-
114047
ᠬᠥᠷᠥᠩᠭᠡ ᠬᠣᠪᠢᠶᠠᠷᠠᠯᠠᠭᠴᠢ
2022-01-13 09:17
76
0
ᠦᠷᠳᠡᠭ ᠢᠶᠡᠷ ᠬᠤᠪᠢᠶᠠᠭᠰᠠᠨ ᠪᠤᠯᠬᠤᠷ
ᠬᠦᠷᠦᠨᠭᠭᠡᠳᠦ ᠠᠵᠤ ᠠᠬᠤᠢ ᠶᠢᠨ ᠴᠠᠭ
ᠤᠷᠤᠯᠭ᠎ᠠ ᠦᠭᠡᠢ ᠪᠤᠯᠬᠤ ᠦᠶ᠎ᠡ ᠳᠦ
ᠬᠦᠷᠦᠨᠭᠭᠡ ᠪᠤᠯ ᠦᠷᠡᠵᠢᠵᠦ ᠶᠠᠪᠤᠨ᠎ᠠ
ᠠᠵᠤ ᠠᠬᠤᠢᠯᠳᠠᠨ ᠬᠦᠮᠦᠨ ᠭᠡᠳᠡᠭ ᠪᠤᠯ
ᠬᠦᠷᠦᠨᠭᠭᠡ ᠶᠢ ᠲᠡᠩᠴᠡᠭᠦᠦ ᠬᠤᠪᠢᠶᠠᠬᠤ ᠤᠴᠢᠷ
ᠡᠬᠢ ᠪᠠᠶᠠᠯᠢᠭ ᠢ ᠰᠢᠨ᠎ᠡ ᠪᠡᠷ ᠲᠡᠭᠰᠢᠯᠡᠵᠦ
ᠬᠦᠮᠦᠨ ᠪᠦᠬᠦᠨ ᠳᠦ ᠡᠳᠡᠯᠡᠭᠦᠯᠬᠦ ᠠᠵᠢᠯ
ᠨᠢᠭᠡ ᠦᠶ᠎ᠡ ᠶᠢᠨ ᠬᠦᠮᠦᠰ ᠲᠦ
ᠨᠢᠭᠡ ᠦᠶ᠎ᠡ ᠶᠢᠨ ᠡᠭᠦᠷᠭᠡ ᠪᠠᠢᠳᠠᠭ
ᠨᠢᠭᠡ ᠶᠠᠩᠵᠤ ᠶᠢᠨ ᠨᠡᠢᠭᠡᠮ ᠳᠦ
ᠨᠢᠭᠡ ᠶᠠᠩᠵᠤ ᠶᠢᠨ ᠠᠵᠢᠯ ᠪᠠᠢᠳᠠᠭ ᠶᠤᠮ
ᠬᠦᠷᠦᠨᠭᠭᠡᠳᠦ ᠠᠵᠤ ᠠᠬᠤᠢ ᠪᠤᠯᠬᠤᠷ
ᠬᠦᠷᠦᠨᠭᠭᠡ ᠶᠢᠨ ᠦᠷᠡᠵᠢᠯᠳᠡ ᠪᠡᠷ ᠭᠤᠤᠯᠳᠠᠨ᠎ᠠ
ᠬᠦᠷᠦᠨᠭᠭᠡᠳᠡᠨ ᠬᠦᠷᠦᠨᠭᠭᠡ ᠬᠤᠳᠠᠯᠳᠤᠭᠴᠢ ᠠᠴᠠ ᠤᠨᠳᠤᠤ
ᠬᠦᠷᠦᠨᠭᠭᠡ ᠬᠤᠪᠢᠶᠠᠷᠠᠯᠠᠭᠴᠢ ᠭᠡᠵᠦ ᠢᠯᠡᠷᠡᠨ᠎ᠡ
ᠪᠤᠳᠠᠭᠠᠨ ᠫᠢᠶᠤᠤ ᠪᠦᠰ ᠦᠨ ᠫᠢᠶᠤᠤ
ᠲᠦᠯᠦᠪᠯᠡᠭᠡᠳᠦ ᠨᠡᠢᠭᠡᠮ ᠦᠨ ᠲᠡᠮᠳᠡᠭ
ᠪᠠᠢᠳᠠᠭ ᠪᠦᠬᠦᠨ ᠢ ᠠᠳᠠᠯᠢ ᠬᠤᠪᠢᠶᠠᠬᠤ
ᠲᠠᠷᠤᠭ᠎ᠠ ᠨᠤᠶᠠᠳ ᠤᠨ ᠠᠵᠢᠯ ᠶᠤᠮ
ᠵᠤᠭᠤᠰ ᠮᠦᠨᠭᠭᠦ ᠴᠠᠯᠢᠩ ᠬᠦᠯᠦᠰᠤ
ᠵᠠᠬ᠎ᠠ ᠲᠡᠯᠭᠡᠭᠦᠷ ᠦᠨ ᠨᠡᠢᠭᠡᠮ ᠦᠨ ᠲᠡᠮᠳᠡᠭ
ᠬᠦᠳᠡᠯᠮᠦᠷᠢ ᠶᠢᠨ ᠬᠢᠷᠢ ᠪᠡᠷ ᠬᠤᠪᠢᠶᠠᠬᠤ
ᠬᠦᠷᠦᠩᠭᠡᠳᠡᠨ ᠠᠷᠠᠯᠵᠢᠶᠠᠴᠢᠨ ᠤ ᠠᠵᠢᠯ
ᠲᠤᠭ᠎ᠠ ᠬᠡᠮᠵᠢᠶ᠎ᠡ ᠲᠠᠪᠴᠠᠩ ᠦᠢᠯᠡᠴᠢᠯᠡᠭᠡ
ᠬᠦᠷᠦᠨᠭᠭᠡᠳᠦ ᠨᠡᠢᠭᠡᠮ ᠦᠨ ᠲᠡᠮᠳᠡᠭ ᠮᠦᠨ
ᠲᠡᠩᠴᠡᠭᠦᠷᠢᠳᠠᠢ ᠰᠠᠢᠬᠠᠨ ᠬᠤᠪᠢᠶᠠᠬᠤ
ᠬᠦᠷᠦᠨᠭᠭᠡ ᠬᠤᠪᠢᠶᠠᠷᠠᠯᠠᠭᠴᠢ ᠶᠢᠨ ᠠᠵᠢᠯ
ᠤᠯᠤᠰ ᠲᠦᠷᠦ ᠪᠡᠷ ᠭᠤᠤᠯ ᠪᠤᠯᠭᠠᠭᠰᠠᠨ
ᠠᠩᠬᠠᠨ ᠤ ᠦᠢᠯᠡᠳᠪᠦᠷᠢᠯᠡᠯ ᠦᠨ ᠬᠡᠯᠪᠡᠷᠢ
ᠦᠢᠯᠡᠳᠪᠦᠷᠢ ᠺᠤᠮᠫᠠᠨᠢ ᠪᠠᠷ ᠭᠤᠤᠯ ᠪᠤᠯᠭᠠᠭᠰᠠᠨ
ᠤᠳᠤ ᠶᠢᠨ ᠦᠢᠯᠡᠳᠪᠦᠷᠢᠯᠡᠯ ᠦᠨ ᠬᠡᠯᠪᠡᠷᠢ
ᠬᠦᠮᠦᠨ ᠢᠶᠡᠷ ᠭᠤᠤᠯ ᠪᠤᠯᠭᠠᠭᠰᠠᠨ
ᠢᠷᠡᠭᠡᠳᠦᠢ ᠶᠢᠨ ᠦᠢᠯᠡᠳᠪᠦᠷᠢᠯᠡᠯ ᠦᠨ ᠬᠡᠯᠪᠡᠷᠢ
ᠬᠦᠷᠦᠨᠭᠭᠡ ᠶᠢᠨ ᠬᠤᠪᠢᠶᠠᠷᠠᠯᠠᠯᠳᠠ ᠪᠤᠯ
ᠡᠴᠦᠰ ᠦᠨ ᠬᠤᠪᠢᠶᠠᠷᠠᠯᠠᠬᠤ ᠠᠷᠭ᠎ᠠ
ᠰᠢᠨ᠎ᠡ ᠲᠦᠷᠦᠯ ᠦᠨ ᠠᠵᠢᠯ ᠪᠤᠯᠬᠤᠷ
ᠰᠢᠨ᠎ᠡ ᠤᠨᠴᠠᠯᠢᠭ ᠰᠢᠨᠵᠢ ᠲᠠᠢ ᠶᠤᠮ
ᠰᠢᠨ᠎ᠡ ᠬᠦᠭᠵᠢᠯᠳᠡ ᠶᠢᠨ ᠬᠡᠯᠪᠡᠷᠢ ᠪᠤᠯᠬᠤᠷ
ᠰᠢᠨ᠎ᠡ ᠦᠷᠢᠰᠦᠯᠳᠦᠭᠡᠨ ᠤᠴᠠᠷᠠᠬᠤ ᠪᠤᠯᠤᠨ᠎ᠠ
ᠡᠭᠡᠯ ᠠᠷᠠᠳ ᠪᠦᠬᠦᠨ ᠤᠷᠤᠯᠴᠠᠵᠤ ᠤᠴᠢᠷ
ᠢᠳᠡᠭᠡᠬᠦ ᠦᠭᠡᠢ ᠬᠦᠮᠦᠨ ᠤᠯᠠᠨ ᠶᠤᠮ
ᠡᠭᠦᠷ ᠲᠦ ᠲᠠᠰᠤᠭᠰᠠᠨ ᠰᠢᠪᠠᠭᠤ ᠨᠢᠰᠬᠦ ᠶᠢ
ᠡᠪᠡᠳᠴᠢᠨ ᠲᠠᠢ ᠭᠡᠵᠦ ᠪᠤᠳᠤᠳᠠᠭ ᠶᠤᠮ
ᠠᠶᠠᠭ᠎ᠠ ᠲᠦᠭᠦᠷᠢᠭ ᠪᠤᠳᠠᠭ᠎ᠠ ᠲᠠᠢ ᠬᠦᠮᠦᠨ
ᠪᠠᠷᠠᠬᠤ ᠶᠢᠨ ᠵᠤᠪᠠᠯᠠᠩ ᠢ ᠮᠡᠳᠡᠬᠦ ᠦᠭᠡᠢ ᠶᠤᠮ
ᠠᠷᠭ᠎ᠠ ᠦᠭᠡᠢ ᠦᠴᠦᠬᠡᠨ ᠠᠵᠢᠯ ᠭᠡᠵᠦ
ᠪᠠᠰᠤᠵᠤ ᠬᠠᠷᠠᠳᠠᠭ ᠨᠢ ᠤᠯᠠᠨ ᠶᠤᠮ
ᠢᠯᠡ ᠪᠠᠢᠳᠠᠭ ᠢᠶᠠᠨ ᠪᠠᠶᠠᠷᠬᠠᠳᠠᠭ ᠬᠦᠮᠦᠨ
ᠲᠠᠯᠳᠠ ᠪᠠᠢᠬᠤ ᠶᠢ ᠮᠡᠳᠡᠬᠦ ᠦᠭᠡᠢ ᠶᠤᠮ
ᠦᠩᠭᠡᠨ ᠲᠠᠯ᠎ᠠ ᠶᠢ ᠦᠵᠡᠳᠡᠭ ᠬᠦᠮᠦᠨ
ᠲᠤᠳᠤᠷ᠎ᠠ ᠪᠠᠨ ᠡᠯᠡᠭᠯᠡᠵᠦ ᠰᠠᠭᠤᠳᠠᠭ ᠶᠤᠮ
ᠠᠮᠠ ᠬᠡᠯᠡ ᠶᠢ ᠲᠠᠭᠠᠭᠠᠬᠤ ᠦᠭᠡᠢ ᠪᠤᠯᠬᠤᠷ
ᠤᠯᠠᠩᠬᠢ ᠬᠦᠮᠦᠨ ᠠᠶᠤᠳᠠᠭ ᠶᠤᠮ
ᠠᠮᠳᠠᠯᠠᠵᠤ ᠲᠤᠷᠰᠢᠵᠤ ᠦᠵᠡᠬᠦ ᠦᠭᠡᠢ ᠪᠤᠯᠬᠤᠷ
ᠦᠨᠡᠨ ᠤᠬᠠᠭᠠᠨ ᠢ ᠨᠢ ᠤᠯᠬᠤ ᠦᠭᠡᠢ ᠶᠤᠮ
ᠰᠤᠷᠴᠤ ᠮᠡᠳᠡᠬᠦ ᠬᠡᠷᠡᠬᠳᠡᠢ ᠪᠤᠯᠬᠤᠷ
ᠵᠠᠯᠬᠠᠭᠤ ᠬᠦᠷᠬᠦ ᠨᠢ ᠤᠯᠠᠨ ᠶᠤᠮ
ᠰᠤᠯᠢᠭᠠᠢ ᠪᠤᠷᠤᠭᠤ ᠤᠢᠯᠠᠭᠠᠳᠠᠭ ᠪᠤᠯᠬᠤᠷ
ᠵᠠᠢᠯᠠᠵᠤ ᠭᠠᠷᠬᠤ ᠨᠢ ᠤᠯᠠᠨ ᠶᠤᠮ
ᠪᠡᠯᠡᠨ ᠢ ᠢᠳᠡᠵᠦ ᠰᠤᠷᠤᠭᠰᠠᠨ ᠪᠤᠯᠬᠤᠷ
ᠬᠦᠴᠢᠷ ᠡᠴᠡ ᠵᠠᠢᠯᠠᠬᠤ ᠨᠢ ᠤᠯᠠᠨ ᠶᠤᠮ
ᠪᠡᠶ᠎ᠡ ᠪᠡᠨ ᠲᠠᠭᠠᠭᠠᠬᠤ ᠵᠤᠷᠢᠭ ᠦᠭᠡᠢ ᠪᠤᠯᠬᠤᠷ
ᠬᠦᠨᠳᠦ ᠰᠢᠯᠭᠠᠯᠳᠠ ᠶᠢ ᠲᠠᠭᠠᠭᠠᠬᠤ ᠦᠭᠡᠢ ᠶᠤᠮ
ᠠᠮᠢ ᠠᠮᠢ ᠪᠠᠨ ᠲᠡᠵᠢᠭᠡᠵᠦ ᠰᠤᠷᠤᠭᠰᠠᠨ ᠠᠴᠠ
ᠤᠯᠠᠨ ᠲᠠᠢ ᠨᠡᠢᠯᠡᠬᠦ ᠶᠢ ᠮᠡᠳᠡᠬᠦ ᠦᠭᠡᠢ ᠶᠤᠮ
ᠦᠪᠡᠷ ᠦᠪᠡᠷᠳᠡᠭᠡᠨ ᠶᠠᠪᠤᠵᠤ ᠲᠠᠳᠤᠭᠰᠠᠨ ᠠᠴᠠ
ᠤᠯᠠᠨ ᠤ ᠠᠰᠢᠭ ᠢ ᠪᠤᠳᠤᠬᠤ ᠦᠭᠡᠢ ᠶᠤᠮ
ᠦᠭᠡᠳᠡᠯᠡᠵᠦ ᠶᠠᠪᠤᠬᠤ ᠵᠠᠮ ᠭᠡᠳᠡᠭ ᠢ
ᠴᠦᠬᠡᠨ ᠬᠦᠮᠦᠨ ᠨᠡᠭᠡᠭᠡᠳᠡᠭ ᠶᠤᠮ
ᠦᠭᠡᠷᠡᠴᠢᠯᠡᠯᠳᠡ ᠰᠢᠨᠡᠴᠢᠯᠡᠯᠳᠡ ᠭᠡᠳᠡᠭ ᠢ
ᠴᠢᠨᠠᠷ ᠲᠠᠢ ᠬᠦᠮᠦᠰ ᠦᠳ ᠬᠢᠳᠡᠭ ᠶᠤᠮ
ᠠᠮᠵᠢᠯᠳᠠ ᠤᠯᠬᠤ ᠵᠠᠮ ᠲᠡᠭᠡᠷ᠎ᠡ
ᠰᠢᠬᠠᠯᠴᠠᠬᠤ ᠬᠦᠮᠦᠨ ᠦᠭᠡᠢ ᠶᠤᠮ
ᠠᠯᠤᠰ ᠤᠨ ᠵᠠᠮ ᠢ ᠲᠤᠭᠤᠯᠬᠤ ᠳᠤ
ᠰᠡᠳᠭᠢᠯ ᠦᠨ ᠲᠠᠮᠢᠷ ᠢ ᠰᠢᠯᠭᠠᠨ᠎ᠠ
ᠵᠠᠭᠤᠨ ᠬᠦᠮᠦᠨ ᠦ ᠲᠤᠳᠤᠷ᠎ᠠ
ᠨᠢᠭᠡ ᠬᠦᠮᠦᠨ ᠦᠨᠡᠨ ᠢ ᠡᠷᠢᠨ᠎ᠡ
ᠵᠠᠭᠤᠨ ᠬᠦᠮᠦᠨ ᠦ ᠲᠤᠳᠤᠷ᠎ᠠ
ᠨᠢᠭᠡ ᠬᠦᠮᠦᠨ ᠡᠭᠦᠷᠭᠡ ᠶᠢ ᠪᠡᠶᠡᠯᠡᠭᠦᠯᠦᠨ᠎ᠡ
ᠲᠦᠷᠪᠡᠨ ᠳ᠋ᠦᠨᠭᠰᠢᠭᠤᠷ ᠬᠦᠮᠦᠨ
ᠢᠨᠭᠭᠢᠵᠦ ᠲᠠᠪᠰᠢᠬᠤ ᠬᠡᠷᠡᠭᠳᠡᠢ ᠪᠤᠯᠪᠠ
ᠲᠡᠤᠬᠡ ᠶᠢᠨ ᠬᠦᠨᠳᠦ ᠡᠭᠦᠷᠭᠡ ᠭᠡᠵᠦ
ᠡᠭᠦᠨ ᠢ ᠵᠢᠭᠠᠵᠤ ᠪᠠᠢᠳᠠᠭ ᠶᠤᠮ
ᠦᠬᠡᠷ ᠮᠠᠯ ᠤᠨ ᠬᠦᠷᠦᠨᠭᠭᠡ ᠭᠡᠳᠡᠭ
ᠦᠰᠬᠦ ᠲᠤᠭ᠎ᠠ ᠨᠢ ᠬᠢᠵᠠᠭᠠᠷᠳᠠᠢ
ᠦᠵᠡᠯ ᠰᠠᠨᠠᠭᠠᠨ ᠤ ᠬᠦᠷᠦᠨᠭᠭᠡ ᠭᠡᠳᠡᠭ
ᠦᠵᠦᠭᠦᠷ ᠬᠢᠵᠠᠭᠠᠷ ᠦᠭᠡᠢ ᠶᠤᠮ
ᠬᠤᠯᠠ ᠠᠴᠠ ᠤᠰᠤ ᠲᠠᠮᠨᠠᠬᠤ
ᠬᠤᠨᠤᠭ ᠤᠨ ᠠᠮᠢᠳᠤᠷᠠᠯ ᠢ ᠠᠷᠭᠠᠴᠠᠭᠠᠨ᠎ᠠ
ᠬᠤᠳᠳᠤᠭ ᠴᠤᠬᠢᠵᠤ ᠤᠰᠤ ᠢᠳᠡᠬᠦ
ᠬᠤᠵᠢᠮ ᠤᠨ ᠠᠮᠢᠳᠤᠷᠠᠯ ᠤᠨ ᠪᠠᠳᠤᠯᠠᠭ᠎ᠠ ᠮᠦᠨ
ᠦᠵᠡᠭᠳᠡᠵᠦ ᠪᠠᠢᠭ᠎ᠠ ᠶᠠᠭᠤᠮ᠎ᠠ ᠬᠦᠨᠡᠰᠦ
ᠠᠷᠪᠢᠯᠠᠵᠤ ᠪᠠᠢᠭᠰᠠᠨ ᠴᠦ ᠪᠠᠷᠠᠬᠤ ᠴᠠᠭ ᠲᠠᠢ
ᠦᠯᠦ ᠦᠵᠡᠭᠳᠡᠬᠦ ᠲᠠᠯᠳᠠ ᠶᠢᠨ ᠬᠦᠷᠦᠨᠭᠭᠡ
ᠠᠭᠤᠷᠬᠠᠢ ᠨᠡᠭᠡᠭᠡᠬᠦ ᠰᠢᠭ ᠪᠠᠷᠠᠭᠳᠠᠰᠢ ᠦᠭᠡᠢ
ᠬᠠᠷᠠᠭᠳᠠᠵᠤ ᠪᠠᠢᠬᠤ ᠪᠠᠨ ᠡᠳᠡᠯᠡᠬᠦ ᠭᠡᠳᠡᠭ
ᠬᠤᠪᠢᠨ ᠤ ᠪᠡᠶ᠎ᠡ ᠶᠢᠨ ᠠᠮᠢᠳᠤᠷᠠᠯ
ᠬᠦᠷᠦᠨᠭᠭᠡ ᠮᠦᠨᠭᠭᠦ ᠦᠰᠭᠡᠨ᠎ᠡ ᠭᠡᠳᠡᠭ
ᠬᠡᠤᠬᠡᠳ ᠬᠤᠢᠴᠢᠰ ᠤᠨ ᠠᠮᠢᠳᠤᠷᠠᠯ
ᠠᠰᠢᠭ ᠤᠷᠤᠯᠭ᠎ᠠ ᠤᠯᠤᠨ᠎ᠠ ᠭᠡᠳᠡᠭ
ᠦᠭᠡᠷ᠎ᠡ ᠬᠦᠮᠦᠨ ᠦ ᠦᠷᠳᠡᠭ ᠢ ᠤᠯᠬᠤ
ᠦᠷᠳᠡᠭ ᠦᠨ ᠤᠷᠤᠯᠭ᠎ᠠ ᠶᠢ ᠤᠯᠤᠨ᠎ᠠ ᠭᠡᠳᠡᠭ
ᠦᠪᠡᠷ ᠦᠨ ᠪᠡᠶ᠎ᠡ ᠶᠢᠨ ᠬᠦᠳᠡᠯᠮᠦᠷᠢ ᠮᠦᠨ
ᠢᠯᠡᠭᠦᠦ ᠦᠢᠯᠡᠳᠪᠦᠷᠢᠯᠡᠭᠰᠡᠨ ᠪᠤᠳᠠᠰ ᠨᠢ
ᠡᠵᠡᠨ ᠢᠶᠡᠨ ᠤᠯᠬᠤ ᠦᠭᠡᠢ ᠤᠪᠤᠭᠠᠷᠠᠵᠤ ᠪᠤᠢ
ᠦᠭᠡᠭᠦᠦ ᠶᠠᠳᠠᠭᠤ ᠠᠷᠠᠳ ᠤᠯᠠᠨ
ᠡᠭᠦᠨ ᠦ ᠲᠦᠯᠦᠭᠡ ᠵᠦᠳᠡᠷᠡᠵᠦ ᠪᠠᠢᠨ᠎ᠠ
ᠰᠠᠮᠠᠭᠤᠨ ᠴᠠᠭ ᠲᠦ ᠪᠤᠯᠪᠠᠯ
ᠰᠠᠢᠨ ᠡᠷ᠎ᠡ ᠭᠠᠷᠳᠠᠭ ᠶᠤᠮ
ᠠᠶᠤᠯ ᠲᠦᠭᠰᠢᠭᠦᠷᠢ ᠶᠢᠨ ᠲᠤᠮᠳᠠ
ᠠᠵᠠ ᠲᠤᠬᠢᠶᠠᠯ ᠤᠷᠤᠰᠢᠳᠠᠭ ᠶᠤᠮ
ᠡᠨᠡ ᠤᠳᠠᠭᠠᠨ ᠤ ᠬᠢᠵᠢᠭ ᠡᠪᠡᠳᠴᠢᠨ
ᠬᠤᠶᠠᠷ ᠵᠤᠢᠯ ᠤᠨ ᠶᠠᠭᠤᠮ᠎ᠠ ᠶᠢ ᠲᠠᠨᠢᠭᠤᠯᠪᠠ
ᠡᠷᠬᠡ ᠴᠢᠯᠦᠭᠡ ᠡᠷᠡᠭᠦᠯ ᠴᠢᠬᠢᠷᠠᠭ ᠬᠤᠶᠠᠷ
ᠬᠠᠮᠤᠭ ᠠᠴᠠ ᠴᠢᠬᠤᠯᠠ ᠵᠤᠢᠯ ᠮᠦᠨ
ᠡᠪᠡᠳᠴᠢᠨ ᠡᠮᠬᠡᠭ ᠭᠡᠳᠡᠭ ᠶᠠᠭᠤᠮ᠎ᠠ ᠶᠢ
ᠤᠷᠢᠳᠴᠢᠯᠠᠵᠤ ᠰᠡᠷᠭᠡᠢᠯᠡᠬᠦ ᠨᠢ ᠵᠤᠬᠢᠰᠳᠠᠢ
ᠬᠦᠳᠡᠯᠮᠦᠷᠢ ᠬᠦᠴᠦᠨ ᠦ ᠬᠢᠵᠠᠭᠠᠷᠳᠠᠢ ᠤᠷᠤᠯᠭ᠎ᠠ ᠠᠴᠠ
ᠬᠦᠷᠦᠨᠭᠭᠡ ᠮᠦᠨᠭᠭᠦᠨ ᠦ ᠴᠢᠯᠦᠭᠡ ᠲᠠᠢ ᠤᠷᠤᠯᠭ᠎ᠠ ᠴᠢᠬᠤᠯᠠ