-
103367
《 ᠢᠷᠡᠭᠡᠳᠦᠶ ᠶᠢᠨ ᠲᠣᠪᠴᠢ ᠲᠡᠦᠬᠡ 》᠃《未来简史》
2023-09-15 09:13
55
0
02
《 ᠢᠷᠡᠭᠡᠳᠦᠶ ᠶᠢᠨ ᠲᠣᠪᠴᠢ ᠲᠡᠦᠬᠡ 》᠃《未来简史》
31 ᠪᠦᠬᠦ ᠪᠥᠮᠪᠥᠷᠴᠡᠭ ᠦᠨ ᠠᠵᠤ ᠠᠬᠤᠢ ᠶᠢᠨ ᠤᠳᠤᠷᠢᠳᠤᠮᠵᠢ ᠴᠤ ᠨᠢᠭᠡᠨᠲᠡ ᠪᠣᠳᠠᠰ ᠤᠨ ᠠᠵᠤ ᠠᠬᠤᠢ ᠠᠴᠠ ᠮᠡᠳᠡᠯᠭᠡ ᠶᠢᠨ ᠠᠵᠤ ᠠᠬᠤᠢ ᠪᠤᠯᠵᠤ ᠬᠤᠪᠢᠷᠠᠪᠠ᠃ ᠥᠩᠭᠡᠷᠡᠭᠰᠡᠨ ᠦ ᠡᠳ᠋ ᠪᠠᠶᠠᠯᠢᠭ ᠤᠨ ᠭᠣᠣᠯ ᠢᠷᠡᠯᠳᠡ ᠪᠣᠯ ᠡᠳ᠋ ᠪᠣᠳᠠᠰ ᠤᠨ ᠬᠦᠷᠦᠩᠬᠡ ᠪᠠᠶᠢᠭᠰᠠᠨ ᠂ ᠵᠢᠱᠢᠶᠡᠯᠡᠪᠡᠯ ᠠᠯᠳᠠᠨ ᠠᠭᠤᠷᠬᠠᠢ ᠂ ᠪᠤᠭᠤᠳᠠᠢ ᠶᠢᠨ ᠲᠠᠷᠢᠶ᠎ᠠ ᠂ ᠲᠤᠰᠤᠨ ᠬᠤᠳᠳᠤᠭ ᠂ ᠤᠳᠤ ᠶᠢᠨ ᠡᠳ᠋ ᠪᠠᠶᠠᠯᠢᠭ ᠤᠨ ᠭᠣᠣᠯ ᠢᠷᠡᠯᠳᠡ ᠪᠣᠯ ᠮᠡᠳᠡᠯᠭᠡ ᠶᠤᠮ᠃
32 . ᠥᠩᠭᠡᠷᠡᠭᠰᠡᠨ ᠳᠦ ᠡᠩᠬᠡ ᠲᠠᠶᠢᠪᠤᠩ ᠢ ᠪᠤᠳᠤᠵᠤ ᠣᠯᠤᠭᠰᠠᠨ ᠨᠢ ᠵᠥᠪᠬᠡᠨ 《 ᠲᠦᠷ ᠴᠠᠭ ᠳᠠᠢᠢᠨ ᠦᠭᠡᠢ 》 ᠪᠠᠶᠢᠬᠤ ᠶᠢ ᠬᠡᠯᠡᠵᠦ ᠪᠠᠶᠢᠨ᠎ᠠ ᠭᠡᠲᠡᠯ᠎ᠡ ᠤᠳᠤ ᠡᠩᠬᠡ ᠲᠠᠶᠢᠪᠤᠩ ᠢ ᠪᠤᠳᠤᠬᠤ ᠭᠡᠳᠡᠭ ᠨᠢ 《 ᠲᠠᠢᠢᠨ ᠭᠠᠷᠬᠤ ᠶᠢ ᠲᠥᠰᠦᠭᠡᠯᠡᠬᠦᠶ᠎ᠡ ᠪᠡᠷᠬᠡ 》 ᠭᠡᠳᠡᠭ ᠢ ᠬᠡᠯᠡᠵᠦ ᠪᠠᠶᠢᠨ᠎ᠠ᠃
33 . ᠰᠦᠷᠳᠡᠭᠦᠯᠦᠭᠴᠢ ᠡᠲᠡᠭᠡᠳ ᠶᠠᠭ ᠯᠠ ᠱᠠᠭᠠᠵᠠᠩ ᠡᠳ᠋ᠯᠡᠯ ᠦᠨ ᠳᠡᠯᠭᠡᠭᠦᠷ ᠦᠨ ᠢᠯᠠᠭ᠎ᠠ ᠰᠢᠭ᠋᠃ ᠢᠯᠠᠭ᠎ᠠ ᠡᠢᠮᠦ ᠪᠠᠭ᠎ᠠ ᠂ ᠥᠪᠡᠷ ᠦᠨ ᠬᠦᠴᠦ ᠪᠡᠷ ᠢᠶᠡᠨ ᠨᠢᠭᠡ ᠴᠣᠮᠣ ᠶᠢ ᠴᠤ ᠬᠥᠳᠡᠯᠭᠡᠵᠦ ᠳᠡᠢᠯᠬᠦ ᠦᠭᠡᠢ ᠂ ᠲᠡᠭᠡᠭᠡᠳ ᠨᠢᠭᠡ ᠦᠬᠡᠷ ᠣᠯᠵᠤ ᠂ ᠲᠡᠭᠦᠨ ᠦ ᠴᠢᠬᠢᠨ ᠳᠦ ᠣᠷᠣᠵᠤ ᠦᠩᠭᠢᠨᠡᠨᠡ ᠂ ᠦᠬᠡᠷ ᠨᠢ ᠠᠶᠤᠭᠰᠠᠨ ᠪᠠ ᠠᠭᠤᠷᠯᠠᠭᠰᠠᠨ ᠠᠴᠠ ᠪᠣᠯᠵᠤ ᠭᠠᠯᠵᠠᠭᠤᠷᠠᠭᠤᠯᠵᠤ ᠂ ᠪᠦᠬᠦ ᠱᠠᠭᠠᠵᠠᠩ ᠡᠳ᠋ᠯᠡᠯ ᠦᠨ ᠳᠡᠯᠭᠡᠭᠦᠷ ᠢ ᠰᠦᠢᠷᠡᠭᠦᠯᠦᠨᠡ᠃
34 . ᠣᠳᠣ ᠦᠶ᠎ᠡ ᠶᠢᠨ ᠠᠨᠠᠭᠠᠬᠤ ᠤᠬᠠᠭᠠᠨ ᠤ ᠠᠮᠵᠢᠯᠲᠠ ᠣᠯᠣᠭᠰᠠᠨ ᠨᠢ ᠪᠣᠯ ᠂ ᠪᠢᠳᠡᠨ ᠢ ᠡᠷᠲᠡ ᠦᠬᠦᠬᠦ ᠡᠴᠡ ᠬᠡᠯᠲᠦᠷᠢᠭᠦᠯᠵᠦ ᠂ ᠣᠯᠪᠠᠰᠤ ᠵᠣᠬᠢᠬᠤ ᠠᠮᠢᠳᠤᠷᠠᠯ ᠢᠶᠠᠨ ᠥᠩᠭᠡᠷᠡᠭᠦᠯᠬᠦ ᠳᠦ ᠬᠦᠷᠭᠡᠭᠰᠡᠨ᠃
35 . ᠵᠥᠪᠬᠡᠨ ᠪᠣᠳᠠᠰ ᠤᠨ ᠠᠮᠵᠢᠯᠲᠠ ᠨᠢ ᠪᠢᠳᠡᠨ ᠢ ᠤᠷᠲᠤ ᠬᠤᠭᠤᠴᠠᠭ᠎ᠠ ᠪᠠᠷ ᠰᠡᠳᠬᠢᠯ ᠬᠠᠨᠤᠭᠤᠯᠬᠤ ᠪᠢᠰᠢ᠃ ᠦᠨᠡᠨ ᠳᠡᠭᠡᠨ ᠂ ᠰᠣᠬᠣᠷ ᠪᠠᠯᠠᠶ ᠪᠠᠷ ᠵᠣᠭᠣᠰ ᠮᠥᠩᠭᠥ ᠂ ᠨᠡᠷ᠎ᠡ ᠲᠥᠷᠥ ᠪᠠ ᠪᠠᠶᠠᠷ ᠪᠠᠶᠠᠰᠤᠯ ᠢ ᠬᠥᠭᠡᠭᠡᠴᠡᠯᠳᠦᠬᠦ ᠨᠢ ᠵᠥᠪᠬᠡᠨ ᠪᠢᠳᠡᠨ ᠤ ᠰᠡᠳᠬᠢᠯ ᠢ ᠵᠣᠪᠠᠭᠠᠨ᠎ᠠ᠃
36 . ᠣᠳᠣ ᠶᠢᠨ ᠪᠣᠳᠣᠯᠭᠠᠲᠠᠨ ᠂ ᠤᠯᠤᠰ ᠲᠥᠷᠥᠴᠢᠨ ᠴᠢᠨᠠᠭᠰᠢᠯᠠᠪᠠᠯ ᠠᠵᠤ ᠠᠬᠤᠶ ᠶᠢᠨ ᠤᠬᠠᠭᠠᠨᠲᠠᠨ ᠴᠥᠮ GDH ( ᠤᠯᠤᠰ ᠤᠨ ᠳᠣᠲᠣᠭᠠᠳᠤ ᠶᠢᠨ ᠵᠣᠯ ᠵᠢᠷᠭᠠᠯ ᠤᠨ ᠶᠡᠷᠦᠩᠬᠡᠶ ᠥᠷᠲᠡᠭ ) ᠢᠶᠡᠷ GDP ᠶᠢ ᠨᠥᠬᠥᠪᠥᠷᠢᠯᠡᠬᠦ ᠪᠤᠶᠤ ᠣᠷᠣᠯᠠᠬᠤ ᠶᠢ ᠤᠷᠢᠶᠠᠯᠠᠵᠤ ᠪᠠᠶᠢᠨ᠎ᠠ᠃ ᠶᠠᠮᠠᠷ ᠪᠣᠯᠪᠠᠴᠤ ᠂ ᠬᠥᠮᠦᠰ ᠴᠤᠬᠤᠮ ᠶᠠᠭᠤ ᠠᠪᠬᠤ ᠰᠠᠨᠠᠭ᠎ᠠ ᠲᠠᠶ ᠪᠤᠢ︖ ᠬᠥᠮᠥᠰ ᠬᠡᠵᠢᠶᠡᠳᠡ ᠦᠢᠯᠡᠳᠪᠦᠷᠢᠯᠡᠯ ᠳᠦ ᠶᠠᠭᠠᠷᠠᠬᠤ ᠳᠤᠷ᠎ᠠ ᠦᠭᠡᠢ ᠂ ᠬᠠᠷᠢᠨ ᠵᠣᠯ ᠵᠢᠷᠭᠠᠯ ᠪᠠᠶᠠᠷ ᠪᠠᠶᠠᠰᠤᠯ ᠢ ᠯᠠ ᠬᠥᠭᠡᠭᠡᠴᠡᠯᠳᠦᠳᠡᠭ᠃
37 . ᠦᠵᠡᠬᠦ ᠳᠦ ᠵᠣᠯ ᠵᠢᠷᠭᠠᠯ ᠤᠨ ᠰᠡᠳᠬᠢᠭᠳᠡᠯ ᠨᠢ ᠨᠢᠭᠡᠨ ᠨᠢᠭᠤᠴᠠᠭᠠᠶ ᠰᠢᠯ ᠳᠡᠭᠡᠪᠦᠷ ᠲᠡᠶ ᠰᠢᠭ ᠂ ᠪᠢᠳᠡ ᠬᠡᠳᠦᠶᠢᠪᠡᠷ ᠤᠷᠢᠳ ᠡᠮᠦᠨ᠎ᠡ ᠭᠠᠷᠤᠭ᠎ᠠ ᠦᠭᠡᠶ ᠠᠮᠵᠢᠯᠲᠠ ᠣᠯᠤᠭᠰᠠᠨ ᠪᠣᠯᠪᠠᠴᠤ ᠵᠣᠯ ᠵᠢᠷᠭᠠᠯ ᠤᠨ ᠰᠡᠳᠬᠢᠭᠳᠡᠯ ᠨᠢ ᠬᠠᠷᠢᠨ ᠢᠵᠢᠯᠢ ᠠᠯᠬᠤᠮ ᠢᠶᠠᠷ ᠶᠠᠪᠤᠭᠳᠠᠵᠤ ᠴᠢᠳᠠᠭᠰᠠᠨ ᠦᠭᠡᠶ᠃
38 . ᠵᠥᠪᠬᠡᠨ ᠡᠩᠬᠡ ᠲᠠᠶᠢᠪᠤᠩ ᠂ ᠴᠡᠴᠡᠭᠯᠡᠨ ᠬᠥᠭᠵᠢᠭᠰᠡᠨ ᠠᠮᠢᠳᠤᠷᠠᠯ ᠪᠢᠳᠡᠨ ᠢ ᠬᠠᠨᠤᠮᠵᠢᠲᠠᠢ ᠪᠠᠶᠢᠯᠭᠠᠵᠤ ᠴᠢᠳᠠᠬᠤ ᠦᠭᠡᠢ ᠪᠣᠳᠠᠲᠤ ᠪᠠᠢᠳᠠᠯ ᠡᠷᠬᠡᠪᠰᠢ ᠵᠢᠱᠢᠯᠲᠡ ᠲᠡᠶ ᠨᠡᠢᠴᠡᠪᠡᠯ ᠰᠠᠶ᠋ᠢ ᠪᠢᠳᠡᠨ ᠢ ᠬᠠᠩᠭᠠᠵᠤ ᠴᠢᠳᠠᠨ᠎ᠠ᠃ ᠭᠡᠪᠡᠴᠦ ᠮᠠᠭᠤ ᠴᠢᠮᠡᠭᠡ ᠨᠢ ᠪᠤᠰᠤᠳᠴᠢ ᠨᠥᠬᠥᠴᠡᠯ ᠰᠠᠶᠢᠵᠢᠷᠠᠬᠤ ᠶᠢ ᠳᠠᠭᠠᠯᠳᠤᠨ ᠂ ᠵᠢᠱᠢᠯᠲᠡ ᠨᠢ ᠪᠠᠰᠠ ᠲᠠᠰᠤᠷᠠᠯᠲᠠ ᠦᠭᠡᠢ ᠲᠡᠯᠡᠨ᠎ᠡ᠃ ᠡᠢᠢᠨ ᠬᠦ ᠂ ᠬᠡᠳᠦᠶᠢᠪᠡᠷ ᠬᠥᠮᠦᠨ ᠲᠥᠷᠥᠯᠬᠢᠲᠡᠨ ᠦ ᠤᠢᠢᠷ᠎ᠠ ᠶᠢᠨ ᠬᠡᠳᠦᠨ ᠠᠷᠪᠠᠨ ᠵᠢᠯ ᠦᠨ ᠪᠤᠰᠤᠳᠴᠢ ᠠᠮᠢᠳᠤᠷᠠᠯ ᠤᠨ ᠨᠥᠬᠥᠴᠡᠯ ᠶᠡᠬᠡ ᠪᠡᠷ ᠰᠠᠶᠢᠵᠢᠷᠠᠭᠰᠠᠨ ᠪᠣᠯᠪᠠᠴᠤ ᠂ ᠠᠪᠴᠢᠷᠠᠭᠰᠠᠨ ᠨᠢ ᠨᠡᠩ ᠶᠡᠬᠡ ᠬᠠᠨᠤᠮᠵᠢ ᠪᠢᠰᠢ ᠂ ᠬᠠᠷᠢᠨ ᠨᠡᠩ ᠶᠡᠬᠡ ᠵᠢᠱᠢᠯᠲᠡ ᠪᠣᠯᠤᠨ᠎ᠠ᠃
39 . 21 ᠳ᠋ᠦᠭᠡᠷ ᠵᠠᠭᠤᠨ ᠳᠤ ᠂ ᠬᠥᠮᠦᠨ ᠲᠥᠷᠥᠯᠬᠢᠲᠡᠨ ᠦ ᠭᠤᠷᠪᠠᠳᠤᠭᠠᠷ ᠶᠡᠬᠡ ᠵᠥᠪᠯᠡᠬᠦ ᠰᠡᠳᠦᠪ ᠪᠣᠯ ᠳᠠᠷᠤᠢ ᠬᠥᠮᠦᠨ ᠲᠥᠷᠥᠯᠬᠢᠲᠡᠨ ᠦ ᠰᠠᠬᠢᠭᠤᠯᠰᠤᠨ ᠰᠢᠭ ᠪᠦᠲᠦᠭᠡᠯᠴᠢ ᠬᠦᠴᠦᠨ ᠪᠠ ᠰᠥᠨᠥᠭᠡᠬᠦ ᠬᠦᠴᠦᠨ ᠳᠦ᠂ ᠨᠢᠭᠡ ᠪᠦᠯᠦᠭ 《 ᠮᠡᠷᠭᠡᠳ 》 ᠨᠢ 《 ᠤᠶᠤᠨ ᠤ ᠰᠠᠬᠢᠭᠤᠯᠰᠤᠨ 》 ᠪᠣᠯᠣᠨ ᠬᠤᠪᠢᠰᠤᠭᠰᠠᠨ ᠪᠠᠶᠢᠨ᠎ᠠ᠃
40 . ᠣᠶᠣᠨ ᠮᠡᠳᠡᠯᠭᠡ ᠬᠡᠷᠪᠡ ᠦᠢᠯᠡ ᠠᠵᠢᠯᠯᠠᠭ᠎ᠠ ᠪᠠᠨ ᠬᠤᠪᠢᠷᠠᠭᠤᠯᠵᠤ ᠴᠢᠳᠠᠬᠤ ᠦᠭᠡᠢ ᠪᠣᠯ ᠬᠡᠷᠡᠭ ᠦᠭᠡᠢ ᠶᠤᠮ ᠭᠡᠪᠡᠴᠦ ᠦᠢᠯᠡ ᠠᠵᠢᠯᠯᠠᠭ᠎ᠠ ᠪᠠᠨ ᠬᠤᠪᠢᠷᠠᠭᠤᠯᠪᠠᠯ ᠂ ᠮᠡᠳᠡᠯᠭᠡ ᠶᠢᠨ ᠲᠤᠰ ᠪᠡᠶ᠎ᠡ ᠨᠢ ᠳᠣᠣᠷ᠎ᠠ ᠪᠠᠨ ᠤᠳᠬ᠎ᠠ ᠠᠭᠤᠯᠭ᠎ᠠ ᠪᠠᠨ ᠠᠯᠳᠠᠨ᠎ᠠ᠃ ᠪᠢᠳᠡᠨ ᠳᠦ ᠬᠡᠳᠦᠢ ᠤᠯᠠᠨ ᠲᠣᠭ᠎ᠠ ᠪᠠᠷᠢᠮᠲᠠ ᠪᠠᠶᠢᠬᠤ ᠲᠤᠳᠤᠮ ᠂ ᠲᠡᠦᠬᠡ ᠶᠢ ᠬᠡᠳᠦᠢ ᠭᠦᠨᠵᠡᠭᠡᠢ ᠣᠶᠢᠯᠠᠭᠠᠬᠤ ᠲᠤᠳᠤᠮ ᠂ ᠲᠡᠦᠬᠡ ᠶᠢᠨ ᠵᠠᠮ ᠮᠥᠷ ᠲᠡᠳᠦᠢ ᠲᠦᠷᠭᠡᠨ ᠬᠤᠪᠢᠷᠠᠵᠤ ᠂ ᠪᠢᠳᠡᠨ ᠦ ᠮᠡᠳᠡᠯᠭᠡ ᠴᠦ ᠲᠡᠳᠦᠢ ᠲᠦᠷᠭᠡᠨ ᠴᠠᠭ ᠠᠴᠠ ᠪᠠᠨ ᠬᠣᠴᠣᠷᠬᠤ ᠪᠣᠯᠤᠨ᠎ᠠ᠃
41 . ᠬᠥᠮᠦᠨ ᠨᠢᠭᠡᠪᠦᠷᠢ ᠴᠥᠮ ᠶᠠᠮᠠᠷ ᠨᠢᠭᠡᠨ ᠣᠨᠴᠠ ᠲᠣᠭᠲᠠᠭᠰᠠᠨ ᠲᠡᠦᠬᠡᠨ ᠪᠣᠳᠠᠲᠤ ᠠᠬᠤᠶ ᠶᠢᠨ ᠳᠤᠮᠳᠠ ᠳᠦᠷᠦᠵᠦ ᠂ ᠣᠨᠴᠠ ᠲᠣᠭᠲᠠᠭᠰᠠᠨ ᠵᠢᠷᠤᠮᠵᠢᠯ ᠪᠠ ᠥᠷᠲᠡᠭ ᠦᠨ ᠦᠵᠡᠯᠲᠡ ᠶᠢᠨ ᠬᠢᠵᠠᠭᠠᠷᠯᠠᠯ ᠢ ᠬᠦᠯᠢᠶᠡᠵᠦ ᠂ ᠪᠠᠰᠠ ᠣᠨᠴᠠᠭᠠᠶ ᠠᠵᠤ ᠠᠬᠤᠶ ᠪᠠ ᠤᠯᠤᠰ ᠲᠥᠷᠥ ᠶᠢᠨ ᠪᠠᠶᠢᠭᠤᠯᠤᠯ ᠢᠶᠠᠷ ᠬᠠᠮᠢᠶᠠᠷᠤᠭᠤᠯᠳᠠᠭ᠃ ᠪᠢᠳᠡ ᠴᠥᠮ ᠥᠪᠡᠷ ᠦᠨ ᠣᠷᠣᠰᠢᠵᠤ ᠪᠠᠶᠢᠭ᠎ᠠ ᠪᠣᠳᠠᠲᠤ ᠪᠠᠶᠢᠳᠠᠯ ᠢᠶᠠᠨ ᠵᠦᠢ ᠶᠣᠰᠣᠨ ᠤ ᠭᠡᠵᠦ ᠦᠵᠡᠭᠡᠳ ᠂ ᠡᠨᠡ ᠪᠦᠬᠦᠨ ᠢ ᠴᠥᠮ ᠪᠠᠶᠢᠭᠠᠯᠢ ᠂ ᠵᠠᠶᠢᠯᠠᠰᠢ ᠦᠭᠡᠢ ᠂ ᠬᠤᠪᠢᠷᠠᠭᠤᠯᠬᠤ ᠶᠢᠨ ᠠᠷᠭ᠎ᠠ ᠦᠭᠡᠢ ᠭᠡᠵᠦ ᠦᠵᠡᠳᠡᠭ᠃ ᠭᠡᠪᠡᠴᠦ ᠳᠡᠯᠡᠬᠡᠢ ᠶᠢᠷᠲᠢᠨᠴᠦ ᠪᠣᠯ ᠠᠯᠢ ᠤᠯᠠᠨ ᠰᠠᠨᠠᠭᠠᠨ ᠳᠤ ᠦᠭᠡᠢ ᠬᠡᠷᠡᠭ ᠡᠴᠡ ᠪᠤᠢ ᠪᠣᠯᠤᠭᠰᠠᠨ ᠭᠡᠳᠡᠭ ᠢ ᠪᠢᠳᠡ ᠮᠡᠳᠡᠬᠦ ᠬᠡᠷᠡᠭ ᠲᠠᠢ ᠂ ᠲᠡᠦᠬᠡ ᠮᠠᠨ ᠤ ᠰᠢᠨᠵᠢᠯᠡᠬᠦ ᠤᠬᠠᠭᠠᠨ ᠮᠡᠷᠭᠡᠵᠢᠯ ᠂ ᠤᠯᠤᠰ ᠲᠦᠷᠦ ᠪᠠ ᠨᠡᠶᠢᠭᠡᠮ ᠢ ᠪᠦᠲᠦᠭᠡᠭᠰᠡᠨ ᠢᠶᠡᠷ ᠪᠠᠷᠠᠬᠤ ᠦᠭᠡᠢ ᠪᠠᠰᠠ ᠮᠠᠨ ᠤ ᠦᠵᠡᠯ ᠰᠠᠨᠠᠭ᠎ᠠ ᠂ ᠡᠮᠢᠶᠡᠯ ᠪᠠ ᠬᠦᠰᠡᠯ ᠵᠡᠭᠦᠳᠦ ᠶᠢ ᠪᠤᠢ ᠪᠣᠯᠭᠠᠭᠰᠠᠨ ᠶᠤᠮ᠃
42 ᠲᠡᠦᠬᠡ ᠶᠢ ᠰᠤᠳᠤᠯᠬᠤ ᠨᠢ ᠳᠠᠷᠤᠢ ᠥᠩᠭᠡᠷᠡᠭᠰᠡᠨ ᠦ ᠬᠦᠯᠢᠶᠡᠰᠦ ᠲᠤᠱᠠ ᠠᠴᠠ ᠮᠤᠯᠲᠤᠷᠠᠵᠤ ᠂ ᠪᠢᠳᠡᠨ ᠢ ᠠᠳᠠᠯᠢ ᠪᠤᠰᠤ ᠴᠢᠭᠯᠡᠯ ᠲᠡᠶᠢᠰᠢ ᠬᠠᠨᠳᠤᠭᠤᠯᠬᠤ ᠶᠢᠨ ᠲᠥᠯᠥᠭᠡ ᠶᠤᠮ ᠂ ᠲᠡᠷᠡᠴᠢᠯᠡᠨ ᠤᠷᠢᠳᠤᠬᠢ ᠬᠥᠮᠦᠰ ᠦᠨ ᠲᠥᠰᠦᠭᠡᠯᠡᠬᠦ ᠶᠢᠨ ᠠᠷᠭ᠎ᠠ ᠦᠭᠡᠢ ᠪᠤᠶᠤ ᠥᠩᠭᠡᠷᠡᠭᠰᠡᠨ ᠳᠦ ᠪᠢᠳᠡᠨ ᠦ ᠲᠥᠰᠦᠭᠡᠯᠡᠬᠦ ᠶᠢ ᠬᠦᠰᠡᠬᠦ ᠦᠭᠡᠢ ᠪᠠᠶᠢᠭᠰᠠᠨ ᠪᠣᠯᠣᠯᠴᠠᠭᠠᠲᠤ ᠴᠢᠨᠠᠷ ᠢ ᠡᠬᠢᠯᠡᠨ ᠠᠩᠬᠠᠷᠬᠤ ᠬᠡᠷᠡᠭᠲᠡᠢ᠃ ᠲᠡᠦᠬᠡ ᠰᠤᠳᠤᠯᠬᠤ ᠨᠢ ᠪᠢᠳᠡᠨ ᠳᠦ ᠬᠡᠷᠬᠢᠨ ᠰᠣᠩᠭᠣᠬᠤ ᠶᠢ ᠬᠡᠯᠡᠵᠦ ᠥᠭᠴᠦ ᠳᠡᠢᠯᠬᠦ ᠦᠭᠡᠢ ᠂ ᠭᠡᠪᠡᠴᠦ ᠠᠳᠠᠭ ᠲᠤ ᠪᠠᠨ ᠪᠢᠳᠡᠨ ᠳᠦ ᠨᠠᠩ ᠣᠯᠠᠨ ᠰᠣᠩᠭᠣᠯᠲᠠ ᠬᠠᠩᠭᠠᠵᠤ ᠳᠡᠢᠯᠦᠨ᠎ᠡ᠃
43 . ᠲᠡᠦᠬᠡ ᠶᠢ ᠰᠤᠳᠤᠯᠬᠤ ᠶᠢᠨ ᠬᠠᠮᠤᠭ ᠰᠠᠶᠢᠨ ᠰᠢᠯᠲᠠᠭᠠᠨ ᠄ ᠢᠷᠡᠭᠡᠳᠦᠶ ᠪᠡᠨ ᠲᠥᠰᠦᠭᠡᠯᠡᠬᠦ ᠶᠢᠨ ᠲᠥᠯᠥᠭᠡ ᠪᠢᠰᠢ ᠂ ᠬᠠᠷᠢᠨ ᠥᠩᠭᠡᠷᠡᠭᠰᠡᠨ ᠡᠴᠡ ᠪᠡᠨ ᠠᠩᠭᠢᠵᠢᠷᠠᠵᠤ ᠂ ᠥᠭᠡᠷ᠎ᠡ ᠨᠢᠭᠡ ᠬᠤᠪᠢ ᠵᠠᠶᠠᠭ᠎ᠠ ᠪᠠᠨ ᠲᠥᠰᠦᠭᠡᠯᠡᠬᠦ ᠶᠢᠨ ᠲᠥᠯᠥᠭᠡ ᠶᠤᠮ᠃ ᠬᠡᠯᠡᠯᠭᠡᠨ ᠦᠭᠡᠢ ᠂ ᠪᠢᠳᠡ ᠥᠩᠭᠡᠷᠡᠭᠰᠡᠨ ᠤ ᠨᠥᠯᠥᠭᠡᠨ ᠳᠦ ᠠᠪᠲᠠᠭᠳᠠᠬᠤ ᠦᠭᠡᠢ ᠪᠠᠶᠢᠬᠤ ᠶᠢᠨ ᠠᠷᠭ᠎ᠠ ᠦᠭᠡᠢ ᠲᠤᠯᠠ ᠪᠦᠷᠢᠨ ᠡᠷᠬᠡ ᠴᠢᠯᠥᠭᠡ ᠶᠢ ᠬᠡᠵᠢᠶᠡᠳᠡ ᠣᠯᠵᠤ ᠴᠢᠳᠠᠬᠤ ᠦᠭᠡᠢ ᠶᠤᠮ ᠭᠡᠲᠡᠯ᠎ᠡ ᠪᠠᠭ᠎ᠠ ᠴᠤ ᠭᠡᠰᠡᠨ ᠡᠷᠬᠡ ᠴᠢᠯᠥᠭᠡ ᠨᠢ ᠶᠠᠭᠤ ᠴᠤ ᠦᠭᠡᠢ ᠡᠴᠡ ᠳᠡᠭᠡᠷ᠎ᠡ ᠶᠤᠮ᠃
44 . ᠬᠡᠷᠪᠡ ᠬᠠᠮᠤᠭ ᠠᠩᠬᠠᠨ ᠤ ᠳᠤᠷᠠᠳᠤᠭᠰᠠᠨ ᠬᠦᠰᠡᠯᠡᠩ ᠨᠢ ᠳᠤᠲᠠᠭᠳᠠᠯ ᠲᠠᠶ ᠪᠣᠯ ᠂ ᠡᠨᠡ ᠬᠦ ᠳᠤᠲᠠᠭᠳᠠᠯ ᠨᠢ ᠶᠡᠷᠦ ᠨᠢ ᠬᠦᠰᠡᠯᠡᠩ ᠤᠳᠠᠯ ᠦᠭᠡᠢ ᠪᠡᠶᠡᠯᠡᠭᠳᠡᠬᠦ ᠲᠡᠷᠡ ᠬᠦ ᠴᠠᠭ ᠮᠥᠴᠡ ᠳᠦ ᠰᠠᠶ᠋ᠢ ᠭᠡᠨᠡᠳᠲᠡ ᠮᠡᠳᠡᠭᠳᠡᠳᠡᠭ᠃
45 ᠬᠥᠮᠦᠨ ᠲᠥᠷᠥᠯᠬᠢᠲᠡᠨ ᠤ 99 % ᠢᠢᠨ ᠲᠣᠭᠲᠠᠭᠠᠯ ᠨᠢ ᠂ ᠳᠠᠷᠤᠢ ᠤᠷᠤᠭ ᠲᠥᠷᠥᠯ ᠂ ᠠᠵᠢᠯ ᠦᠢᠯᠡᠰ ᠪᠠ ᠣᠷᠣᠨ ᠰᠠᠭᠤᠴᠠ ᠶᠢᠨ ᠲᠤᠬᠠᠢ ᠴᠢᠬᠤᠯᠠ ᠰᠣᠩᠭᠣᠯᠲᠠ ᠶᠢ ᠪᠠᠭᠲᠠᠭᠠᠨ᠎ᠠ ᠂ ᠡᠳᠡᠭᠡᠷ ᠨᠢ ᠴᠥᠮ ᠡᠯ᠎ᠡ ᠵᠦᠢᠯ ᠦᠨ ᠬᠤᠪᠢᠰᠤᠯ ᠢᠶᠠᠷ ᠪᠦᠷᠢᠯᠳᠦᠭᠰᠡᠨ ᠪᠤᠳᠤᠬᠤ ᠠᠷᠭ᠎ᠠ ᠪᠠᠷ ᠰᠢᠢᠳᠪᠦᠷᠢᠯᠡᠳᠡᠭ ᠂ ᠪᠢᠳᠡ ᠡᠳᠡᠭᠡᠷ ᠪᠤᠳᠤᠬᠤ ᠠᠷᠭ᠎ᠠ ᠪᠡᠨ ᠰᠡᠷᠡᠬᠦᠢ ᠂ ᠰᠡᠳᠬᠢᠯᠭᠡ ᠪᠠ ᠬᠦᠰᠡᠯ ᠭᠡᠳᠡᠭ᠃
46 . ᠤᠷᠢᠳ ᠢᠶᠠᠷ 《 ᠪᠤᠰᠤᠳ 》 ᠢ ᠠᠷᠢᠶᠠᠲᠠᠨ ᠭᠡᠵᠦ ᠂ ᠳᠠᠷᠠᠭ᠎ᠠ ᠨᠢ ᠰᠠᠶ᠋ᠢ ᠠᠷᠢᠶᠠᠲᠠᠨ ᠢ ᠬᠦᠯᠢᠭᠡᠯᠵᠡᠨᠡ᠃
47 . ᠰᠢᠨᠵᠢᠯᠡᠬᠦ ᠤᠬᠠᠭᠠᠨᠲᠠᠨ ᠨᠢᠭᠡᠨᠲᠡ ᠣᠶᠣᠨ ᠤ ᠬᠥᠮᠦᠨ ᠢᠶᠡᠷ ᠮᠢᠩᠭ᠎ᠠ ᠲᠦᠮᠡᠨ ᠵᠦᠢᠯ ᠦᠨ ᠬᠠᠴᠢᠨ ᠰᠣᠨᠢᠨ ᠲᠤᠷᠰᠢᠯᠲᠠ ᠶᠢ ᠬᠢᠯᠭᠡᠵᠦ ᠂ ᠬᠥᠮᠦᠨ ᠲᠥᠷᠥᠯᠬᠢᠲᠡᠨ ᠦ ᠵᠢᠷᠦᠬᠡᠨ ᠦ ᠥᠨᠴᠥᠭ ᠪᠤᠯᠤᠩ ᠪᠦᠷᠢ ᠶᠢ ᠡᠷᠢᠵᠦ ᠂ ᠶᠡᠬᠡ ᠲᠠᠷᠢᠬᠢᠨ ᠤ ᠵᠠᠪᠰᠠᠷ ᠪᠦᠷᠢ ᠶᠢ ᠦᠵᠡᠭᠰᠡᠨ ᠪᠣᠯᠪᠠᠴᠤ ᠂ ᠮᠥᠨ ᠯᠡ ᠶᠠᠮᠠᠷ ᠨᠢᠭᠡᠨ ᠣᠨᠴᠠᠭᠠᠢ ᠭᠠᠵᠠᠷ ᠢ ᠣᠯᠵᠤ ᠮᠡᠳᠡᠭᠰᠡᠨ ᠦᠭᠡᠢ᠃ ᠬᠥᠮᠦᠨ ᠳᠦ ᠰᠦᠨᠡᠰᠦ ᠲᠡᠶ ᠂ ᠭᠠᠬᠠᠶ ᠭᠡᠳᠡᠭ ᠢ ᠭᠡᠷᠡᠴᠢᠯᠡᠬᠦ ᠰᠢᠨᠵᠢᠯᠡᠬᠦ ᠤᠬᠠᠭᠠᠨ ᠤ ᠭᠡᠷᠡᠴᠢ ᠃
48 . ᠣᠯᠠᠩᠬᠢ ᠬᠥᠮᠦᠰ ᠦᠨ ᠠᠮᠢᠳᠤᠷᠠᠯ ᠤᠨ ᠤᠳᠬ᠎ᠠ ᠠᠭᠤᠯᠭ᠎ᠠ ᠨᠢ ᠪᠦᠷ ᠯᠡ ᠬᠠᠷᠢᠯᠴᠠᠨ ᠶᠠᠷᠢᠭᠰᠠᠨ ᠦᠯᠢᠭᠡᠷ ᠲᠦ ᠯᠡ ᠣᠷᠣᠰᠢᠳᠠᠭ᠃
49 . ᠬᠥᠮᠦᠨ ᠲᠥᠷᠥᠯᠬᠢᠲᠡᠨ ᠨᠢᠭᠡᠨ ᠤᠳᠬ᠎ᠠ ᠠᠭᠤᠯᠭ᠎ᠠ ᠲᠠᠶ ᠲᠣᠣᠷ ᠂ ᠲᠡᠭᠦᠨ ᠪᠦᠷᠢᠮᠦᠰᠦᠨ ᠢᠲᠡᠭᠡᠨ᠎ᠡ ᠂ ᠭᠡᠪᠡᠴᠦ ᠡᠨᠡ ᠬᠦ ᠲᠣᠣᠷ ᠨᠢ ᠡᠷᠲᠡ ᠣᠷᠣᠢ ᠦᠭᠡᠢ ᠵᠠᠳᠠᠷᠠᠬᠤ ᠶᠤᠮ ᠂ ᠪᠢᠳᠡ ᠡᠷᠭᠢᠵᠦ ᠂ ᠲᠤᠬᠠᠶ ᠶᠢᠨ ᠦᠶ᠎ᠡ ᠳᠦ ᠬᠥᠮᠦᠨ ᠡᠢᠮᠦ ᠤᠴᠢᠷ ᠢ ᠦᠨᠡᠨ ᠰᠡᠳᠬᠢᠯ ᠡᠴᠡ ᠪᠡᠨ ᠢᠲᠡᠭᠡᠬᠦ ᠪᠣᠯᠤᠯᠴᠠᠭ᠎ᠠ ᠦᠭᠡᠢ ᠶᠤᠮ᠃
50 . ᠤᠯᠠᠮᠵᠢᠯᠠᠯᠲᠤ ᠣᠶᠢᠯᠠᠭᠠᠭᠳᠠᠬᠤᠨ ᠨᠢ ᠶᠢᠷᠲᠢᠨᠴᠦ ᠶᠢ ᠨᠢᠭᠡ ᠬᠡᠰᠡᠭ ᠶᠡᠬᠡ ᠪᠠᠭ᠎ᠠ ᠲᠣᠭᠲᠠᠮᠠᠯ ᠪᠣᠣᠪᠣ ᠪᠠᠷ ᠦᠵᠡᠳᠡᠭ ᠂ ᠨᠢᠭᠤᠭᠳᠠᠵᠤ ᠪᠠᠶᠢᠭ᠎ᠠ ᠵᠢᠱᠢᠯᠲᠡ ᠪᠣᠯ ᠳᠠᠷᠤᠢ ᠳᠡᠯᠡᠬᠡᠢ ᠳᠡᠭᠡᠷ᠎ᠡ ᠬᠣᠶᠠᠷᠬᠠᠨ ᠵᠦᠢᠯ ᠦᠨ ᠡᠬᠢ ᠪᠠᠶᠠᠯᠢᠭ ᠪᠠᠶᠢᠳᠠᠭ ᠄ ᠲᠦᠭᠦᠬᠡᠢ ᠮᠠᠲ᠋ᠧᠷᠢᠶᠠᠯ ᠪᠠ ᠡᠨᠧᠷᠭᠢ᠃ ᠭᠡᠪᠡᠴᠦ ᠬᠡᠷᠡᠭ ᠳᠡᠭᠡᠷ᠎ᠡ ᠪᠡᠨ ᠡᠬᠢ ᠪᠠᠶᠠᠯᠢᠭ ᠲᠤ ᠲᠦᠭᠦᠬᠡᠢ ᠡᠳ᠋ ᠮᠠᠲ᠋ᠧᠷᠢᠶᠠᠯ ᠂ ᠡᠨᠧᠷᠭᠢ ᠶᠢᠨ ᠰᠤᠷᠪᠤᠯᠵᠢ ᠪᠠ ᠮᠡᠳᠡᠯᠭᠡ ᠭᠡᠬᠦ ᠭᠤᠷᠪᠠᠨ ᠵᠦᠢᠯ ᠪᠠᠶᠢᠳᠠᠭ᠃ ᠲᠦᠭᠦᠬᠡᠢ ᠡᠳ᠋ ᠮᠠᠲ᠋ᠧᠷᠢᠶᠠᠯ ᠪᠠ ᠡᠨᠧᠷᠭᠢ ᠶᠢᠨ ᠰᠤᠷᠪᠤᠯᠵᠢ ᠶᠢ ᠠᠪᠤᠭᠠᠳ ᠳᠠᠭᠤᠰᠤᠯ᠎ᠠ ᠂ ᠬᠡᠳᠦᠢ ᠠᠷᠪᠢᠨ ᠬᠡᠷᠡᠭᠯᠡᠪᠡᠯ ᠂ ᠲᠡᠳᠦᠢ ᠪᠠᠭ᠎ᠠ ᠦᠯᠡᠳᠡᠨ᠎ᠡ ᠭᠡᠪᠡᠴᠦ ᠮᠡᠳᠡᠯᠭᠡ ᠪᠣᠯ ᠲᠠᠰᠤᠷᠠᠯᠲᠠ ᠦᠭᠡᠢ ᠨᠡᠮᠡᠭᠳᠡᠵᠦ ᠪᠠᠶᠳᠠᠭ ᠂ ᠤᠯᠠᠮ ᠠᠷᠪᠢᠨ ᠬᠡᠷᠡᠭᠯᠡᠪᠡᠯ ᠭᠡᠳᠡᠷᠭᠦ ᠪᠡᠨ ᠤᠯᠠᠮ ᠠᠷᠪᠢᠨ ᠪᠣᠯᠤᠨ᠎ᠠ᠃ ᠮᠡᠳᠡᠯᠭᠡ ᠶᠢᠨ ᠲᠠᠰᠤᠷᠠᠯᠲᠠ ᠦᠭᠡᠢ ᠨᠡᠮᠡᠭᠳᠡᠬᠦ ᠶᠢ ᠳᠠᠭᠠᠯᠳᠤᠨ ᠂ ᠪᠠᠰᠠ ᠨᠠᠩ ᠣᠯᠠᠨ ᠲᠦᠭᠦᠬᠡᠶ ᠮᠠᠲ᠋ᠧᠷᠢᠶᠠᠯ ᠪᠠ ᠡᠨᠧᠷᠭᠢ ᠠᠪᠴᠢᠷᠠᠵᠤ ᠳᠡᠢᠯᠦᠨ᠎ᠡ᠃
51 ᠰᠢᠨᠵᠢᠯᠡᠬᠦ ᠤᠬᠠᠭᠠᠨ ᠤ ᠬᠤᠪᠢᠰᠬᠠᠯ ᠨᠢ ᠬᠥᠮᠦᠨ ᠲᠥᠷᠥᠯᠬᠢᠲᠡᠨ ᠦ ᠡᠶᠢᠮᠦᠷᠬᠦ ᠴᠠᠭᠠᠪᠤᠷ ᠢᠲᠡᠭᠡᠯ ᠢ ᠡᠪᠳᠡᠵᠦ ᠂ ᠰᠢᠨᠵᠢᠯᠡᠬᠦ ᠤᠬᠠᠭᠠᠨ ᠤ ᠬᠠᠮᠤᠭ ᠤᠨ ᠶᠡᠬᠡ ᠢᠯᠡᠷᠡᠭᠦᠯᠦᠯᠲᠡ ᠨᠢ ᠶᠠᠭ ᠬᠥᠮᠦᠨ ᠲᠥᠷᠥᠯᠬᠢᠲᠡᠨ ᠳᠦ ᠥᠪᠡᠷ ᠦᠨ ᠮᠡᠳᠡᠯᠭᠡ ᠦᠭᠡᠢ ᠪᠡᠨ ᠢᠯᠡᠷᠡᠭᠦᠯᠦᠭᠰᠡᠨ ᠶᠠᠪᠤᠳᠠᠯ ᠪᠣᠯᠤᠨ᠎ᠠ᠃ ᠬᠥᠮᠦᠨ ᠲᠥᠷᠥᠯᠬᠢᠲᠡᠨ ᠥᠪᠡᠷ ᠡᠨᠡ ᠶᠢᠷᠲᠢᠨᠴᠦ ᠶᠢᠨ ᠲᠤᠬᠠᠢ ᠶᠠᠭᠤ ᠴᠤ ᠮᠡᠳᠡᠬᠦ ᠦᠭᠡᠢ ᠪᠡᠨ ᠮᠡᠳᠡᠭᠡᠳ ᠭᠡᠨᠡᠳᠲᠡ ᠰᠢᠨ᠎ᠡ ᠮᠡᠳᠡᠯᠭᠡ ᠶᠢ ᠬᠥᠭᠡᠭᠡᠴᠡᠯᠳᠦᠬᠦ ᠪᠤᠯᠵᠤ ᠂ ᠰᠢᠨᠵᠢᠯᠡᠬᠦ ᠤᠬᠠᠭᠠᠨ ᠢᠶᠠᠷ ᠲᠠᠪᠰᠢᠯᠳᠠ ᠶᠢ ᠠᠬᠢᠭᠤᠯᠬᠤ ᠵᠠᠮ ᠢ ᠨᠡᠭᠡᠭᠡᠭᠰᠡᠨ ᠪᠠᠶᠢᠨ᠎ᠠ᠃
52 . ᠲᠡᠦᠬᠡ ᠶᠢ ᠪᠦᠲᠦᠭᠡᠭᠰᠡᠨ ᠨᠢ ᠶᠡᠷᠦ ᠨᠢ ᠨᠢᠭᠡ ᠪᠦᠯᠦᠭ ᠤᠷᠤᠭᠰᠢ ᠰᠢᠨ᠎ᠡ ᠶᠢ ᠡᠭᠦᠳᠦᠭᠴᠢ ᠪᠠᠶᠢᠵᠤ ᠂ ᠬᠠᠷᠢᠨ ᠬᠣᠶᠢᠰᠢ ᠬᠠᠷᠠᠬᠤ ᠣᠯᠠᠨ ᠲᠦᠮᠡᠨ ᠪᠢᠰᠢ ᠶᠤᠮ᠃
53 . ᠬᠥᠮᠦᠨ ᠦ ᠬᠦᠰᠡᠯ ᠪᠣᠯ ᠨᠢᠭᠡ ᠵᠦᠢᠯ ᠦᠨ 《 ᠰᠣᠩᠭᠣᠯᠲᠠ 》 ᠪᠢᠰᠢ ᠂ ᠪᠢᠳᠡ ᠵᠥᠪᠬᠡᠨ 《 ᠬᠦᠰᠡᠯ 》 ᠢ 《 ᠮᠡᠳᠡᠷᠡᠵᠦ 》 ᠂ ᠳᠠᠷᠠᠭ᠎ᠠ ᠨᠢ ᠰᠠᠶ᠋ᠢ ᠦᠢᠯᠡ ᠠᠵᠢᠯᠯᠠᠭ᠎ᠠ ᠪᠠᠨ᠃
54 . ᠣᠳᠣ ᠦᠶ᠎ᠡ ᠶᠢᠨ ᠬᠥᠮᠦᠨ ᠲᠥᠷᠥᠯᠬᠢᠲᠡᠨ ᠨᠢᠭᠡᠨᠲᠡ 《 ᠠᠶᠤᠵᠤ ᠰᠦᠷᠳᠡᠬᠦ ᠡᠪᠡᠳᠴᠢᠨ 》 ᠳᠦ ᠨᠡᠷᠪᠡᠭᠳᠡᠵᠦ ᠂ ᠶᠡᠷᠦ ᠨᠢ ᠶᠠᠮᠠᠷ ᠨᠢᠭᠡᠨ ᠶᠠᠭᠤᠮ᠎ᠠ ᠶᠢ ᠠᠯᠳᠠᠵᠤ ᠶᠠᠪᠤᠭᠤᠯᠬᠤ ᠠᠴᠠ ᠰᠠᠨᠠᠭ᠎ᠠ ᠵᠣᠪᠠᠳᠠᠭ ᠬᠡᠳᠦᠶᠢᠪᠡᠷ ᠭᠠᠷ ᠲᠠᠬᠢ ᠰᠣᠩᠭᠣᠯᠲᠠ ᠥᠩᠭᠡᠷᠡᠭᠡᠭᠰᠡᠨ ᠦᠦ ᠠᠯᠢ ᠴᠤ ᠦᠶ᠎ᠡ ᠡᠴᠡ ᠠᠷᠪᠢᠨ ᠪᠣᠯᠪᠠᠴᠤ ᠂ ᠰᠣᠩᠭᠣᠭᠰᠠᠨ ᠤ ᠳᠠᠷᠠᠭ᠎ᠠ ᠪᠠᠰᠠ ᠪᠦᠬᠦ ᠰᠡᠳᠬᠢᠯ ᠪᠦᠬᠦ ᠵᠣᠷᠢᠭ ᠢᠶᠠᠷ ᠢᠶᠠᠨ
55 . ᠬᠥᠮᠦᠨ ᠢᠶᠡᠷ ᠭᠣᠣᠯ ᠪᠣᠯᠭᠠᠭᠰᠠᠨ ᠶᠢᠷᠲᠢᠨᠴᠦ ᠶᠢᠨ ᠦᠵᠡᠯᠲᠡ ᠡᠴᠡ ᠲᠣᠭ᠎ᠠ ᠪᠠᠷᠢᠮᠲᠠ ᠪᠠᠷ ᠭᠣᠣᠯ ᠪᠣᠯᠭᠠᠭᠰᠠᠨ ᠶᠢᠷᠲᠢᠨᠴᠦ ᠶᠢᠨ ᠦᠵᠡᠯᠲᠡ ᠳᠦ ᠰᠢᠯᠵᠢᠬᠦ ᠡᠨᠡ ᠬᠦ ᠬᠤᠪᠢᠷᠠᠯᠲᠠ ᠨᠢ ᠭᠦᠨ ᠤᠬᠠᠭᠠᠨ ᠤ ᠤᠳᠬ᠎ᠠ ᠠᠭᠤᠯᠭ᠎ᠠ ᠳᠡᠭᠡᠷᠡᠬᠢ ᠬᠤᠪᠢᠰᠬᠠᠯ ᠲᠡᠳᠦᠶ ᠪᠢᠰᠢ ᠂ ᠬᠠᠷᠢᠨ ᠮᠠᠨ ᠤ ᠠᠮᠢᠳᠤᠷᠠᠯ ᠢ ᠦᠨᠡᠨ ᠪᠣᠳᠠᠲᠠᠶ ᠪᠠᠷ ᠨᠥᠯᠥᠭᠡᠯᠡᠬᠦ ᠪᠣᠯᠤᠨ᠎ᠠ᠃
56 . ᠪᠢᠳᠡ ᠶᠠᠭ ᠲᠦᠮᠡᠨ ᠪᠣᠳᠠᠰ ᠤᠨ ᠢᠨᠲ᠋ᠧᠷ ᠰᠦᠯᠵᠢᠶ᠎ᠡ ᠶᠢ ᠴᠢᠷᠮᠠᠶᠢᠨ ᠪᠠᠶᠢᠭᠤᠯᠵᠤ ᠪᠠᠶᠢᠨ᠎ᠠ᠃ ᠪᠢᠳᠡᠨ ᠢ ᠡᠷᠡᠭᠦᠯ ᠴᠢᠭᠢᠷᠠᠭ ᠂ ᠪᠠᠶᠠᠷ ᠬᠥᠷ ᠲᠡᠶ ᠂ ᠬᠦᠴᠦᠷᠬᠡᠭ ᠶᠡᠬᠡ ᠬᠦᠴᠦᠨ ᠲᠡᠶ ᠪᠣᠯᠭᠠᠬᠤ ᠶᠢ ᠬᠦᠰᠡᠵᠦ ᠪᠠᠶᠢᠨ᠎ᠠ᠃ ᠭᠡᠲᠡᠯ᠎ᠡ ᠂ ᠲᠦᠮᠡᠨ ᠪᠣᠳᠠᠰ ᠤᠨ ᠢᠨᠲ᠋ᠧᠷ ᠰᠦᠯᠵᠢᠶ᠎ᠡ ᠡᠬᠢᠯᠡᠨ ᠠᠵᠢᠯᠯᠠᠬᠤ ᠳᠤ ᠭᠦᠷᠪᠡᠯ ᠂ ᠬᠥᠮᠦᠨ ᠲᠥᠷᠥᠯᠬᠢᠲᠡᠨ ᠵᠢᠷᠤᠭ ᠲᠥᠯᠥᠪᠯᠡᠭᠴᠢ ᠶᠢᠨ ᠲᠠᠰ ᠠᠴᠠ ᠴᠠᠬᠢᠮ ᠪᠣᠯᠤᠨ ᠪᠠᠭᠤᠷᠠᠵᠤ ᠂ ᠳᠠᠬᠢᠨ ᠲᠣᠭ᠎ᠠ ᠪᠠᠷᠢᠮᠲᠠ ᠪᠣᠯᠤᠨ ᠪᠠᠭᠤᠷᠠᠵᠤ ᠂ ᠬᠠᠮᠤᠭ ᠡᠴᠦᠰ ᠲᠦ ᠲᠣᠭ᠎ᠠ ᠪᠠᠷᠢᠮᠲᠠ ᠶᠢᠨ ᠦᠶᠡᠷ ᠲᠦ ᠠᠭᠤᠰᠴᠤ ᠂ ᠶᠠᠭ ᠯᠠ ᠦᠶᠡᠷ ᠦᠨ ᠤᠷᠤᠰᠬᠠᠯ ᠳᠠᠬᠢ ᠨᠢᠭᠡ ᠬᠡᠰᠡᠭ ᠰᠢᠪᠠᠷ ᠮᠡᠲᠦ ᠪᠣᠯᠤᠨ᠎ᠠ᠃
57 . ᠡᠷᠲᠡᠨ ᠦ ᠦᠶ᠎ᠡ ᠳᠦ ᠂ ᠢᠳᠡ ᠬᠦᠴᠦᠨ ᠨᠢ ᠮᠠᠲ᠋ᠧᠷᠢᠶᠠᠯ ᠣᠯᠬᠤ ᠡᠷᠬᠡ ᠲᠡᠶ᠃ ᠬᠠᠷᠢᠨ ᠥᠨᠥᠳᠦᠷ ᠪᠣᠯᠬᠤᠯ᠎ᠠ᠂ ᠬᠦᠴᠦᠨ ᠴᠢᠳᠠᠯ ᠨᠢ ᠶᠠᠭᠤ ᠶᠢ ᠤᠮᠳᠤᠭᠠᠢᠯᠠᠬᠤ ᠶᠢ ᠮᠡᠳᠡᠨ᠎ᠡ᠃