- ᠰᠠᠯᠵᠢᠭᠣᠳ ᠪᠠᠢᠭᠠᠯᠢ
ᠵᠠᠷᠣᠳ ᠬᠤᠰᠢᠭᠤ ᠳᠣᠯᠣᠳᠣ
2887
ᠳᠠᠢᠴᠢᠩ ᠭᠡᠭᠡᠨ ᠣ ᠨᠠᠮᠲᠠᠷ
2019-03-27 00:33
435
1
ᠳᠠᠢᠴᠢᠩ ᠭᠡᠭᠡᠨ ᠣ ᠨᠠᠮᠲᠠᠷ
ᠲᠣᠰ ᠭᠡᠭᠡᠨ ᠣ ᠪᠦᠬᠦᠯᠢ ᠠᠯᠳᠠᠷ᠄ ᠳᠠᠢᠴᠢᠩ ᠳᠠᠷᠬᠠᠨ ᠡᠷᠳᠡᠨᠢ ᠪᠠᠨᠳᠢᠳᠠ ᠨᠤᠮ ᠤᠨ ᠬᠠᠭᠠᠨ ᠬᠤᠲᠤᠭᠲᠤ
ᠲᠤᠰ ᠭᠡᠭᠡᠨ ᠣ ᠡᠭᠦᠰᠦᠯ ᠨᠢ ᠭᠠᠳᠠᠮᠪᠠ ᠶᠢᠨ ᠷᠡᠪᠴᠡᠨ ᠬᠡᠢᠳ ᠦᠨ ᠨᠢᠭᠤᠴᠠ ᠲᠠᠷᠨᠢ ᠶᠢᠨ ᠯᠠᠮᠠ ᠨᠠᠮᠬᠠᠢᠵᠠᠮᠰᠣ ᠪᠤᠯᠤᠨ᠎ᠠ᠃ ᠬᠤᠢᠨ᠎ᠠ ᠨᠢ ᠲᠣᠰ ᠯᠠᠮᠠ ᠲᠣᠰ ᠬᠡᠢᠳ ᠦᠨ ᠯᠠᠮᠠᠬᠠᠢ ᠪᠠᠨᠳᠢᠳᠠ ᠬᠡᠮᠡᠨ ᠠᠯᠳᠠᠷᠰᠢᠵᠣ ᠲᠣᠰ ᠬᠡᠢ ᠳ᠋ᠥ ᠨᠡᠢᠲᠡ ᠲᠠᠪᠤᠨ ᠳᠦᠷᠢ ᠲᠤᠳᠤᠷᠠᠭᠰᠠᠨ ᠪᠠᠢᠨ᠎ᠠ᠃ ᠵᠢᠷᠭᠤᠭᠠᠳᠤᠭᠠᠷ ᠳᠦᠷᠢ ᠶᠢᠨ ᠯᠠᠮᠠ ᠣᠯᠠᠭᠠᠨ ᠣ ᠨᠤᠮ ᠢ ᠰᠣᠷᠣᠭᠰᠠᠨ ᠠᠴᠠ ᠣᠯᠠᠭᠠᠨ ᠣᠲᠠᠰᠣᠲᠣ ᠯᠠᠮᠠ︽ ᠮᠢᠩ ᠦᠨ ᠦᠶᠡᠰ ︾ ᠬᠡᠮᠡᠨ ᠠᠯᠳᠠᠷᠰᠢᠵᠣ ᠮᠤᠩᠭᠤᠯ ᠤᠷᠤᠨ ᠳ᠋ᠥ ᠢᠷᠠᠵᠦ ᠱᠠᠰᠢᠨ ᠳᠡᠯᠭᠡᠷᠡᠭᠦᠯᠵᠦ ᠪᠠᠢᠪᠠ᠃ ᠲᠤᠰ ᠯᠠᠮᠠ ᠶᠢᠨ ᠳᠠᠷᠠᠭ᠎ᠠ ᠳᠦᠷᠢ ᠨᠢ ᠬᠤᠷᠴᠢᠨ ᠣ ᠬᠤᠢᠮᠠᠭᠲᠣ ᠬᠠᠷ᠎ᠠ ᠬᠠᠨ︽ᠬᠤᠢᠮᠠᠩᠲᠤ ᠲᠠᠰ ᠬᠠᠷ᠎ᠠ ᠬᠠᠨ ︾ ᠣ ᠦᠶ᠎ᠡ ᠳ᠋ᠥ ᠬᠤᠵᠢᠮ ᠤᠨ ᠳᠠᠢᠴᠢᠩ ᠭᠡᠭᠡᠨ ᠬᠡᠢᠳ︽ ᠮᠣᠳᠣᠲᠣᠭᠣᠭᠠᠨ ᠬᠡᠢᠳ ︾ ᠢ ᠪᠠᠷᠢᠵᠣ᠂1593 ᠣᠨ ᠣ ᠦᠶ᠎ᠡ ᠶᠢᠨ ᠮᠠᠩᠭᠤᠰ ᠬᠠᠨ ᠣ ᠰᠢᠲᠦᠭᠡᠨᠲᠦ ᠰᠦᠮ᠎ᠡ ᠪᠤᠯᠵᠤ᠂ ᠬᠤᠵᠢᠮ ᠨᠢ ᠵᠠᠢᠰᠠᠩ ᠪᠦᠬᠡ ᠪᠠᠢᠯᠡ ᠶᠢᠨ ᠰᠢᠲᠦᠭᠡᠨᠲᠦ ᠬᠡᠢᠳ ᠪᠤᠯᠤᠨ ᠬᠤᠪᠢᠷᠠᠵᠣ᠂ ᠬᠦᠪᠡᠭᠦᠨ ᠮᠠᠨᠵᠤᠰᠢᠷᠢ ᠶᠢᠨ ᠨᠡᠷ᠎ᠡ ᠶᠢ ᠨᠢ ᠦᠭᠴᠦ ᠬᠤᠵᠢᠮ ᠤᠨ ᠳᠠᠷᠬᠠᠨ ᠬᠤᠰᠢᠭᠤᠨ ᠣ ᠪᠦᠷᠢᠯᠳᠦᠬᠦ ᠶᠢ ᠳᠠᠭᠠᠯᠳᠣᠨ ᠬᠤᠷᠴᠢᠨ ᠵᠡᠭᠦᠨ ᠭᠠᠷᠣᠢᠨ ᠳᠣᠮᠳᠠᠳᠣ ᠬᠣᠰᠢᠭᠣᠨ ᠣ ᠠᠷᠣ ᠮᠠᠩᠬᠠᠨ ᠣ ᠵᠠᠰᠠᠭᠲᠣ ᠯᠠᠮᠠ ᠶᠢᠨ ᠬᠡᠢᠳ ᠪᠤᠯᠤᠨ ᠬᠤᠪᠢᠷᠠᠵᠤ ᠳᠣᠯᠣᠳᠣᠭᠠᠷ ᠳᠦᠷᠢ ᠶᠢᠨ ᠯᠠᠮᠠ ᠳᠠᠷᠬᠠᠨ ᠪᠠᠨᠳᠢᠳᠠ ᠬᠡᠮᠡᠨ ᠴᠤᠯᠯᠠᠵᠤ ᠲᠦᠷᠦᠭᠦᠦ ᠳᠦᠷᠢ ᠭᠡᠭᠡᠨ ᠢᠶᠡᠷ ᠡᠷᠭᠦᠮᠵᠢᠯᠡᠭᠳᠡᠵᠦ ᠡᠮᠦᠨ᠎ᠡ ᠵᠢᠷᠭᠤᠭᠠᠨ ᠳᠦᠷᠢ ᠨᠢ ᠨᠡᠬᠡᠮᠵᠢᠯᠡᠨ ᠡᠷᠭᠦᠮᠵᠢᠯᠡᠭᠳᠡᠵᠦ ᠮᠠᠨᠵᠣᠰᠢᠷᠢ ᠸᠠᠩ ᠤᠨ ᠰᠢᠲᠦᠭᠡᠨᠲᠦ ᠯᠠᠮᠠ ᠪᠤᠯᠵᠤ ᠪᠠᠰᠠ︽ᠳᠣᠭᠰᠢᠨ ᠬᠠᠷ᠎ᠠ ᠯᠠᠮᠠ ︾ ᠬᠡᠮᠡᠨ ᠳᠠᠭᠤᠳᠠᠵᠤ ᠪᠠᠢᠪᠠ᠃ ᠳᠠᠷᠬᠠᠨ ᠸᠠᠩ ᠤᠨ ᠠᠬ᠎ᠠ ᠨᠢ ᠶᠠᠭ ᠲᠡᠷᠡ ᠦᠶ᠎ᠡ ᠳ᠋ᠥ ᠭᠡᠷ ᠦᠨ ᠰᠦᠮ᠎ᠡ ᠳ᠋ᠥ ᠪᠠᠨ ᠡᠷᠳᠡᠮᠲᠦ ᠯᠠᠮᠠ ᠡᠷᠢᠵᠦ ᠨᠣᠮ ᠠᠢᠯᠠᠳᠠᠭᠤᠯᠬᠤ ᠭᠡᠵᠦ ᠪᠠᠢᠭᠰᠠᠨ ᠲᠤᠯᠠ ᠳᠠᠷᠬᠠᠨ ᠪᠠᠨᠳᠢᠳᠠ ᠭᠡᠭᠡᠨ ᠢ ᠵᠠᠯᠠᠵᠤ ᠨᠤᠮ ᠠᠢᠯᠠᠳᠠᠭᠣᠯᠣᠭᠰᠠᠨ ᠣ ᠣᠴᠢᠷ ᠠᠴᠠ ᠵᠣᠷᠢᠭᠲᠤ ᠴᠢᠨ ᠸᠠᠩ ᠦᠭ᠌ᠱᠠᠨ ᠦᠨᠡᠬᠡᠷ ᠡᠷᠳᠡᠨᠢ ᠪᠠᠢᠨ᠎ᠠ ᠬᠡᠮᠡᠨ ᠮᠠᠭᠲᠠᠵᠤ ᠳᠠᠷᠬᠠᠨ ᠡᠷᠳᠡᠨᠢ ᠪᠠᠨᠳᠢᠳᠠ ᠬᠡᠮᠡᠨ ᠴᠤᠯᠯᠠᠭᠰᠠᠨ ᠪᠠᠢᠨ᠎ᠠ᠃ ᠲᠣᠰ ᠯᠠᠮᠠ ᠶᠢᠨ ᠬᠤᠶᠠᠳᠣᠭᠠᠷ ᠳᠦᠷᠢ ᠨᠢ ᠦᠨᠳᠦᠷ ᠸᠠᠩ ᠤᠨ ᠬᠤᠷᠤᠭ᠎ᠠ ᠤᠷᠴᠢᠨ ᠲᠦᠷᠦᠯ ᠠᠷᠠᠯᠵᠢᠵᠣ ᠪᠠᠷᠠᠭᠤᠨ ᠣᠷᠣᠨ ᠳ᠋ᠥ ᠨᠤᠮ ᠰᠣᠷᠣᠵᠣ ᠢᠷᠡᠭᠡᠳ ᠭᠡᠷ ᠲᠦ ᠪᠠᠨ ᠲᠦᠷᠬᠦᠮᠴᠢᠯᠡᠬᠦ ᠪᠡᠷ ᠣᠴᠢᠬᠤ ᠳ᠋ᠥ ᠦᠨᠳᠦᠷ ᠸᠠᠩ ᠲᠠᠢ ᠬᠠᠷᠭᠤᠵᠤ ᠸᠠᠩ ᠱᠣᠭᠯᠠᠭᠰᠠᠨ ᠣ ᠣᠴᠢᠷ ᠠᠴᠠ ᠭᠡᠭᠡᠨ ᠷᠢᠳᠢ ᠰᠢᠳᠢ ᠦᠵᠡᠭᠦᠯᠦᠨ ᠸᠠᠩ ᠪᠢᠰᠢᠷᠡᠵᠦ ᠸᠠᠩ ᠤᠨ ᠬᠤᠷᠤᠭᠠᠨ ᠳ᠋ᠥ ᠪᠠᠨ ᠵᠠᠯᠠᠨ ᠬᠤᠷᠣᠭᠠᠨ ᠰᠦᠮ᠎ᠡ ᠬᠡᠮᠡᠨ ᠰᠦᠮ᠎ᠡ ᠪᠠᠷᠢᠵᠣ ᠦᠭᠴᠡᠢ᠃ ᠬᠤᠵᠢᠮ ᠨᠢᠡ ᠭᠡᠭᠡᠨ ᠣ ᠬᠠᠪᠤᠷᠵᠢᠶ᠎ᠠ ᠪᠤᠯᠤᠨ ᠬᠤᠪᠢᠷᠠᠵᠤ ᠪᠠᠢᠪᠠ᠃ ᠭᠡᠭᠡᠨ ᠣ ᠭᠤᠷᠪᠠᠳᠣᠭᠠᠷ ᠳᠦᠷᠢ ᠨᠢ ᠳᠠᠷᠬᠠᠨ ᠸᠠᠩ ᠤᠨ ᠭᠡᠷ ᠪᠦᠯᠢ ᠳ᠋ᠥ ᠲᠦᠷᠦᠯ ᠠᠷᠠᠯᠵᠢᠵᠤ᠂ ᠵᠡᠭᠦᠨ ᠭᠡᠭᠡᠨ᠂ ᠮᠤᠷᠢᠨ ᠭᠡᠭᠡᠨ ᠠᠬ᠎ᠠ ᠳᠡᠭᠦᠦ ᠭᠤᠷᠪᠠᠭᠤᠯᠠ ᠪᠠᠢᠪᠠ᠃ ᠭᠤᠷᠪᠠᠳᠣᠭᠠᠷ ᠭᠡᠭᠡᠨ ᠸᠠᠩ ᠤᠨ ᠭᠡᠷ ᠪᠦᠯᠢ ᠳ᠋ᠥ ᠲᠦᠷᠦᠭᠰᠡᠨ ᠣ ᠣᠴᠢᠷ ᠠᠴᠠ ᠲᠣᠭᠰᠢᠨ ᠪᠠᠢᠵᠣ ᠭᠣᠷᠪᠠᠳᠣᠭᠠᠷ ᠸᠠᠩ ᠪᠠᠨᠳᠢ ᠶᠢ ᠴᠦ ᠴᠣᠬᠢᠳᠠᠭ ᠪᠠᠢᠯ᠎ᠠ᠃ ᠬᠤᠵᠢᠮ ᠨᠢ ᠡᠩᠬᠡ ᠠᠮᠣᠭᠣᠯᠠᠩ ᠬᠠᠭᠠᠨ ᠬᠣᠷᠴᠢᠨ ᠳ᠋ᠥ ᠰᠠᠭᠠᠲᠠᠭᠠᠳ ᠠᠩ ᠳ᠋ᠥ ᠶᠠᠪᠤᠵᠤ ᠡᠵᠡᠨ ᠬᠡᠢᠳ ᠦᠨ ᠣᠷᠴᠢᠮ ᠪᠤᠭᠤ ᠠᠪᠠᠯᠠᠵᠤ ᠪᠠᠢᠭᠠᠳ ᠭᠡᠭᠡᠨ ᠲᠠᠢ ᠬᠠᠷᠭᠤᠵᠤ ᠭᠡᠭᠡᠨ ᠬᠠᠭᠠᠨ ᠢ ᠦᠵᠡᠨ ᠵᠤᠯᠭᠤᠭᠰᠠᠨ ᠦᠭᠡᠢ ᠡᠴᠡ ᠬᠠᠭᠠᠨ ᠦᠵᠡᠵᠦ ᠶᠡᠬᠡᠲᠡ ᠬᠢᠯᠢᠩᠯᠡᠵᠦ ᠠᠯᠠᠬᠤ ᠭᠡᠰᠡᠨ ᠳ᠋ᠥ ᠭᠡᠭᠡᠨ ᠡᠷᠳᠡᠮ ᠦᠵᠡᠭᠦᠯᠵᠦ ᠦᠭᠡᠢ ᠪᠤᠯᠤᠭᠰᠠᠨ ᠠᠴᠠ ᠬᠠᠭᠠᠨ ᠠᠷᠭ᠎ᠠ ᠮᠤᠬᠤᠷᠳᠠᠨ ᠡᠷᠢᠵᠦ ᠶᠠᠪᠤᠵᠤ ᠪᠠᠢᠭᠰᠠᠭᠠᠷ ᠪᠤᠭᠤ ᠤᠯᠠᠨ ᠭᠠᠵᠠᠷ ᠣᠴᠢᠵᠤ ᠵᠠᠮ ᠨᠢ ᠮᠣᠬᠣᠷᠳᠠᠭᠠᠳ ᠭᠠᠷᠬᠤ ᠵᠠᠮ ᠦᠭᠡᠢ ᠪᠤᠯᠤᠭᠰᠠᠨ ᠠᠴᠠ ᠭᠡᠭᠡᠨ ᠬᠠᠭᠠᠨ ᠡᠵᠡᠨ ᠢ ᠰᠦᠮ᠎ᠡ ᠤᠷᠤᠭᠤ ᠪᠠᠨ ᠠᠪᠤᠭᠠᠳ ᠣᠷᠣᠭᠰᠠᠨ ᠠᠴᠠ ᠡᠵᠡᠨ ᠬᠠᠭᠠᠨ ᠶᠡᠬᠡᠳᠡ ᠰᠡᠳᠭᠢᠯ ᠳᠤᠭᠳᠤᠯᠵᠤ ᠳᠠᠷᠬᠠᠨ ᠳᠠᠢᠴᠢᠩ ᠪᠠᠨᠳᠢᠳᠠ ᠬᠤᠳᠤᠭᠲᠤ︽ ᠳᠠᠢᠴᠢᠩ ᠴᠣᠯᠠ ᠬᠠᠢᠷᠠᠯᠠᠭᠰᠠᠨ︾ ᠬᠡᠮᠡᠨ ᠴᠤᠯᠠ ᠬᠠᠢᠷᠠᠯᠠᠭᠰᠠᠨ ᠪᠠᠢᠨ᠎ᠠ