-
103369
《 ᠬᠥᠮᠦᠨ ᠲᠥᠷᠥᠯᠬᠢᠲᠡᠨ ᠦ ᠲᠣᠪᠴᠢ ᠲᠡᠦᠬᠡ 》᠃《人类简史》
2023-09-15 09:11
84
0
ᠵᠣᠬᠢᠶᠠᠭᠴᠢ ᠶᠦᠸᠠᠷ ᠡᠾᠸᠷᠠᠯᠢ 《 ᠬᠥᠮᠦᠨ ᠲᠥᠷᠥᠯᠬᠢᠲᠡᠨ ᠦ ᠲᠣᠪᠴᠢ ᠲᠡᠦᠬᠡ 》 ᠶᠢᠨ ᠳᠠᠷᠠᠭ᠎ᠠ ᠵᠠᠯᠭᠠᠭ᠎ᠠ ᠪᠠᠷ 《 ᠢᠷᠡᠭᠡᠳᠦᠶ ᠶᠢᠨ ᠲᠣᠪᠴᠢ ᠲᠡᠦᠬᠡ 》 ᠂ 《 ᠥᠨᠥᠳᠦᠷ ᠦᠨ ᠲᠣᠪᠴᠢ ᠲᠡᠦᠬᠡ 》 ᠶᠢ ᠨᠡᠶᠢᠲᠡᠯᠡᠨ ᠂ ᠨᠢᠭᠡᠨ ᠢᠵᠢ ᠪᠦᠷᠢᠨ ᠪᠦᠲᠦᠨ 《 ᠬᠥᠮᠦᠨ ᠲᠥᠷᠥᠯᠬᠢᠲᠡᠨ ᠦ ᠲᠣᠪᠴᠢ ᠲᠡᠦᠬᠡ 》 ᠶᠢ ᠪᠦᠷᠢᠯᠳᠦᠭᠦᠯᠵᠡᠶ᠃ ᠡᠨᠡ ᠭᠤᠷᠪᠠᠨ ᠵᠣᠬᠢᠶᠠᠯ ᠳᠤ ᠬᠥᠮᠦᠨ ᠲᠥᠷᠥᠯᠬᠢᠲᠡᠨ ᠬᠠᠮᠢᠭ᠎ᠠ ᠠᠴᠠ ᠢᠷᠡᠭᠰᠡᠨ ᠂ ᠬᠥᠮᠦᠨ ᠲᠥᠷᠥᠯᠬᠢᠲᠡᠨ ᠬᠠᠮᠢᠭᠠᠰᠢ ᠪᠠᠨ ᠶᠠᠪᠤᠬᠤ ᠂ ᠬᠥᠮᠦᠨ ᠲᠥᠷᠥᠯᠬᠢᠲᠡᠨ ᠳᠦ ᠣᠳᠣᠬᠠᠨ ᠳᠤ ᠲᠤᠯᠭᠠᠷᠠᠵᠤ ᠪᠠᠶᠢᠭ᠎ᠠ ᠥᠷᠢᠰᠥᠯᠳᠦᠭᠡᠨ ᠭᠡᠬᠦ ᠭᠤᠷᠪᠠᠨ ᠶᠡᠬᠡ ᠠᠰᠠᠭᠤᠳᠠᠯ ᠢ ᠲᠤᠰ ᠲᠤᠰ ᠰᠢᠨᠵᠢᠯᠡᠨ ᠰᠤᠳᠤᠯᠵᠠᠢ ᠰᠤᠳᠤᠯᠤᠭᠰᠠᠨ ᠪᠢᠯᠡ᠃ ᠲᠤᠰ ᠨᠣᠮ ᠨᠢ 30 ᠭᠠᠷᠤᠶ ᠵᠦᠢᠯ ᠦᠨ ᠬᠡᠯᠡ ᠪᠡᠷ ᠣᠷᠴᠢᠭᠤᠯᠤᠭᠳᠠᠵᠤ ᠂ ᠪᠦᠬᠦ ᠪᠥᠮᠪᠥᠷᠴᠡᠭ ᠤᠨ ᠬᠡᠪᠴᠢᠶᠡᠨ ᠤ ᠬᠠᠮᠤᠭ ᠤᠨ ᠣᠯᠠᠨ ᠤᠩᠰᠢᠭᠴᠢᠳ ᠲᠠᠢ ᠨᠣᠮ ᠪᠣᠯᠣᠭᠰᠠᠨ᠂《ᠰᠢᠳᠢᠲᠦ ᠪᠦᠲᠦᠭᠡᠯ 》 ᠪᠦᠲᠦᠭᠡᠯ ᠪᠣᠯᠣᠨ᠎ᠠ᠃
ᠥᠨᠥᠳᠦᠷ ᠲᠠ ᠨᠠᠷ ᠲᠠ 《 ᠬᠥᠮᠦᠨ ᠲᠥᠷᠥᠯᠬᠢᠲᠡᠨ ᠦ ᠲᠣᠪᠴᠢ ᠲᠡᠦᠬᠡ ᠭᠤᠷᠪᠠᠯᠠᠭᠰᠠᠨ ᠵᠣᠬᠢᠶᠠᠯ 》 ᠳᠠᠬᠢ 85 ᠰᠣᠩᠭᠣᠳᠠᠭ ᠥᠭᠦᠯᠡᠪᠦᠷᠢ ᠶᠢ ᠡᠮᠬᠢᠳᠬᠡᠵᠦ ᠂ ᠣᠯᠠᠨ ᠳᠤ ᠲᠣᠯᠢᠯᠠᠭᠤᠯᠵᠤ ᠪᠠᠶᠢᠨ᠎ᠠ᠃
01
《 ᠬᠥᠮᠦᠨ ᠲᠥᠷᠥᠯᠬᠢᠲᠡᠨ ᠦ ᠲᠣᠪᠴᠢ ᠲᠡᠦᠬᠡ 》᠃《人类简史》
1. ᠬᠠᠷᠢᠯᠴᠠᠨ ᠲᠠᠨᠢᠯᠴᠠᠬᠤ ᠦᠭᠡᠢ ᠤᠯᠠᠨ ᠬᠥᠮᠦᠰ᠂ ᠶᠠᠮᠠᠷ ᠨᠢᠭᠡᠨ ᠤᠴᠠᠷ ᠳᠡᠭᠡᠷ᠎ᠡ ᠰᠡᠳᠬᠢᠯ ᠨᠢᠭᠡᠳᠴᠦ ᠬᠠᠷᠢᠯᠴᠠᠨ ᠢᠲᠡᠭᠡᠯ ᠲᠠᠢ ᠪᠣᠯᠪᠠᠯ ᠳᠠᠷᠤᠢ ᠬᠠᠮᠲᠤᠷᠠᠨ ᠠᠵᠢᠯᠯᠠᠵᠤ ᠪᠣᠯᠤᠨ᠎ᠠ᠃
2. ᠬᠡᠷᠪᠡ ᠢᠲᠡᠭᠡᠯ ᠦᠭᠡᠢ ᠪᠣᠯ ᠠᠷᠠᠯᠵᠢᠶ᠎ᠠ ᠪᠠᠢᠬᠤ ᠪᠣᠯᠤᠯᠴᠠᠭ᠎ᠠ ᠦᠭᠡᠢ ᠂ ᠲᠠᠨᠢᠯ ᠪᠤᠰᠤ ᠬᠥᠮᠦᠨ ᠢ ᠢᠲᠡᠭᠡᠵᠦ ᠠᠷᠠᠯᠵᠢᠶ᠎ᠠ ᠬᠢᠨ᠎ᠡ ᠭᠡᠳᠡᠭ ᠮᠠᠰᠢ ᠪᠡᠷᠬᠡ ᠠᠰᠠᠭᠤᠳᠠᠯ ᠪᠢᠯᠡ᠃
3 ᠬᠥᠮᠦᠨ ᠲᠥᠷᠥᠯᠬᠢᠲᠡᠨ ᠪᠠ ᠬᠥᠮᠦᠨ ᠬᠠᠷ᠎ᠠ ᠭᠥᠷᠥᠭᠡᠰᠦ ᠶᠢᠨ ᠬᠣᠭᠣᠷᠣᠨᠳᠣᠬᠢ ᠵᠢᠩᠬᠢᠨᠢ ᠠᠳᠠᠯᠢ ᠪᠤᠰᠤ ᠭᠠᠵᠠᠷ ᠭᠡᠪᠡᠯ ᠲᠡᠳᠡᠭᠡᠷ ᠵᠣᠬᠢᠶᠠᠮᠠᠯ ᠥᠯᠢᠭᠡᠷ ᠦᠳ ᠪᠣᠯᠤᠨ᠎ᠠ ᠂ ᠲᠡᠷᠡ ᠨᠢ ᠶᠠᠭ ᠴᠠᠪᠠᠸ ᠰᠢᠭ᠋ ᠲᠦᠭ ᠲᠦᠮᠡᠨ ᠬᠥᠮᠦᠨ ᠂ ᠬᠡᠷ ᠪᠦᠯᠢ ᠶᠢ ᠨᠢᠭᠡᠳᠦᠮᠡᠯ ᠴᠣᠭᠴᠠ ᠪᠣᠯᠭᠠᠵᠠᠢ ᠃ ᠡᠶᠢᠮᠦᠷᠬᠦ ᠨᠢᠭᠡᠳᠦᠮᠡᠯ ᠴᠣᠭᠴᠠ ᠨᠢ ᠪᠢᠳᠡᠨ ᠢ ᠲᠦᠮᠡᠨ ᠪᠣᠳᠠᠰ ᠤᠨ ᠡᠵᠡᠨ ᠪᠣᠯᠭᠠᠭᠰᠠᠨ ᠪᠢᠯᠡ᠃
4 . ᠬᠥᠮᠦᠨ ᠲᠥᠷᠥᠯᠬᠢᠲᠡᠨ ᠤᠷᠭᠤᠮᠠᠯ ᠢ ᠨᠣᠮᠣᠬᠠᠳᠬᠠᠵᠤ ᠴᠢᠳᠠᠴᠢᠬᠠᠯ᠎ᠠ ᠭᠡᠵᠦ ᠪᠣᠳᠣᠳᠠᠭ ᠂ ᠭᠡᠪᠡᠴᠦ ᠦᠨᠡᠨ ᠳᠡᠭᠡᠨ ᠤᠷᠭᠤᠮᠠᠯ ᠨᠢ ᠣᠶᠤᠨ ᠤᠬᠠᠭᠠᠨ ᠲᠠᠶ ᠬᠥᠮᠦᠨ ᠢ ᠨᠣᠮᠣᠬᠠᠳᠬᠠᠵᠤ ᠴᠢᠳᠠᠵᠠᠶ᠃
5 . ᠡᠯ᠎ᠡ ᠵᠦᠢᠯ ᠦᠨ ᠠᠮᠢᠳᠤᠷᠠᠯ ᠢ ᠳᠥᠭᠥᠮ ᠪᠣᠯᠭᠠᠬᠤ ᠭᠡᠰᠡᠨ ᠴᠢᠷᠮᠠᠢᠯᠭ᠎ᠠ ᠨᠢ ᠬᠠᠷᠢᠨ ᠭᠡᠳᠡᠷᠭᠦ ᠪᠡᠨ ᠬᠥᠮᠦᠨ ᠳᠦ ᠬᠢᠵᠠᠭᠠᠷ ᠦᠭᠡᠢ ᠶᠠᠷᠰᠢᠭ ᠠᠪᠴᠢᠷᠠᠭᠰᠠᠨ ᠪᠠᠶᠢᠨ᠎ᠠ᠃
6 . ᠤᠭ ᠤᠨ ᠬᠡᠭᠡᠨᠴᠢᠷᠯᠡᠯ ᠦᠨ ᠡᠳ᠋ᠯᠡᠯ ᠦᠳ ᠨᠢ ᠡᠴᠦᠰ ᠲᠡᠬᠡᠨ ᠴᠢᠬᠤᠯᠠ ᠬᠡᠷᠡᠭᠴᠡᠭᠡᠨ ᠦ ᠵᠦᠢᠯ ᠪᠤᠯᠳᠠᠭ ᠪᠥᠭᠡᠳ ᠰᠢᠨ᠎ᠡ ᠡᠭᠦᠷᠭᠡ ᠲᠡᠶ ᠪᠣᠯᠳᠠᠭ᠃
7 . ᠤᠷᠢᠳᠠᠪᠠᠷ ᠢᠲᠡᠭᠡᠯ ᠪᠢᠰᠢᠷᠡᠯ ᠦᠨ ᠲᠥᠪ ᠢ ᠪᠤᠢ ᠪᠣᠯᠭᠠᠵᠤ ᠂ ᠳᠠᠷᠠᠭ᠎ᠠ ᠨᠢ ᠰᠠᠶ᠋ᠢ ᠲᠡᠭᠦᠨ ᠢ ᠲᠣᠭᠣᠷᠢᠨ ᠠᠵᠢᠯᠯᠠᠨ᠎ᠠ᠃
8 . ᠪᠢᠳᠡᠨ ᠦ ᠲᠠᠷᠢᠶᠠᠯᠠᠩ ᠤᠨ ᠬᠤᠪᠢᠰᠬᠠᠯ ᠠᠴᠠ ᠣᠯᠵᠤ ᠰᠣᠷᠣᠭᠰᠠᠨ ᠬᠠᠮᠤᠭ ᠤᠨ ᠴᠢᠬᠤᠯᠠ ᠵᠦᠢᠯ ᠭᠡᠪᠡᠯ ᠂ ᠵᠥᠪᠬᠡᠨ ᠤᠷᠭᠤᠮᠠᠯ ᠪᠣᠳᠠᠰ ᠤᠨ ᠳᠦᠷᠰᠦ ᠶᠢᠨ ᠬᠤᠪᠢᠰᠤᠯᠲᠠ ᠶᠢᠨ ᠲᠠᠯ᠎ᠠ ᠪᠠᠷ ᠬᠢ ᠠᠮᠵᠢᠯᠲᠠ ᠪᠣᠯᠣᠨ᠎ᠠ᠃ ᠪᠣᠳᠠᠭᠠᠯᠢ ᠪᠡᠶ᠎ᠡ ᠶᠢᠨ ᠵᠣᠯ ᠵᠢᠷᠭᠠᠯ ᠢ ᠲᠥᠯᠥᠭᠡᠯᠡᠵᠦ ᠳᠡᠶᠢᠯᠬᠦ ᠥᠬᠡᠶ ᠪᠠᠶᠢᠵᠤ ᠮᠡᠳᠡᠨ᠎ᠡ᠃
9 . ᠰᠡᠭᠦᠯᠴᠢ ᠶᠢᠨ ᠦᠶ᠎ᠡ ᠡᠴᠡ ᠡᠮᠦᠨ᠎ᠡ ᠂ ᠪᠦᠬᠦ ᠬᠥᠮᠦᠨ ᠠᠮᠠ ᠶᠢᠨ ᠶᠢᠰᠦᠨ ᠬᠤᠪᠢ ᠠᠴᠠ ᠳᠡᠭᠡᠭᠰᠢᠬᠢ ᠨᠢ ᠪᠦᠷ ᠲᠠᠷᠢᠶᠠᠴᠢᠨ ᠪᠠᠶᠢᠵᠤ ᠂ ᠨᠠᠷᠠᠨ ᠮᠠᠨᠳᠤᠬᠤᠶᠠ ᠠᠵᠢᠯᠯᠠᠵᠤ ᠂ ᠭᠠᠷ ᠬᠥᠯ ᠨᠢ ᠡᠪᠡᠷᠰᠢᠵᠦ᠃ ᠲᠡᠳᠡᠨ ᠦ ᠦᠢᠯᠡᠳᠪᠦᠷᠢᠯᠡᠵᠦ ᠭᠠᠷᠭᠠᠭᠰᠠᠨ ᠢᠯᠡᠭᠦᠴᠡ ᠠᠮᠤ ᠪᠤᠳᠠᠭ᠎ᠠ ᠨᠢ ᠥᠴᠦᠬᠡᠨ ᠨᠢᠭᠡ ᠪᠦᠯᠦᠭ ᠰᠤᠳᠤᠴᠤᠤᠯ ᠄ ᠤᠯᠤᠰ ᠤᠨ ᠸᠠᠩ ᠂ ᠨᠣᠶᠠᠳ ᠂ ᠪᠠᠶᠢᠯᠳᠤᠭᠴᠢ ᠂ ᠬᠠᠷ᠎ᠠ ᠯᠠᠮᠠ ᠂ ᠤᠷᠠᠯᠢᠭᠴᠢᠨ ᠪᠠ ᠪᠣᠳᠣᠯᠭᠠᠲᠠᠨ ᠢ ᠲᠡᠵᠢᠭᠡᠳᠡᠭ ᠂ ᠡᠳᠡᠭᠡᠷ ᠬᠥᠮᠥᠰ ᠱᠠᠰᠳᠢᠷ ᠲᠡᠦᠬᠡ᠂ ᠦᠯᠢᠭᠡᠷ ᠢ ᠪᠢᠴᠢᠳᠡᠭ᠃ ᠢᠩᠭᠢᠬᠦᠯᠡᠷ ᠲᠡᠦᠬᠡ ᠪᠢᠳᠡᠨ ᠳᠦ ᠵᠥᠪᠬᠡᠨ ᠲᠤᠶᠢᠯ ᠤᠨ ᠴᠥᠭᠡᠨ ᠲᠣᠭᠠᠨ ᠤ ᠬᠥᠮᠦᠰ ᠦᠨ ᠶᠠᠭᠤ ᠬᠢᠵᠦ ᠪᠠᠶᠢᠭᠰᠠᠨ ᠢ ᠯᠠ ᠬᠡᠯᠡᠵᠦ ᠥᠭᠳᠡᠭ ᠂ ᠭᠡᠲᠡᠯ᠎ᠡ ᠪᠤᠰᠤᠳ ᠵᠣᠩᠬᠢᠯᠠᠬᠤ ᠤᠯᠠᠨ ᠲᠣᠭᠠᠨ ᠤ ᠬᠥᠮᠦᠰ ᠦᠨ ᠠᠮᠢᠳᠤᠷᠠᠯ ᠪᠣᠯ ᠲᠠᠰᠤᠷᠠᠯᠳᠠ ᠦᠭᠡᠢ ᠤᠰᠤ ᠲᠠᠮᠨᠠᠨ ᠲᠠᠷᠢᠶ᠎ᠠ ᠲᠠᠷᠢᠵᠤ ᠠᠮᠢᠳᠤ ᠶᠠᠪᠤᠬᠤ ᠪᠠᠨ ᠠᠷᠭᠠᠴᠠᠭᠳᠠᠭ᠃
10 . ᠲᠥᠰᠦᠭᠡᠯᠡᠵᠦ ᠭᠠᠷᠭᠠᠭᠰᠠᠨ ᠡᠮᠬᠢ ᠳᠢᠭᠯᠢᠮ ᠨᠢ ᠨᠢᠭᠡ ᠯᠡ ᠰᠥᠨᠢ ᠶᠢᠨ ᠬᠣᠭᠣᠷᠣᠨᠳᠣ ᠰᠦᠢᠷᠡᠬᠦ ᠠᠶᠤᠯ ᠲᠠᠶ ᠪᠠᠶᠢᠳᠠᠭ ᠂ ᠤᠴᠢᠷ ᠨᠢ ᠡᠳᠡᠭᠡᠷ ᠡᠮᠬᠢ ᠳᠢᠭᠯᠢᠮ ᠦᠨ ᠠᠷᠤ ᠳᠤ ᠲᠦᠰᠢᠭᠯᠡᠭᠰᠡᠨ ᠨᠢ ᠪᠦᠷ ᠵᠣᠬᠢᠶᠠᠮᠠᠯ ᠦᠯᠢᠭᠡᠷ ᠪᠠᠶᠢᠵᠤ ᠂ ᠬᠥᠮᠦᠰ ᠢᠲᠡᠭᠡᠬᠦ ᠪᠡᠨ ᠪᠠᠶᠢᠴᠢᠬᠠᠪᠠᠯ ᠠᠯᠢᠪᠠ ᠪᠦᠬᠦᠨ ᠴᠥᠮ ᠤᠷᠪᠠᠭᠠᠨ ᠬᠥᠷᠪᠡᠭᠡᠨ ᠲᠡᠶ ᠪᠣᠯᠳᠠᠭ᠃
11 ᠬᠥᠮᠦᠨ ᠬᠠᠷ᠎ᠠ ᠭᠥᠷᠥᠭᠡᠰᠦ ᠴᠦ ᠭᠡᠰᠡᠨ ᠂ ᠠᠬᠠᠯᠠᠭᠴᠢ ᠶᠢᠨ ᠡᠷᠳᠡᠨᠢ ᠶᠢᠨ ᠰᠠᠭᠤᠳᠠᠯ ᠳᠤ ᠰᠠᠭᠤᠬᠤ ᠨᠢ ᠮᠥᠨ ᠴᠦ ᠪᠠᠲᠤ ᠪᠡᠬᠢ ᠪᠦᠯᠦᠭᠯᠡᠯ ᠦᠨ ᠬᠡᠷᠡᠭᠴᠡᠭᠡᠨ ᠡᠴᠡ ᠰᠢᠯᠲᠠᠭᠠᠯᠠᠭᠳᠠᠳᠠᠭ ᠂ ᠬᠠᠷᠢᠨ ᠰᠣᠬᠣᠷ ᠪᠠᠯᠠᠶ ᠬᠦᠴᠦᠷᠬᠡᠭᠯᠡᠯ ᠪᠢᠰᠢ᠃
12 . ᠨᠡᠶᠢᠯᠡᠭᠡᠳ ᠤᠳᠠᠪᠠᠰᠤ ᠡᠷᠬᠡ ᠦᠭᠡᠢ ᠰᠠᠯᠤᠮᠤᠢ ᠂ ᠰᠠᠯᠤᠭᠠᠳ ᠤᠳᠠᠪᠠᠰᠤ ᠡᠷᠬᠡ ᠦᠭᠡᠢ ᠨᠡᠶᠢᠯᠡᠮᠦᠢ᠃
13 . 《 ᠬᠥᠮᠦᠨ ᠪᠦᠬᠦᠨ ᠳᠤᠷᠠᠲᠠᠶ 》 ᠭᠡᠳᠡᠭ ᠪᠣᠯ ᠵᠣᠭᠣᠰ ᠮᠥᠩᠭᠥᠨ ᠦ ᠬᠠᠮᠤᠭ ᠤᠨ ᠦᠨᠳᠦᠰᠦᠨ ᠣᠨᠴᠠᠯᠢᠭ ᠮᠥᠨ᠃ ᠬᠥᠮᠦᠨ ᠪᠣᠯᠭᠠᠨ ᠪᠦᠷ ᠵᠣᠭᠣᠰ ᠠᠪᠬᠤ ᠰᠠᠨᠠᠭ᠎ᠠ ᠲᠠᠶ ᠂ ᠡᠶᠢᠮᠦ ᠡᠴᠡ ᠵᠣᠭᠣᠰ ᠢᠶᠡᠷ ᠪᠠᠷᠤᠭ ᠪᠦᠬᠦ ᠶᠠᠭᠤᠮ᠎ᠠ ᠶᠢ ᠰᠣᠯᠢᠵᠤ ᠪᠣᠯᠤᠨ᠎ᠠ᠃
14 ᠵᠣᠭᠣᠰ ᠮᠥᠩᠭᠥ ᠪᠣᠯ ᠲᠡᠦᠬᠡᠨ ᠳᠡᠭᠡᠷᠡᠬᠢ ᠬᠠᠮᠤᠭ ᠤᠨ ᠲᠦᠭᠡᠮᠡᠯ ᠪᠥᠭᠡᠳ ᠬᠠᠮᠤᠭ ᠤᠨ ᠪᠦᠲᠦᠮᠵᠢᠲᠡᠢ ᠢᠲᠡᠭᠡᠯᠴᠡᠭᠡ ᠶᠢᠨ ᠰᠢᠰᠲ᠋ᠧᠮ ᠪᠣᠯᠣᠭᠰᠠᠨ᠃
15 . ᠵᠣᠭᠣᠰ ᠮᠥᠩᠭᠥ ᠬᠡᠳᠦᠶᠢᠪᠡᠷ ᠲᠠᠨᠢᠯ ᠪᠤᠰᠤ ᠬᠥᠮᠦᠰ ᠦᠨ ᠬᠣᠭᠣᠷᠣᠨᠳᠣᠬᠢ ᠬᠠᠮᠲᠤ ᠶᠢᠨ ᠢᠲᠡᠭᠡᠯ ᠢ ᠪᠤᠶ ᠪᠣᠯᠭᠠᠳᠠᠭ ᠪᠣᠯᠪᠠᠴᠤ ᠬᠥᠮᠦᠰ ᠦᠨ ᠢᠲᠡᠭᠡᠳᠡᠭ ᠨᠢ ᠬᠥᠮᠦᠨ ᠲᠥᠷᠥᠯᠬᠢᠲᠡᠨ ᠂ ᠨᠡᠶᠢᠭᠡᠮᠯᠢᠭ ᠪᠦᠯᠦᠭ ᠪᠤᠶᠤ ᠵᠠᠷᠢᠮ ᠠᠷᠢᠭᠤᠨ ᠳᠠᠷᠬᠠᠨ ᠥᠷᠲᠡᠭ ᠦᠨ ᠦᠵᠡᠯᠲᠡ ᠪᠢᠰᠢ ᠂ ᠬᠠᠷᠢᠨ ᠵᠣᠭᠣᠰ ᠮᠥᠩᠭᠥ ᠶᠢᠨ ᠲᠤᠰ ᠪᠡᠶ᠎ᠡ ᠵᠢᠴᠢ ᠠᠷᠤ ᠳᠠᠬᠢ ᠲᠡᠷᠡ ᠬᠦ ᠬᠥᠮᠦᠨ ᠴᠢᠨᠠᠷ ᠦᠭᠡᠶ ᠰᠢᠰᠲ᠋ᠧᠮ ᠪᠣᠯᠤᠨ᠎ᠠ᠃
16 ᠲᠠᠷᠢᠶᠠᠯᠠᠩ ᠤᠨ ᠬᠤᠪᠢᠰᠬᠠᠯ ᠤᠨ ᠠᠩᠬᠠᠨ ᠤ ᠱᠠᠰᠢᠨ ᠰᠤᠷᠲᠠᠬᠤᠨ ᠤ ᠠᠴᠢ ᠬᠣᠯᠪᠣᠭᠳᠠᠯ ᠪᠣᠯ ᠳᠠᠷᠤᠢ ᠠᠮᠢᠳᠠᠨ ᠤᠷᠭᠤᠮᠠᠯ ᠢ ᠬᠥᠮᠦᠨ ᠲᠥᠷᠥᠯᠬᠢᠲᠡᠨ ᠲᠡᠶ ᠡᠷᠬᠡ ᠲᠡᠭᠰᠢ ᠪᠠᠶᠢᠳᠠᠭ ᠠᠮᠢᠳᠤ ᠪᠣᠳᠠᠰ ᠪᠠᠶᠢᠭᠰᠠᠨ ᠠᠴᠠ ᠨᠢ ᠬᠥᠮᠦᠨ ᠲᠥᠷᠥᠯᠬᠢᠲᠡᠨ ᠦ ᠥᠮᠴᠢᠯᠡᠯ ᠦᠨ ᠪᠣᠳᠠᠰ ᠪᠣᠯᠭᠠᠨ ᠬᠤᠪᠢᠷᠠᠭᠤᠯᠤᠭᠰᠠᠨ ᠶᠠᠪᠤᠳᠠᠯ ᠪᠣᠯᠤᠨ᠎ᠠ᠃
17 . ᠠᠯᠢᠪᠠ ᠭᠠᠰᠠᠯᠠᠩ ᠵᠣᠪᠠᠯᠠᠩ ᠨᠢ ᠮᠠᠭᠤ ᠬᠤᠪᠢ ᠵᠠᠶᠠᠭ᠎ᠠ ᠂ ᠨᠡᠶᠢᠭᠡᠮ ᠦᠨ ᠭᠣᠣᠯᠴᠢ ᠪᠤᠰᠤ ᠪᠤᠶᠤ ᠰᠠᠬᠢᠭᠤᠯᠰᠤᠨ ᠤ ᠳᠤᠷ᠎ᠠ ᠵᠣᠷᠢᠭ ᠢᠶᠠᠷ ᠢᠶᠠᠨ ᠠᠭᠠᠰᠢᠯᠠᠬᠤ ᠠᠴᠠ ᠪᠣᠯᠤᠭᠰᠠᠨ ᠪᠢᠰᠢ ᠂ ᠬᠠᠷᠢᠨ ᠬᠥᠮᠦᠨ ᠨᠢᠭᠡᠪᠦᠷᠢ ᠶᠢᠨ ᠰᠡᠳᠬᠢᠯ ᠳᠡᠬᠢ ᠰᠡᠳᠬᠢᠬᠦᠢ ᠶᠢᠨ ᠬᠡᠪ ᠵᠠᠭᠪᠤᠷ ᠠᠴᠠ ᠪᠣᠯᠤᠭᠰᠠᠨ ᠶᠤᠮ᠃
18 . ᠴᠢᠯᠥᠭᠡᠲᠦ ᠬᠥᠮᠥᠨᠯᠢᠭ ᠦᠨ ᠦᠵᠡᠯ ᠦᠨ ᠬᠠᠮᠤᠭ ᠤᠨ ᠴᠢᠬᠤᠯᠠ ᠰᠡᠷᠡᠮᠵᠢᠯᠡᠭᠦᠯᠦᠯ ᠪᠣᠯ ᠳᠠᠷᠤᠢ ᠡᠶᠢᠮᠦᠷᠬᠦ 《 ᠳᠣᠲᠣᠭᠠᠳᠤ ᠰᠡᠳᠬᠢᠯ ᠦᠨ ᠳᠠᠭᠤᠨ 》 ᠤ ᠡᠷᠬᠡ ᠴᠢᠯᠥᠭᠡ ᠶᠢ ᠪᠠᠲᠤᠯᠠᠵᠤ ᠂ ᠭᠠᠳᠠᠭᠠᠳᠤ ᠣᠷᠴᠢᠨ ᠤ ᠬᠠᠯᠳᠠᠯᠭ᠎ᠠ ᠪᠠ ᠬᠣᠣᠷᠯᠠᠯ ᠢ ᠠᠮᠰᠠᠬᠤ ᠦᠭᠡᠢ ᠪᠠᠶᠢᠯᠭᠠᠬᠤ ᠶᠠᠪᠤᠳᠠᠯ ᠪᠣᠯᠤᠨ᠎ᠠ᠃ ᠡᠲᠡᠭᠡᠷ ᠴᠡᠭᠡᠷᠯᠡᠭᠦᠯᠦᠯ ᠢ ᠶᠡᠷᠦᠩᠬᠡᠶᠢᠯᠡᠭᠡᠳ 《 ᠬᠥᠮᠦᠨ ᠦ ᠡᠷᠬᠡ 》 ᠭᠡᠳᠡᠭ᠃
19 . ᠲᠡᠦᠬᠡ ᠶᠢᠨ ᠲᠡᠮᠦᠷ ᠭᠡᠷᠡᠴᠢ ᠪᠣᠯ ᠬᠡᠷᠡᠭ ᠶᠠᠪᠤᠳᠠᠯ ᠤᠨ ᠲᠠᠷᠠᠭ᠎ᠠ ᠵᠠᠶᠢᠯᠠᠰᠢ ᠦᠭᠡᠢ ᠪᠤᠢ ᠪᠣᠯᠬᠤ ᠦᠨᠡᠨ ᠤᠴᠠᠷ᠃ ᠲᠤᠬᠠᠢ ᠶᠢᠨ ᠦᠶ᠎ᠡ ᠳᠦ ᠠᠪᠴᠤ ᠦᠵᠡᠪᠡᠯ ᠥᠴᠦᠬᠡᠨ ᠴᠦ ᠢᠯᠡᠷᠬᠡᠢ ᠪᠢᠰᠢ ᠪᠠᠶᠢᠳᠠᠭ᠃ ᠥᠨᠥᠳᠦᠷ ᠪᠣᠯᠲᠠᠯ᠎ᠠ ᠪᠠᠶᠢᠳᠠᠯ ᠮᠥᠨ ᠯᠡ ᠡᠶᠢᠮᠦ ᠪᠠᠶᠢᠨ᠎ᠠ᠃
20 . ᠪᠢᠳᠡ ᠲᠡᠦᠬᠡ ᠶᠢ ᠰᠤᠳᠤᠯᠵᠤ ᠪᠠᠶᠢᠭ᠎ᠠ ᠨᠢ ᠢᠷᠡᠭᠡᠳᠦᠢ ᠶᠢ ᠮᠡᠳᠡᠬᠦ ᠶᠢᠨ ᠲᠥᠯᠥᠭᠡ ᠪᠢᠰᠢ ᠂ ᠬᠠᠷᠢᠨ ᠬᠠᠷᠠᠭ᠎ᠠ ᠪᠠᠨ ᠥᠷᠭᠡᠳᠬᠡᠵᠦ ᠂ ᠤᠳᠤ ᠶᠢᠨ ᠵᠦᠢᠯ ᠵᠦᠢᠯ ᠦᠨ 《 ᠪᠠᠶᠢᠭᠠᠯᠢ ︵ ᠦᠨᠡᠨ︶》 ᠤᠭᠲᠤ ᠪᠢᠰᠢ ᠪᠥᠭᠡᠳ ᠵᠠᠶᠢᠯᠠᠰᠢ ᠦᠭᠡᠢ ᠪᠢᠰᠢ ᠭᠡᠳᠡᠭ ᠢ ᠣᠶᠢᠯᠠᠭᠠᠬᠤ ᠶᠢᠨ ᠲᠥᠯᠥᠭᠡ ᠶᠤᠮ᠃ ᠢᠷᠡᠭᠡᠳᠦᠶ ᠶᠢᠨ ᠪᠣᠯᠤᠯᠴᠠᠭ᠎ᠠ ᠪᠢᠳᠡᠨ ᠦ ᠪᠣᠳᠣᠭᠰᠠᠨ ᠠᠴᠠ ᠬᠣᠯᠠ ᠳᠠᠪᠠᠨ᠎ᠠ᠃ ᠵᠢᠱᠢᠶᠡᠯᠡᠵᠦ ᠬᠡᠯᠡᠪᠡᠯ ᠂ ᠧᠦ᠋ᠷᠣᠫᠠ ᠬᠥᠮᠦᠨ ᠴᠤᠬᠤᠮ ᠠᠹᠷᠢᠺᠠ ᠬᠥᠮᠦᠨ ᠢ ᠬᠡᠷᠬᠢᠨ ᠡᠷᠬᠡᠰᠢᠶᠡᠭᠰᠡᠨ ᠢ ᠰᠤᠳᠤᠯᠪᠠᠯ ᠂ ᠪᠢᠳᠡ ᠠᠷᠠᠰᠤᠲᠠᠨ ᠤ ᠭᠠᠳᠠᠭᠤᠷᠴᠢᠯᠠᠯ ᠪᠣᠯ ᠪᠠᠶᠢᠭᠠᠯᠢ ᠪᠢᠰᠢ ᠪᠤᠶᠤ ᠵᠠᠶᠢᠯᠠᠰᠢ ᠦᠭᠡᠢ ᠭᠡᠳᠡᠭ ᠢ ᠮᠡᠳᠡᠵᠦ ᠪᠣᠯᠬᠤ ᠪᠥᠭᠡᠳ ᠳᠡᠯᠡᠬᠡᠢ ᠶᠢᠷᠲᠢᠨᠴᠦ ᠪᠦᠷᠢᠮᠦᠰᠦᠨ ᠠᠳᠠᠯᠢ ᠪᠤᠰᠤ ᠳᠦᠷᠰᠦ ᠪᠠᠶᠢᠳᠠᠯ ᠲᠠᠶ ᠪᠠᠶᠢᠵᠤ ᠮᠡᠳᠡᠬᠦ ᠶᠢ ᠮᠡᠳᠡᠵᠦ ᠪᠣᠯᠤᠨ᠎ᠠ᠃
21 ᠰᠢᠨᠵᠢᠯᠡᠬᠦ ᠤᠬᠠᠭᠠᠨ ᠤ ᠬᠤᠪᠢᠰᠬᠠᠯ ᠪᠣᠯ 《 ᠮᠡᠳᠡᠯᠭᠡ ᠶᠢᠨ ᠬᠤᠪᠢᠰᠬᠠᠯ 》 ᠪᠢᠰᠢ ᠂ ᠬᠠᠷᠢᠨ 《 ᠮᠡᠳᠡᠯᠭᠡ ᠦᠭᠡᠢ ᠬᠤᠪᠢᠰᠬᠠᠯ 》 ᠮᠥᠨ᠃ ᠰᠢᠨᠵᠢᠯᠡᠬᠦ ᠤᠬᠠᠭᠠᠨ ᠤ ᠬᠤᠪᠢᠰᠬᠠᠯ ᠢ ᠵᠢᠩᠬᠢᠨᠢ ᠡᠬᠢᠯᠡᠭᠦᠯᠦᠭᠰᠡᠨ ᠠᠭᠤᠤ ᠶᠡᠬᠡ ᠨᠡᠭᠡᠭᠡᠯᠳᠡ ᠪᠣᠯ ᠳᠠᠷᠤᠢ 《 ᠬᠠᠮᠤᠭ ᠤᠨ ᠴᠢᠬᠤᠯᠠ ᠠᠰᠠᠭᠤᠳᠠᠯ ᠤᠨ ᠲᠤᠬᠠᠢ ᠬᠥᠮᠦᠨ ᠲᠥᠷᠥᠯᠬᠢᠲᠡᠨ ᠦᠨᠡᠨ ᠳᠡᠭᠡᠨ ᠶᠠᠭᠤ ᠴᠤ ᠮᠡᠳᠡᠬᠦ ᠦᠭᠡᠢ 》 ᠭᠡᠳᠡᠭ ᠢ ᠢᠯᠡᠷᠡᠭᠦᠯᠦᠭᠰᠡᠨ ᠶᠠᠪᠤᠳᠠᠯ ᠪᠣᠯᠤᠨ᠎ᠠ᠃
22 ᠪᠠᠩᠬᠢ ( ᠵᠢᠴᠢ ᠪᠦᠬᠦᠶᠢᠯᠡ ᠠᠵᠤ ᠠᠬᠤᠢ ) ᠶᠢ ᠦᠨᠡᠨ ᠬᠦ ᠣᠷᠣᠰᠢᠨ ᠲᠣᠭᠲᠠᠨᠢᠭᠤᠯᠵᠤ ᠴᠢᠨᠠᠭᠰᠢᠯᠠᠪᠠᠯ ᠶᠡᠬᠡ ᠪᠡᠷ ᠠᠰᠢᠭ ᠬᠣᠨᠵᠢᠪᠣᠷᠢ ᠣᠯᠵᠤ ᠴᠢᠳᠠᠬᠤ ᠨᠢ ᠦᠨᠡᠨ ᠳᠡᠭᠡᠨ ᠪᠢᠳᠡᠨ ᠦ ᠢᠷᠡᠭᠡᠳᠦᠢ ᠶᠢᠨ ᠲᠤᠬᠠᠢ ᠢᠲᠡᠭᠡᠯ ᠮᠥᠨ᠃ 《 ᠢᠲᠡᠭᠡᠯ 》 ᠪᠣᠯ ᠳᠡᠯᠡᠬᠡᠶ ᠳᠡᠭᠡᠷᠡᠬᠢ ᠵᠣᠩᠬᠢᠯᠠᠬᠤ ᠣᠯᠠᠨ ᠲᠣᠭᠠᠨ ᠤ ᠵᠣᠭᠣᠰ ᠮᠥᠩᠭᠥᠨ ᠦ ᠴᠣᠷ ᠤᠨ ᠭᠠᠭᠴᠠ ᠲᠦᠰᠢᠭ ᠮᠥᠨ᠃
23 ᠠᠵᠤ ᠦᠢᠯᠡᠳᠪᠦᠷᠢ ᠶᠢᠨ ᠬᠤᠪᠢᠰᠬᠠᠯ ᠤᠨ ᠴᠢᠮᠥᠭᠡ ᠨᠢ ᠦᠨᠡᠨ ᠬᠡᠷᠡᠭ ᠳᠡᠭᠡᠷ᠎ᠡ ᠪᠡᠨ ᠡᠨᠧᠷᠭᠢ ᠶᠢᠨ ᠰᠤᠷᠪᠤᠯᠵᠢ ᠶᠢ ᠤᠯᠠᠷᠢᠭᠤᠯᠤᠨ ᠰᠣᠯᠢᠬᠤ ᠬᠤᠪᠢᠰᠬᠠᠯ ᠮᠥᠨ᠃
24 ᠲᠡᠦᠬᠡᠨ ᠡᠴᠡ ᠦᠵᠡᠬᠦᠯ᠎ᠡ ᠬᠥᠮᠦᠨ ᠲᠥᠷᠥᠯᠬᠢᠲᠡᠨ ᠡᠷᠬᠡ ᠪᠤᠶᠤ ᠴᠢᠳᠠᠪᠤᠷᠢ ᠲᠠᠶ ᠪᠣᠯᠪᠠᠯ ᠳᠤᠷ᠎ᠠ ᠪᠠᠷ ᠢᠶᠠᠨ ᠠᠭᠠᠰᠢᠯᠠᠨ᠎ᠠ ᠂ ᠡᠶᠢᠮᠦ ᠡᠴᠡ ᠴᠢᠳᠠᠪᠤᠷᠢ ᠨᠢ ᠬᠡᠳᠦᠢ ᠶᠡᠬᠡ ᠪᠣᠯ ᠲᠡᠳᠦᠢ ᠵᠣᠯ ᠵᠢᠷᠭᠠᠯ ᠲᠠᠶ ᠭᠡᠵᠦ ᠦᠵᠡᠨ᠎ᠡ ᠂ ᠦᠨᠡᠬᠡᠷ ᠵᠢᠭᠠᠬᠠᠨ ᠨᠢᠯᠬᠠᠰᠠᠭ ᠪᠠᠶᠢᠨ᠎ᠠ᠃
25 . ᠵᠣᠭᠣᠰ ᠮᠥᠩᠭᠥ ᠦᠨᠡᠬᠡᠷ ᠪᠡᠨ ᠪᠠᠶᠠᠷ ᠪᠠᠶᠠᠰᠤᠯ ᠢ ᠠᠪᠴᠢᠷᠠᠨ᠎ᠠ ᠂ ᠭᠡᠪᠡᠴᠦ ᠵᠣᠬᠢᠬᠤ ᠬᠡᠮᠵᠢᠶᠡᠨ ᠦ ᠬᠢᠵᠠᠭᠠᠷ ᠲᠠᠶ ᠂ ᠬᠡᠮᠵᠢᠶ᠎ᠡ ᠡᠴᠡ ᠪᠡᠨ ᠬᠡᠲᠦᠷᠡᠭᠰᠡᠨ ᠦ ᠳᠠᠷᠠᠭᠠᠬᠢ ᠦᠷ᠎ᠡ ᠳ᠋ᠦᠩ ᠨᠢ ᠲᠡᠶᠢᠮᠦ ᠢᠯᠡᠷᠬᠡᠶ ᠪᠢᠰᠢ᠃
26 . ᠣᠳᠣ ᠦᠶ᠎ᠡ ᠶᠢᠨ ᠨᠡᠶᠢᠭᠡᠮ ᠳᠦ ᠬᠥᠮᠦᠨ ᠪᠣᠯᠭᠠᠨ ᠤᠷᠢᠳ ᠡᠮᠦᠨ᠎ᠡ ᠪᠠᠶᠢᠭ᠎ᠠ ᠦᠭᠡᠶ ᠡᠷᠬᠡ ᠴᠢᠯᠥᠭᠡ ᠲᠡᠶ ᠪᠣᠯᠵᠤ ᠂ ᠥᠪᠡᠷ ᠢᠶᠡᠨ ᠠᠯᠢ ᠵᠠᠮ ᠢᠶᠠᠷ ᠶᠠᠪᠤᠬᠤ ᠪᠠᠨ ᠲᠣᠭᠲᠠᠭᠠᠵᠤ ᠴᠢᠳᠠᠬᠤ ᠪᠣᠯᠤᠭᠰᠠᠨ ᠪᠣᠯᠪᠠᠴᠤ ᠂ ᠪᠢᠳᠡ ᠪᠠᠰᠠ ᠠᠮᠠᠯᠠᠯᠲᠠ ᠪᠠᠨ ᠦᠨᠡᠨ ᠬᠦ ᠪᠠᠷᠢᠮᠲᠠᠯᠠᠬᠤ ᠳᠤ ᠤᠯᠠᠮ ᠠᠴᠠ ᠤᠯᠠᠮ ᠪᠡᠷᠬᠡ ᠪᠣᠯᠵᠤ ᠪᠠᠶᠢᠨ᠎ᠠ᠃ ᠢᠩᠭᠢᠭᠡᠳ ᠨᠡᠶᠢᠭᠡᠮ ᠨᠡᠶᠢᠲᠡ ᠪᠣᠯᠤᠨ ᠭᠡᠷ ᠪᠦᠯᠢ ᠶᠢᠨ ᠨᠢᠭᠲᠠᠷᠠᠯ ᠤᠨ ᠬᠦᠴᠦᠨ ᠪᠠᠭᠤᠷᠠᠵᠤ ᠵᠠᠳᠠᠷᠠᠬᠤ ᠪᠣᠯᠣᠭᠰᠠᠨ ᠂ ᠡᠨᠡ ᠬᠦ ᠶᠢᠷᠲᠢᠨᠴᠦ ᠨᠢ ᠪᠢᠳᠡᠨ ᠢ ᠤᠯᠠᠮ ᠠᠴᠠ ᠤᠯᠠᠮ ᠭᠠᠭᠴᠠᠭᠠᠷᠳᠠᠭᠤᠯᠵᠤ ᠪᠠᠶᠢᠨ᠎ᠠ᠃
27 . ᠪᠠᠶᠠᠷ ᠪᠠᠬᠠᠳᠤᠯᠲᠤ ᠡᠨᠡ ᠬᠡᠷᠡᠭ ᠨᠢ ᠪᠠᠶᠢᠭᠠᠯᠢ ᠶᠢᠨ ᠰᠣᠩᠭᠣᠯᠲᠠ ᠶᠢᠨ ᠵᠠᠷᠴᠢᠮ ᠳᠤ ᠲᠣᠬᠢᠷᠠᠬᠤ ᠦᠭᠡᠢ ᠂ ᠨᠢᠭᠡ ᠪᠠᠶᠠᠷ ᠪᠠᠶᠠᠰᠬᠤᠯᠠᠩ ᠲᠠᠶ ᠭᠠᠭᠴᠠᠭᠠᠷᠳᠠᠭᠴᠢ ᠦᠷ᠎ᠡ ᠲᠠᠰᠤᠷᠠᠬᠤ ᠪᠣᠯᠤᠨ᠎ᠠ ᠂ ᠭᠡᠲᠡᠯ᠎ᠡ ᠡᠳᠦᠷᠵᠢᠨ ᠵᠣᠪᠠᠵᠤ ᠪᠠᠢᠭ᠎ᠠ ᠠᠪᠤ ᠡᠵᠢ ᠂ ᠬᠠᠷᠢᠨ ᠭᠧᠨ ᠢᠶᠡᠨ ᠳᠠᠬᠢᠨ ᠤᠯᠠᠮᠵᠢᠯᠠᠵᠤ ᠴᠢᠳᠠᠨ᠎ᠠ᠃ ᠪᠠᠶᠠᠷ ᠪᠠᠶᠠᠰᠤᠯ ᠪᠤᠶᠤ ᠵᠣᠪᠠᠭᠤᠷᠢ ᠵᠦᠳᠡᠭᠦᠷᠢ ᠶᠢᠨ ᠤᠯᠠᠷᠢᠨ ᠬᠤᠪᠢᠰᠬᠤ ᠶᠠᠪᠤᠴᠠ ᠳᠠᠬᠢ ᠦᠢᠯᠡᠳᠦᠯ ᠨᠢ ᠵᠥᠪᠬᠡᠨ ᠣᠷᠣᠰᠢᠨ ᠲᠣᠭᠲᠠᠨᠢᠬᠤ ᠪᠠ ᠦᠷᠡᠵᠢᠬᠦ ᠶᠢ ᠵᠣᠷᠢᠭᠵᠢᠭᠤᠯᠬᠤ ᠪᠤᠶᠤ ᠬᠣᠷᠢᠭᠯᠠᠬᠤ ᠳᠤ ᠪᠠᠨ ᠪᠠᠶᠢᠳᠠᠭ᠃ ᠡᠶᠢᠮᠦ ᠡᠴᠡ ᠬᠥᠮᠦᠨ ᠲᠥᠷᠥᠯᠬᠢᠲᠡᠨ ᠦ ᠬᠤᠪᠢᠰᠤᠯ ᠤᠨ ᠦᠷ᠎ᠡ ᠳ᠋ᠦᠩ ᠨᠢ ᠲᠡᠶᠢᠮᠦ ᠪᠠᠶᠠᠷ ᠪᠠᠶᠠᠰᠤᠯ ᠲᠠᠶ ᠪᠠᠶᠢᠵᠤ ᠴᠢᠳᠠᠬᠤ ᠦᠭᠡᠢ ᠂ ᠲᠡᠶᠢᠮᠦ ᠵᠣᠪᠠᠭᠤᠷᠢ ᠲᠠᠶ ᠴᠤ ᠪᠠᠶᠢᠵᠤ ᠴᠢᠳᠠᠬᠤ ᠦᠭᠡᠢ ᠭᠡᠳᠡᠭ ᠢ ᠲᠥᠰᠦᠭᠡᠯᠡᠬᠦᠶ᠎ᠡ ᠪᠡᠷᠬᠡ᠃ ᠪᠢᠳᠡ ᠣᠬᠣᠷᠬᠠᠨ ᠬᠤᠭᠤᠴᠠᠭᠠᠨ ᠳᠤ ᠪᠠᠶᠠᠷᠲᠠᠶ ᠰᠠᠨᠠᠭᠳᠠᠨ᠎ᠠ ᠂ ᠭᠡᠪᠡᠴᠦ ᠬᠡᠵᠢᠶᠡᠳᠡ ᠦᠷᠭᠦᠯᠵᠢᠯᠡᠬᠦ ᠦᠭᠡᠢ᠃ ᠲᠠᠭᠠᠲᠠᠶ ᠪᠣᠯᠤᠨ᠎ᠠ ᠂ ᠳᠠᠬᠢᠨ ᠨᠢᠭᠡ ᠤᠳᠠᠭ᠎ᠠ ᠵᠣᠪᠠᠭᠤᠷᠢ ᠶᠢ ᠮᠡᠳᠡᠷᠡᠭᠦᠯᠦᠨ᠎ᠡ᠃
28 . ᠶᠠᠭ ᠨᠢᠼᠸᠷ ᠤᠨ ᠬᠡᠯᠡᠭᠰᠡᠨᠴᠢᠯᠡᠨ ᠂ ᠠᠮᠢᠳᠤᠷᠠᠬᠤ ᠰᠢᠯᠲᠠᠭᠠᠨ ᠲᠠᠶ ᠯᠠ ᠶᠤᠮ ᠪᠣᠯ ᠶᠠᠭᠤ ᠪᠦᠬᠦᠨ ᠢ ᠪᠦᠷ ᠲᠡᠰᠪᠦᠷᠢᠯᠡᠵᠦ ᠲᠠᠶᠢᠯᠤᠨ᠎ᠠ᠃ ᠠᠮᠢᠳᠤᠷᠠᠯ ᠤᠳᠬ᠎ᠠ ᠠᠭᠤᠯᠭ᠎ᠠ ᠲᠠᠶ ᠂ ᠬᠦᠴᠢᠷᠳᠡᠯ ᠳᠦ ᠲᠤᠯᠭᠠᠷᠠᠭᠰᠠᠨ ᠴᠤ ᠳᠤᠷᠠᠲᠠᠶ ᠵᠠᠷᠢᠮ ᠬᠥᠮᠦᠨ ᠤᠷᠤᠭᠰᠢᠲᠠᠶ ᠣᠷᠴᠢᠨ ᠳᠤ ᠴᠤ ᠡᠳᠦᠷ ᠬᠣᠨᠣᠭ ᠢ ᠵᠢᠯ ᠰᠢᠭ ᠢᠶᠠᠨ ᠥᠩᠭᠡᠷᠡᠭᠡᠨ᠎ᠡ᠃
29 . ᠯᠣᠣᠽᠢ ᠠᠴᠠ ᠰᠤᠺᠷᠠᠲ᠋ᠸᠰ ᠬᠦᠷᠲᠡᠯ᠎ᠡ ᠂ ᠭᠦᠨ ᠤᠬᠠᠭᠠᠨᠲᠠᠨ ᠨᠠᠷ ᠬᠥᠮᠦᠰ ᠲᠦ ᠄ 《 ᠥᠪᠡᠷ ᠢ ᠪᠡᠨ ᠲᠠᠨᠢᠵᠤ ᠠᠪ︕ ᠭᠡᠪᠡᠴᠦ ᠦᠨᠡᠨ ᠳᠡᠬᠡᠨ ᠬᠥᠮᠦᠨ ᠲᠥᠷᠥᠯᠬᠢᠲᠡᠨ ᠦ ᠲᠣᠪᠴᠢ ᠲᠡᠦᠬᠡ ᠪᠣᠯ ᠡᠩ ᠦᠨ ᠬᠥᠮᠦᠨ ᠥᠪᠡᠷ ᠦᠨ ᠦᠨᠡᠨ ᠪᠣᠳᠠᠲᠠᠢ ᠥᠪᠡᠷ ᠪᠢ ᠪᠡᠨ ᠮᠡᠳᠡᠬᠦ ᠦᠭᠡᠢ ᠂ ᠡᠭᠦᠨ ᠡᠴᠡ ᠪᠤᠯᠵᠤ ᠵᠢᠩᠬᠢᠨᠢ ᠪᠠᠶᠠᠷ ᠪᠠᠶᠠᠰᠤᠯ ᠢ ᠣᠮᠲᠣᠭᠠᠶᠢᠯᠠᠵᠤ ᠮᠡᠳᠡᠨ᠎ᠠ᠃
30 . ᠭᠠᠰᠢᠭᠤᠨ ᠵᠣᠪᠠᠯᠠᠩ ᠤᠨ ᠦᠨᠳᠦᠰᠦ ᠰᠤᠷᠪᠤᠯᠵᠢ ᠨᠢ ᠭᠤᠲᠤᠷᠠᠨ ᠵᠣᠪᠠᠬᠤ ᠪᠤᠶᠤ ᠡᠪᠡᠳᠬᠦ ᠳᠦ ᠪᠠᠶᠢᠬᠤ ᠪᠢᠰᠢ ᠂ ᠠᠯᠢᠪᠠ ᠪᠦᠬᠦᠨ ᠤᠳᠬ᠎ᠠ ᠠᠭᠤᠯᠭ᠎ᠠ ᠦᠭᠡᠢ ᠰᠢᠭ ᠰᠠᠨᠠᠭᠳᠠᠬᠤ ᠳᠤ ᠴᠤ ᠪᠠᠶᠢᠬᠤ ᠪᠢᠰᠢ᠃ ᠵᠣᠪᠠᠭᠤᠷᠢ ᠶᠢᠨ ᠵᠢᠩᠬᠢᠨᠢ ᠦᠨᠳᠦᠰᠦ ᠰᠤᠷᠪᠤᠯᠵᠢ ᠪᠣᠯ ᠳᠠᠷᠤᠢ ᠪᠡᠶᠡᠴᠢ ᠲᠦᠷᠦᠭᠳᠡᠯ ᠢᠶᠡᠨ 《 ᠬᠥᠭᠡᠭᠡᠴᠡᠯᠳᠦᠬᠦ 》 ᠶᠠᠪᠤᠳᠠᠯ ᠪᠣᠯᠤᠨ᠎ᠠ ᠂ ᠬᠥᠭᠡᠭᠡᠴᠡᠯᠳᠦᠵᠦ ᠪᠠᠶᠢᠭ᠎ᠠ ᠨᠢ ᠶᠠᠭᠤ ᠪᠠᠶᠢᠭᠰᠠᠨ ᠴᠤ ᠬᠠᠮᠢᠶ᠎ᠠ ᠦᠭᠡᠢ ᠂ ᠪᠦᠷ ᠬᠥᠮᠦᠨ ᠢ ᠪᠠᠴᠢᠮᠳᠠᠭᠤᠯᠵᠤ ᠂ ᠲᠥᠭᠡᠷᠢᠭᠳᠡᠭᠦᠯᠬᠦ ᠪᠠ ᠳᠤᠷ᠎ᠠ ᠦᠭᠡᠶᠢᠴᠡᠭᠦᠯᠬᠦ ᠪᠣᠯᠤᠨ᠎ᠠ᠃