 

ᠬᠤᠯᠤᠭᠠᠨ᠎ᠠ ᠶᠢᠨ ᠬᠢᠵᠢᠭ ᠤᠨ ᠰᠡᠷᠭᠡᠶᠢᠯᠡᠯᠳᠡ ᠶᠢ ᠴᠢᠬᠤᠯᠠᠴᠢᠯᠠᠨ ᠬᠢᠵᠦ ᠬᠡᠳᠤᠷᠬᠡᠢ ᠠᠶᠤᠨ ᠬᠡᠯᠮᠡᠭᠳᠡᠬᠦ ᠬᠡᠷᠡᠭ ᠦᠭᠡᠢ

2019-11-15 22:42
  264
  0
ᠰᠢᠤᠢ ᠷᠦᠨ ᠡᠸ᠋᠄ ᠬᠤᠯᠤᠭᠠᠨ᠎ᠠ ᠶᠢᠨ ᠬᠢᠵᠢᠭ ᠤᠨ ᠰᠡᠷᠭᠡᠶᠢᠯᠡᠯᠳᠡ ᠶᠢ ᠴᠢᠬᠤᠯᠠᠴᠢᠯᠠᠨ ᠬᠢᠵᠦ ᠬᠡᠳᠤᠷᠬᠡᠢ ᠠᠶᠤᠨ ᠬᠡᠯᠮᠡᠭᠳᠡᠬᠦ ᠬᠡᠷᠡᠭ ᠦᠭᠡᠢ
 
   11 ᠰᠠᠷ᠎ᠠ ᠶᠢᠨ 14 ᠤ ᠡᠳᠦᠷ᠂ ᠰᠢᠯᠢ ᠶᠢᠨ ᠭᠤᠤᠯ ᠠᠶᠢᠮᠠᠭ ᠤᠨ ᠭᠠᠵᠠᠷ ᠤᠷᠤᠨ ᠤ ᠴᠢᠨᠠᠷᠲᠠᠢ ᠡᠪᠡᠳᠴᠢᠨ ᠬᠢᠵᠢᠭ ᠢ ᠰᠡᠷᠭᠡᠶᠢᠯᠡᠨ ᠡᠵᠡᠮᠳᠡᠬᠦ ᠲᠦᠪ ᠤᠨ ᠲᠡᠳ᠋ ᠡᠷᠬᠢᠯᠡᠭᠴᠢ ᠰᠢᠤᠢ ᠷᠦᠨ ᠡᠸ᠋ ᠰᠤᠷᠪᠤᠯᠵᠢᠯᠠᠭ᠎ᠠ ᠬᠦᠯᠢᠶᠡᠵᠦ᠂ ᠤᠳᠤᠬᠠᠨ ᠳᠤ ᠰᠢᠯᠢ ᠶᠢᠨ ᠭᠤᠤᠯ ᠠᠶᠢᠮᠠᠭ ᠬᠤᠯᠤᠭᠠᠨ᠎ᠠ ᠶᠢᠨ ᠬᠢᠵᠢᠭ ᠤᠨ ᠪᠠᠶᠢᠳᠠᠯ ᠳᠤ ᠬᠠᠨᠳᠤᠭᠤᠯᠤᠨ᠂ ᠪᠠᠴᠢᠮ ᠪᠠᠶᠢᠳᠠᠯ ᠢ ᠠᠷᠭᠠᠴᠠᠭᠠᠬᠤ ᠲᠦᠰᠦᠪ ᠢ ᠡᠬᠢᠯᠡᠨ ᠬᠡᠷᠡᠭᠵᠢᠭᠦᠯᠵᠦ᠂ ᠪᠠᠴᠢᠮ ᠪᠠᠶᠢᠳᠠᠯ ᠢ ᠠᠷᠭᠠᠴᠠᠭᠠᠬᠤ ᠵᠢᠯᠤᠭᠤᠤᠡᠬᠤ ᠲᠦᠪ ᠪᠠᠶᠢᠭᠤᠯᠵᠦ᠂ ᠬᠠᠯᠳᠠᠪᠤᠷᠢᠳᠦ ᠡᠪᠡᠳᠴᠢᠨ ᠳᠤ ᠪᠠᠶᠢᠴᠠᠭᠠᠯᠳᠠ ᠬᠢᠬᠦ᠂ ᠡᠪᠡᠳᠴᠢᠳᠡᠨ ᠯᠦᠭᠡ ᠤᠢᠢᠷᠠᠳᠤᠭᠰᠠᠨ ᠬᠦᠮᠦᠰ ᠲᠤ ᠡᠮᠴᠢᠯᠡᠭᠡᠨ ᠤ ᠠᠵᠢᠬᠯᠠᠯᠳᠠ ᠬᠢᠬᠦ ᠵᠡᠷᠭᠡ ᠰᠡᠷᠭᠡᠶᠢᠯᠡᠨ ᠡᠵᠡᠮᠳᠡᠬᠦ ᠶᠡᠷᠦᠩᠬᠡᠶᠢᠯᠡᠭᠰᠡᠨ ᠠᠷᠭ᠎ᠠ ᠬᠡᠮᠵᠢᠶ᠎ᠡ ᠶᠢ ᠡᠮᠬᠢ ᠲᠠᠷᠠᠭ᠎ᠠ ᠲᠠᠢ ᠶᠠᠪᠤᠭᠳᠠᠭᠤᠯᠵᠤ ᠪᠤᠢ᠃ ᠤᠯᠤᠰ ᠤᠨ ᠡᠷᠡᠭᠦᠯ ᠬᠠᠮᠠᠭᠠᠯᠠᠯ ᠡᠷᠡᠭᠦᠯ ᠮᠡᠨᠳᠤ ᠶᠢᠨ ᠵᠦᠪᠯᠡᠯ ᠪᠤᠯᠤᠨ ᠦᠪᠡᠷᠳᠡᠭᠡᠨ ᠵᠠᠰᠠᠬᠤ ᠤᠷᠤᠨ ᠤ ᠡᠷᠡᠭᠦᠯ ᠬᠠᠮᠠᠭᠠᠯᠠᠯ ᠡᠷᠡᠭᠦᠯ ᠮᠡᠨᠳᠤ ᠶᠢᠨ ᠵᠦᠪᠯᠡᠯ ᠠᠴᠠ ᠲᠤᠰᠬᠠᠢ ᠮᠡᠷᠭᠡᠵᠢᠯᠳᠡᠨ ᠲᠤᠮᠢᠯᠠᠨ ᠢᠷᠡᠬᠦᠯᠵᠦ᠂ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠠᠵᠢᠯ ᠢ ᠵᠢᠭᠠᠨ ᠵᠢᠯᠤᠭᠤᠤᠡᠴᠤ ᠪᠠᠶᠢᠨ᠎ᠠ ᠬᠡᠪᠡ᠃
   ᠰᠢᠤᠢ ᠷᠦᠨ ᠡᠸ᠋ ᠲᠠᠨᠢᠯᠴᠠᠭᠤᠯᠬᠤ ᠳᠠᠭᠠᠨ᠂ ᠬᠤᠯᠤᠭᠠᠨ᠎ᠠ ᠶᠢᠨ ᠬᠢᠵᠢᠭ ᠭᠤᠤᠯᠳᠠᠭᠤ ᠮᠡᠷᠡᠭᠴᠢ ᠠᠮᠢᠳᠠᠳ ᠤᠨ ᠲᠤᠮᠳᠠ ᠳᠡᠯᠬᠡᠷᠡᠵᠦ᠂ ᠪᠠᠰᠠ ᠬᠦᠮᠦᠨ ᠳᠤ ᠬᠠᠯᠳᠠᠪᠤᠷᠢᠯᠠᠨ ᠲᠡᠯᠭᠡᠷᠡᠵᠤ ᠮᠡᠳᠡᠨ᠎ᠡ᠃ ᠰᠢᠯᠢ ᠶᠢᠨ ᠭᠤᠤᠯ ᠠᠶᠢᠮᠠᠬ ᠤᠨ ᠵᠠᠷᠢᠮ ᠭᠠᠵᠠᠷ ᠢᠶᠠᠷ ᠬᠤᠯᠤᠭᠠᠨ᠎ᠠ ᠶᠢᠨ ᠬᠢᠵᠢᠭ ᠡᠭᠦᠰᠳᠡᠭ᠂ ᠬᠢᠵᠢᠭ ᠤᠨ ᠪᠠᠺᠲᠧᠷᠢ ᠳᠤ ᠬᠠᠯᠳᠠᠪᠤᠷᠢᠯᠠᠭᠳᠠᠭᠰᠠᠨ ᠪᠦᠭᠡᠰᠤᠨ ᠳᠤ ᠵᠠᠭᠤᠭᠳᠠᠬᠤ᠂ ᠬᠢᠵᠢᠭ ᠡᠪᠡᠳᠴᠢᠨ ᠲᠠᠢ ᠠᠮᠢᠳᠠᠨ ᠯᠤᠭ᠎ᠠ ᠰᠢᠭᠤᠳ ᠤᠢᠢᠷᠠᠳᠬᠤ ᠪᠤᠶᠤ ᠬᠤᠯᠤᠭᠠᠨ᠎ᠠ ᠶᠢᠨ ᠬᠢᠵᠢᠭ ᠲᠤ ᠨᠡᠷᠪᠡᠭᠳᠡᠭᠰᠡᠨ ᠬᠦᠮᠦᠨ ᠵᠡᠷᠭᠡ ᠠᠴᠠ ᠴᠦᠮ ᠬᠠᠯᠳᠠᠪᠤᠷᠢᠯᠠᠬᠳᠠᠵᠤ ᠮᠡᠳᠡᠨ᠎ᠡ᠃ ᠤᠳᠤᠬᠠᠨ ᠳᠤ᠂ ᠬᠠᠮᠢᠶ᠎ᠠ ᠪᠦᠬᠦᠢ ᠰᠠᠯᠠᠭ᠎ᠠ ᠮᠦᠴᠢᠷ ᠨᠢᠭᠡᠨᠳᠡ ᠬᠤᠯᠤᠭᠠᠨ᠎ᠠ ᠶᠢᠨ ᠬᠢᠵᠢᠭ ᠲᠤ ᠨᠡᠷᠪᠡᠭᠳᠡᠭᠰᠡᠨ ᠡᠪᠡᠳᠴᠢᠳᠡᠨ ᠯᠦᠭᠡ ᠤᠢᠢᠷᠠᠳᠤᠭᠰᠠᠨ ᠬᠦᠮᠦᠰ ᠲᠤ ᠴᠦᠮ ᠡᠮᠴᠢᠯᠡᠭᠡᠨ ᠤ ᠠᠵᠢᠬᠯᠠᠯᠳᠠ ᠬᠢᠭᠰᠡᠨ ᠪᠠᠶᠢᠨ᠎ᠠ ᠬᠡᠵᠠᠢ᠃
   ᠰᠢᠤᠢ ᠷᠦᠨ ᠡᠸ᠋ ᠬᠡᠯᠡᠬᠦ ᠳᠡᠭᠡᠨ᠂ ᠬᠢᠵᠢᠭ ᠲᠤ ᠬᠠᠯᠳᠠᠪᠤᠷᠢᠯᠠᠬᠳᠠᠨ ᠦᠬᠦᠭᠰᠡᠨ ᠬᠤᠯᠤᠭᠠᠨ᠎ᠠ᠂ ᠬᠤᠯᠤᠭᠠᠨ᠎ᠠ ᠶᠢᠨ ᠬᠢᠵᠢᠭ ᠲᠤ ᠨᠡᠷᠪᠡᠭᠳᠡᠬᠦ ᠪᠤᠯᠤᠮᠵᠢ ᠲᠠᠢ ᠡᠪᠡᠳᠴᠢᠳᠡᠨ᠂ ᠲᠤᠳᠤ ᠪᠤᠰᠤ ᠰᠢᠯᠳᠠᠭᠠᠨ ᠢᠶᠠᠷ ᠬᠡᠳᠤᠷᠬᠡᠢ ᠬᠠᠯᠠᠭᠤᠷᠠᠬᠤ ᠪᠤᠶᠤ ᠭᠡᠨᠡᠳᠳᠡ ᠦᠭᠦᠬᠦ ᠵᠡᠷᠭᠡ ᠪᠠᠶᠢᠳᠠᠯ ᠢ ᠲᠠᠷᠤᠢ ᠲᠦᠷᠭᠡᠨ ᠮᠡᠳᠡᠭᠦᠯᠬᠦ ᠶᠢ ᠴᠢᠩᠭ᠎ᠠ ᠨᠠᠶᠢᠳᠠᠪᠤᠷᠢᠵᠢᠭᠤᠯᠵᠤ᠂ ᠲᠤᠷ᠎ᠠ ᠲᠠᠪᠠ ᠪᠠᠷ ᠢᠶᠠᠨ ᠠᠩᠨᠠᠵᠤ ᠠᠪᠠᠯᠠᠬᠤ ᠦᠭᠡᠢ᠂ ᠬᠢᠵᠢᠭ ᠲᠡᠯᠭᠡᠷᠡᠬᠦ ᠪᠤᠯᠤᠮᠵᠢ ᠲᠠᠢ ᠭᠠᠵᠠᠷ ᠤᠷᠤᠨ ᠤ ᠠᠮᠢᠳᠠᠨ ᠤ ᠮᠢᠬ᠎ᠠ ᠶᠢ ᠢᠳᠡᠬᠦ ᠦᠭᠡᠢ᠂ ᠬᠢᠵᠢᠭ ᠲᠡᠯᠭᠡᠷᠡᠬᠦ ᠪᠤᠯᠤᠮᠵᠢ ᠲᠠᠢ ᠭᠠᠵᠠᠷ ᠤᠷᠤᠨ ᠤ ᠠᠮᠢᠳᠠᠨ ᠪᠤᠶᠤ ᠪᠦᠲᠦᠭᠡᠭᠳᠡᠬᠦᠨ ᠢ ᠭᠠᠳᠠᠭᠰᠢ ᠠᠪᠴᠤ ᠭᠠᠷᠴᠤ ᠪᠤᠯᠬᠤ ᠦᠭᠡᠢ ᠵᠡᠷᠭᠡ ︽ᠭᠤᠷᠪᠠ ᠶᠢ ᠮᠡᠳᠡᠭᠦᠯᠵᠦ ᠭᠤᠷᠪᠠ ᠶᠢ ᠲᠡᠪᠴᠢᠬᠦ︾ ᠲᠤᠭᠳᠠᠴᠠ ᠶᠢ ᠴᠢᠩᠭ᠎ᠠ ᠵᠢᠷᠤᠮᠯᠠᠨ ᠰᠠᠬᠢᠵᠤ᠂ ᠬᠡᠷᠪᠡ ᠬᠡᠳᠤ ᠬᠠᠯᠠᠭᠤᠷᠠᠬᠤ᠂ ᠲᠠᠭᠠᠷᠠᠳᠠᠰᠤ ᠬᠦᠷᠬᠦ᠂ ᠯᠢᠮᠹᠠ ᠶᠢᠨ ᠪᠤᠯᠴᠢᠷᠬᠠᠢ ᠡᠪᠡᠳᠬᠦ᠂ ᠬᠠᠨᠢᠶᠠᠯᠭᠠᠬᠤ᠂ ᠴᠢᠰᠤ ᠪᠠᠷ ᠬᠠᠨᠢᠶᠠᠬᠤ ᠵᠡᠷᠭᠡ ᠡᠪᠡᠳᠴᠢᠨ ᠤ ᠢᠯᠡᠷᠡᠯ ᠭᠠᠷᠪᠠᠯ ᠠᠮᠠᠪᠴᠢ ᠵᠡᠭᠦᠵᠤ ᠲᠤᠬᠠᠢ ᠶᠢᠨ ᠭᠠᠵᠠᠷ ᠤᠷᠤᠨ ᠤ ᠡᠮᠴᠢᠯᠡᠭᠡᠨ ᠤ ᠪᠠᠶᠢᠭᠤᠯᠤᠮᠵᠢ ᠳᠤ ᠬᠦᠷᠴᠤ ᠡᠮᠴᠢᠯᠡᠭᠦᠯᠬᠦ ᠶᠢᠨ ᠬᠠᠮᠳᠤ ᠪᠠᠰᠠ ᠦᠪᠡᠷ ᠤᠨ ᠤᠢᠢᠷ᠎ᠠ ᠶᠢᠨ ᠬᠤᠭᠤᠴᠠᠭᠠᠨ ᠤ ᠪᠠᠶᠢᠳᠠᠯ ᠢᠶᠠᠨ ᠡᠮᠴᠢ ᠳᠤ ᠨᠠᠷᠢᠨ ᠲᠤᠳᠤᠷᠬᠠᠢ ᠬᠡᠯᠡᠵᠦ ᠦᠭᠪᠡᠯ ᠵᠤᠬᠢᠨ᠎ᠠ᠃ ᠬᠤᠯᠤᠭᠠᠨ᠎ᠠ ᠶᠢᠨ ᠬᠢᠵᠢᠭ ᠢ ᠰᠡᠷᠭᠡᠶᠢᠯᠡᠨ ᠵᠠᠰᠠᠵᠤ ᠪᠤᠯᠬᠤ ᠤᠴᠢᠷ ᠠᠴᠠ ᠰᠡᠷᠭᠡᠶᠢᠯᠡᠯᠳᠡ ᠶᠢ ᠰᠠᠶᠢᠳᠤᠷ ᠴᠢᠬᠤᠯᠠᠴᠢᠯᠠᠨ ᠬᠢᠵᠦ᠂ ᠬᠡᠳᠤᠷᠬᠡᠢ ᠠᠶᠤᠨ ᠬᠡᠯᠮᠡᠭᠳᠡᠬᠦ ᠬᠡᠷᠡᠭ ᠦᠭᠡᠢ᠃ ᠲᠡᠷᠡ ᠮᠦᠷᠳᠡᠭᠡᠨ ᠬᠡᠪ ᠤᠨ ᠠᠮᠢᠳᠤᠷᠠᠯ ᠦᠢᠯᠡᠳᠪᠦᠷᠢᠯᠡᠯ ᠢᠶᠠᠨ ᠨᠦᠯᠦᠭᠡᠯᠡᠬᠦ ᠨᠢ ᠵᠤᠬᠢᠰ ᠦᠭᠡᠢ᠂ ᠨᠡᠩ ᠴᠤ ᠬᠢᠵᠢᠭ ᠲᠤ ᠬᠠᠯᠳᠠᠪᠤᠷᠢᠯᠠᠭᠳᠠᠬᠤ ᠠᠶᠤᠯ ᠠᠴᠠ ᠲᠡᠩᠳᠡᠭᠦᠦ ᠶᠡᠭᠡ ᠰᠠᠨᠠᠭᠠᠰᠢᠷᠠᠬᠤ ᠬᠡᠷᠡᠭ ᠦᠭᠡᠢ ᠭᠡᠯ᠎ᠠ᠃ ᠵᠣᠬᠢᠶᠠᠭᠴᠢ᠄  ᠪᠠᠶᠠᠰᠬᠤᠯᠠᠩ ᠪᠢᠯᠢᠭᠪᠡᠭᠠᠳᠤᠷ



  
     
     