-
77993
ᠰᠢᠨ᠎ᠡ ᠪᠡᠷ ᠡᠬᠢᠯᠡᠶ᠎ᠡ
2016-03-09 14:58
289
1
ᠰᠢᠨ᠎ᠡ ᠪᠡᠷ ᠡᠬᠢᠯᠡᠶ᠎ᠡ
ᠰᠢᠨ᠎ᠡ ᠤᠨ ᠤ ᠨᠠᠷᠠ ᠶᠢ ᠤᠭᠲᠤᠵᠤ
ᠰᠢᠢᠳᠦᠭᠰᠡᠨ ᠠᠵᠢᠯ ᠢᠶᠠᠨ ᠰᠢᠨ᠎ᠡ ᠪᠡᠷ ᠡᠬᠢᠯᠡᠶ᠎ᠡ
ᠰᠢᠵᠢᠷᠬᠡᠨ ᠲᠤᠶᠠᠭᠠᠨ ᠳᠤ ᠨᠢ ᠪᠤᠳᠤᠯ ᠢᠶᠠᠨ ᠤᠭᠠᠵᠤ
ᠰᠢᠯᠢᠭᠰᠡᠨ ᠦᠢᠯᠡᠰ ᠢᠶᠡᠨ ᠰᠢᠨ᠎ᠡ ᠪᠡᠷ ᠬᠦᠲᠦᠯᠦᠶᠡ
ᠬᠡᠨ ᠨᠢᠭᠡᠨ ᠳᠦ ᠪᠡᠨ ᠤᠰᠤᠯᠳᠠᠭᠰᠠᠨ ᠪᠠᠶᠢᠪᠠᠯ
ᠬᠡᠯᠡᠯᠴᠡᠵᠦ ᠪᠠᠶᠢᠭᠠᠳ ᠰᠢᠨ᠎ᠡ ᠪᠡᠷ ᠬᠠᠷᠢᠯᠴᠠᠶ᠎ᠠ
ᠬᠡᠲᠦ ᠶᠢᠨ ᠦᠢᠯᠡᠰ ᠲᠦ ᠪᠡᠨ ᠴᠠᠯᠠᠭᠠᠶᠢᠳᠠᠭᠰᠠᠨ ᠪᠠᠶᠢᠪᠠᠯ
ᠬᠢᠴᠢᠶᠡᠵᠦ ᠪᠠᠶᠢᠭᠠᠳ ᠳᠠᠬᠢᠨ ᠵᠢᠳᠭᠦᠶᠡ
ᠪᠠᠭ᠎ᠠ ᠰᠠᠭ᠎ᠠ ᠠᠮᠵᠢᠯᠲᠠ ᠪᠠᠶᠢᠯ᠎ᠠ ᠴᠤ
ᠪᠠᠷᠳᠠᠮᠨᠠᠯ ᠦᠭᠡᠢ ᠰᠢᠨ᠎ᠡ ᠪᠡᠷ ᠮᠡᠷᠡᠶᠢᠶᠡ
ᠠᠯᠳᠠᠵᠤ ᠤᠨᠤᠭᠰᠠᠨ ᠢᠶᠠᠨ ᠲᠤᠩᠭᠠᠨ ᠪᠠᠶᠢᠵᠤ
ᠠᠬᠢᠭᠠᠳ ᠪᠢᠳᠡ ᠰᠢᠨ᠎ᠡ ᠪᠡᠷ ᠴᠢᠷᠮᠠᠶᠢᠶ᠎ᠠ
ᠦᠩᠭᠡᠷᠡᠭᠰᠡᠨ ᠳᠦ ᠶᠠᠮᠠᠷᠬᠠᠨ ᠪᠠᠶᠢᠯ᠎ᠠ ᠴᠤ
ᠦᠨᠦᠳᠦᠷ ᠳᠠᠬᠢᠭᠠᠳ ᠰᠢᠨ᠎ᠡ ᠪᠡᠷ ᠡᠬᠢᠯᠡᠶ᠎ᠡ
ᠳᠤᠲᠠᠭᠳᠠᠯ ᠪᠦᠬᠦᠨ ᠢᠶᠡᠨ ᠰᠤᠷᠭᠠᠮᠵᠢ ᠪᠤᠯᠭᠠᠵᠤ
ᠲᠤᠷᠰᠢᠯᠭ᠎ᠠ ᠳ᠋ᠦᠩᠨᠡᠵᠦ ᠰᠢᠨ᠎ᠡ ᠪᠡᠷ ᠡᠬᠢᠯᠡᠶ᠎ᠡ
ᠬᠦᠰᠡᠭᠰᠡᠨ ᠵᠦᠢᠯ ᠪᠦᠲᠦᠮᠵᠢ ᠠᠨᠠᠢ ᠪᠤᠯ
ᠬᠡᠯᠪᠡᠷᠢ ᠶᠢ ᠨᠢ ᠬᠤᠪᠢᠷᠠᠭᠠᠵᠤ ᠰᠢᠨ᠎ᠡ ᠪᠡᠷ ᠡᠬᠢᠯᠡᠶ᠎ᠡ
ᠰᠡᠲᠦᠭᠰᠡᠨ ᠶᠠᠪᠤᠳᠠᠯ ᠠᠮᠵᠢᠯᠲᠠ ᠳᠤᠲᠠᠭᠤ ᠪᠤᠯ
ᠰᠡᠳᠬᠢᠮᠵᠢ ᠪᠡᠨ ᠦᠭᠡᠷᠡᠴᠢᠯᠡᠵᠦ ᠰᠢᠨ᠎ᠡ ᠪᠡᠷ ᠡᠬᠢᠯᠡᠶ᠎ᠡ