲᠡᠭᠷᠢ ᠶᠢᠨ ᠬᠤᠷ᠎ᠠ ᠲᠡᠭᠰᠢ᠂ ᠲᠦᠮᠡᠨ ᠢᠷᠭᠡᠳ ᠲᠦᠪᠰᠢᠨ ᠠᠮᠤᠭᠤᠯᠠᠩ᠂ ᠲᠠᠪᠤᠨ ᠬᠤᠰᠢᠭᠤ ᠮᠠᠯ ᠦᠨᠢᠷ ᠦᠰᠦᠯᠳᠡ ᠲᠠᠢ᠂ ᠲᠠᠪᠤᠨ ᠲᠠᠷᠢᠶ᠎ᠠ ᠡᠯᠪᠡᠭ ᠬᠤᠷᠢᠶᠠᠯᠳᠠ ᠲᠠᠢ᠂ ᠠᠪᠠ ᠳ᠋ᠥ ᠭᠠᠷᠪᠠᠯ ᠭᠠᠨᠵᠤᠭ᠎ᠠ ᠲᠠᠢ᠂ ᠠᠷᠠᠯᠵᠢᠶ᠎ᠠ ᠮᠠᠶᠢᠮᠠᠢ ᠬᠤᠨᠵᠢᠪᠤᠷᠢ ᠲᠠᠢ᠂ ᠠᠳᠠᠯ ᠦᠢᠯᠡᠰ ᠨᠢ ᠦᠭᠡᠳᠡ ᠲᠠᠢ᠂ ᠠᠭᠰᠢᠷᠠ ᠪᠤᠭᠤᠷᠤᠯᠴᠤᠳ ᠨᠢ ᠤᠷᠳᠤ ᠨᠠᠰᠤᠯᠠᠳᠠᠭ ᠪᠤᠶᠠᠨ ᠲᠦᠭᠦᠷᠡᠩ᠂ ᠠᠶᠢᠯ ᠤᠰᠤ ᠪᠠᠷ ᠢᠶᠠᠨ ᠪᠠᠶᠠᠷ ᠲᠦᠭᠦᠷᠡᠩ᠂ ᠠᠳᠤᠭᠤ ᠮᠠᠯ ᠨᠢ ᠲᠠᠷᠭᠤ ᠲᠦᠭᠦᠷᠡᠩ᠂ ᠠᠯᠳᠠ ᠮᠦᠩᠭᠦ ᠨᠢ ᠠᠪᠳᠠᠷ᠎ᠠ ᠲᠦᠭᠦᠷᠡᠩ᠂ ᠠᠷᠠᠳ ᠤᠨ ᠠᠮᠢᠳᠤᠷᠠᠯ ᠪᠠᠶᠠᠷ ᠢᠶᠠᠷ ᠲᠦᠭᠦᠷᠡᠩ᠂ ᠠᠶᠢᠯ ᠠᠶᠢᠮᠠᠭ ᠪᠦᠯᠬᠦᠮᠳᠡᠯ ᠲᠠᠢ ᠠᠵᠤ ᠲᠦᠷᠦᠵᠦ᠂ ᠡᠳᠦᠭᠡ ᠳ᠋ᠤᠷ ᠬᠦᠷᠳᠡᠯ᠎ᠡ᠂ ᠡᠨᠡ ᠨᠤᠳᠤᠭ ᠤᠨ ᠬᠦᠮᠦᠰ ᠦᠳ ᠡᠨᠡᠬᠦ ᠨᠤᠳᠤᠭ ᠤᠰᠤᠨ ᠣ ᠬᠢ ᠪᠠᠨ ᠬᠡᠶᠢᠮᠦᠷᠢ ᠰᠦᠯᠳᠡ ᠪᠤᠯᠤᠭᠰᠠᠨ ᠦᠬᠡᠷ ᠴᠢᠯᠠᠭᠤ ᠪᠠᠨ ᠵᠢᠯ ᠪᠦᠷᠢ ᠲᠤᠭᠳᠠᠭᠰᠠᠨ ᠰᠠᠶᠢᠬᠠᠨ ᠦᠯᠵᠡᠶᠢᠳᠦ ᠡᠳᠦᠷ ᠲᠡᠭᠡᠨ ᠲᠠᠬᠢᠯᠭ᠎ᠠ ᠲᠠᠯᠪᠢᠵᠦ᠂ ᠨᠠᠶᠢᠷ ᠨᠠᠭᠠᠳᠤᠮ ᠡᠷᠬᠢᠯᠡᠵᠦ᠂ ᠪᠦᠬᠡ ᠪᠠᠷᠢᠯᠳᠤᠬᠤ᠂ ᠮᠤᠷᠢ ᠤᠷᠤᠯᠳᠤᠬᠤ᠂ ᠰᠤᠷ ᠬᠠᠷᠪᠤᠬᠤ᠂ ᠬᠦᠵᠢᠷ ᠮᠦᠷᠦᠶᠢᠴᠡᠬᠦ᠂᠂᠂᠂᠂᠂ ᠵᠡᠷᠭᠡ ᠪᠦᠬᠦ ᠠᠷᠠᠳ ᠤᠨ ᠪᠡᠶ᠎ᠡ ᠴᠢᠬᠢᠷᠠᠭᠵᠢᠭᠤᠯᠬᠤ ᠬᠦᠳᠡᠯᠭᠡᠭᠡᠨ ᠦᠷᠨᠢᠭᠦᠯᠵᠦ᠂ ᠠᠭᠤᠯᠠ ᠤᠰᠤ ᠪᠠᠨ ᠪᠠᠶᠠᠰᠬᠠᠵᠦ᠂ ᠠᠷᠠᠳ ᠮᠠᠯᠴᠢᠳ ᠲᠠᠭᠠᠨ ᠪᠠᠶᠠᠰᠬᠠᠵᠦ ᠪᠠᠶᠢᠳᠠᠭ ᠠᠷᠢᠭᠤᠨ ᠨᠠᠨᠳᠢᠨ ᠵᠠᠩ ᠵᠠᠩᠰᠢᠯ ᠲᠠᠢ ᠪᠠᠶᠢᠳᠠᠭ᠃ ᠦᠨᠦᠳᠦᠷ ᠦᠨ ᠦᠬᠡᠷᠴᠢᠯᠠᠭᠤᠴᠤᠳ ᠰᠢ ᠵᠢᠨ ᠫᠢᠩ ᠦᠨ ᠰᠢᠨ᠎ᠡ ᠴᠠᠭ ᠦᠶ᠎ᠡ ᠶᠢᠨ ᠲᠦᠷᠦ ᠶᠢᠨ ᠪᠤᠳᠤᠯᠭ᠎ᠠ ᠶ᠋ᠢ ᠵᠢᠷᠤᠮᠯᠠᠵᠦ᠂ ᠨᠡᠶᠢᠭᠡᠮ ᠵᠢᠷᠤᠮ ᠤᠨ ᠦᠷᠳᠡᠭ ᠦᠨ ᠦᠵᠡᠯ ᠢ ᠪᠠᠷᠢᠮᠳᠠᠯᠠᠵᠦ᠂ ᠨᠠᠮ ᠤᠨ ᠬᠤᠷᠢᠳᠤᠭᠠᠷ ᠶᠡᠬᠡ ᠬᠤᠷᠠᠯ ᠤᠨ ᠵᠤᠷᠢᠭ ᠰᠠᠨᠠᠭ᠎ᠠ ᠶ᠋ᠢ ᠡᠷᠡᠰ ᠲᠤᠤᠱᠯᠠᠭᠤᠯᠤᠨ᠂ ᠨᠠᠮ ᠤᠨ ᠰᠠᠬᠢᠯᠭ᠎ᠠ᠂ ᠤᠯᠤᠰ ᠤᠨ ᠬᠠᠤᠯᠢ ᠴᠠᠭᠠᠵᠠ ᠶ᠋ᠢ ᠮᠦᠷᠳᠡᠵᠦ᠂ ᠰᠢᠨ᠎ᠡ ᠴᠠᠭ ᠦᠶ᠎ᠡ ᠶᠢᠨ ᠨᠡᠶᠢᠭᠡᠮ ᠵᠢᠷᠤᠮᠳᠤ ᠰᠢᠨ᠎ᠡ ᠬᠦᠳᠡᠭᠡ ᠲᠤᠰᠬᠤᠨ ᠢ ᠡᠷᠲᠡ ᠡᠳᠦᠷ ᠪᠦᠳᠦᠭᠡᠨ ᠪᠠᠶᠢᠭᠤᠯᠬᠤ ᠪᠠᠷ ᠦᠷᠭᠦᠯᠵᠢᠯᠡᠨ ᠰᠢᠷᠭᠠᠭᠤ ᠬᠠᠳᠠᠭᠤᠵᠢᠯᠳᠠᠢ ᠪᠠᠷ᠂ ᠪᠦᠯᠬᠦᠮᠳᠡᠯ ᠨᠢᠭᠡᠳᠡᠢ ᠠᠯᠬᠤᠮ ᠨᠢᠭᠡᠳᠡᠢ ᠪᠠᠷ ᠮᠤᠩᠭᠤᠯ ᠮᠤᠷᠢᠨ ᠣ ᠵᠤᠷᠢᠭ ᠰᠠᠨᠠᠭ᠎ᠠ ᠪᠠᠷ ᠴᠢᠷᠮᠠᠶᠢᠨ ᠲᠡᠮᠡᠴᠡᠵᠦ᠂ ᠴᠢᠷᠮᠠᠶᠢᠨ ᠤᠷᠤᠭᠰᠢᠯᠠᠵᠤ ᠪᠠᠶᠢᠨ᠎ᠠ᠃