 

ᠺᠤᠷᠤᠨᠠ ᠬᠢᠵᠢᠭ ᠢ ᠳᠠᠷᠤᠬᠤ ᠡᠬᠢᠨ ᠦ ᠲᠤᠯᠠᠯᠳᠤᠭᠠᠨ

2020-08-19 19:36
  62
  0
                       ᠡᠷᠡᠭᠡᠨ᠂ ᠰᠠᠢᠵᠢᠷᠠ
      ᠬᠤᠶᠠᠷ ᠮᠢᠩᠭ᠎ᠠ ᠠᠷᠪᠠ ᠶᠢᠰᠦᠨ ᠤᠨ ᠤ ᠰᠡᠭᠦᠯ
      ᠬᠤᠶᠠᠷ ᠮᠢᠩᠭ᠎ᠠ ᠬᠤᠷᠢᠨ ᠤᠨ ᠤ ᠡᠬᠢ ᠪᠡᠷ᠂
      ᠬᠤᠪᠸᠢ ᠮᠤᠵᠢ ᠶᠢᠨ ᠦᠬᠠᠨ ᠬᠤᠲᠠ ᠳᠤ
      ᠺᠤᠷᠤᠨᠠ ᠸᠢᠷᠦ᠋ᠰ ᠦᠨ ᠬᠠᠯᠳᠠᠪᠦᠷᠢᠲᠥ ᠬᠢᠵᠢᠭ ᠳᠡᠯᠭᠡᠷᠡᠭᠰᠡᠨ᠎ᠡ᠃
      ᠠᠭᠤᠤ ᠨᠠᠮ ᠵᠠᠰᠠᠭ ᠤᠨ ᠨᠢᠭᠡᠳᠥᠯ ᠲᠠᠢ ᠤᠳᠤᠷᠢᠳᠤᠯᠭ᠎ᠠ ᠪᠠᠷ
      ᠠᠷᠪᠠᠨ ᠳᠤᠩᠰᠢᠭᠤᠷ ᠠᠷᠠᠳ ᠪᠦᠯᠬᠥᠮᠳᠡᠨ᠂
      ᠠᠶᠤᠯᠲᠥ ᠰᠢᠨ᠎ᠡ ᠲᠢᠳᠢᠮᠯᠢᠭ ᠠᠭᠤᠰᠬᠢᠨ ᠦᠷᠪᠢᠰᠥᠯ ᠢ
      ᠠᠷᠢᠯᠭᠠᠨ ᠳᠠᠷᠤᠵᠤ ᠬᠤᠷᠢᠭᠯᠠᠨ ᠡᠵᠡᠮᠳᠡᠬᠥ ᠪᠡᠷ ᠳᠠᠢᠯᠠᠯᠳᠤᠪᠠᠢ᠃ 
      ᠤᠨᠴᠤᠭᠤᠢ ᠬᠢᠵᠢᠭ ᠲᠦ ᠨᠡᠷᠪᠡᠭᠳᠡᠭᠰᠡᠨ ᠦᠬᠠᠨ ᠤ ᠠᠷᠠᠳ ᠢ ᠠᠪᠤᠷᠠᠬᠤ ᠪᠠᠷ
      ᠤᠯᠠᠨ ᠮᠤᠵᠢ ᠬᠤᠲᠠ ᠤᠷᠤᠨ ᠤ ᠡᠮᠴᠢ ᠰᠤᠪᠢᠯᠠᠭᠴᠢ ᠤᠴᠢᠪᠠᠢ᠂
      ᠲᠤᠰᠬᠠᠢ ᠮᠡᠷᠭᠡᠵᠢᠯᠲᠡᠨ᠂ ᠡᠷᠳᠡᠮᠲᠡᠨ᠂ ᠰᠢᠨᠵᠢᠯᠡᠨ ᠰᠤᠳᠤᠯᠤᠭᠠᠴᠢ
      ᠲᠤᠨᠤᠭ ᠲᠦᠬᠥᠭᠡᠷᠡᠮᠵᠢ ᠡᠮᠨᠡᠯᠭᠡ ᠶᠢᠨ ᠬᠡᠷᠡᠭᠰᠡᠯ ᠢ ᠤᠯᠤᠰ ᠬᠠᠩᠭᠠᠭᠠᠵᠠᠢ᠃
      ᠭᠤᠷᠪᠠᠨ ᠵᠠᠭᠤᠨ ᠳᠦᠴᠢᠨ ᠵᠢᠷᠭᠤᠭᠠᠨ
      ᠭᠤᠤᠯᠯᠠᠭᠴᠢ ᠡᠮᠴᠢᠯᠡᠭᠡᠨ ᠦ ᠠᠩᠭᠢ ᠪᠠᠷᠢᠭᠠᠳᠠ᠂
      ᠳᠦᠷᠪᠡᠨ ᠲᠦᠮᠡ ᠬᠤᠶᠠᠷ ᠮᠢᠩᠭ᠎ᠠ ᠭᠠᠷᠤᠢ ᠤᠲᠠᠴᠢ
      ᠳᠦᠷᠪᠡᠨ ᠵᠦᠭ ᠨᠠᠢ᠌ᠮᠠᠨ ᠵᠤᠪᠬᠢᠰ ᠠᠴᠠ ᠦᠬᠠᠨ ᠢ ᠲᠡᠳᠬᠥᠪᠡ᠃
      ᠬᠤᠷᠢᠨ ᠨᠠᠢ᠌ᠮᠠᠨ ᠬᠤᠨᠤᠭ ᠳᠤᠲᠤᠷ᠎ᠠ
      ᠬᠤᠶᠠᠷ ᠲᠤᠮᠤ ᠡᠮᠨᠡᠯᠭᠡ ᠪᠤᠰᠬᠠᠨ ᠪᠠᠷᠢᠵᠥ᠂
      ᠬᠤᠶᠠᠷ ᠮᠢᠩᠭ᠎ᠠ ᠵᠢᠷᠭᠤᠭᠠᠨ ᠵᠠᠭᠤᠨ ᠤᠷᠤ ᠲᠠᠢ
      ᠬᠤᠷᠳᠤᠨ ᠂ ᠡᠪᠡᠳᠴᠢᠲᠡᠨ ᠢ ᠠᠪᠤᠷᠠᠬᠤ ᠨᠦᠬᠥᠴᠡᠯ ᠢ ᠪᠦᠷᠢᠯᠳᠥᠬᠦᠯᠵᠡᠢ᠃
      ᠪᠡᠶ᠎ᠡ ᠶᠢᠨ ᠲᠠᠮᠢᠷ ᠤᠨ ᠤᠷᠳᠤᠨ᠂ ᠲᠢᠶᠠᠲᠠᠷ ᠢ ᠠᠰᠢᠭᠯᠠᠨ
      ᠪᠡᠯᠡᠨ ᠡᠮᠨᠡᠯᠭᠡ ᠪᠤᠯᠭᠠᠨ ᠵᠤᠪᠠᠯᠠᠩᠲᠠᠳ ᠢ ᠲᠤᠰᠠᠯᠠᠵᠥ᠂
      ᠪᠡᠶ᠎ᠡ ᠪᠡᠨ ᠦᠯᠥ ᠪᠤᠳᠤᠨ ᠪᠤᠰᠤᠳ ᠢ ᠠᠨᠠᠭᠠᠬᠤᠢ
      ᠪᠢᠰᠢᠷᠡᠯᠲᠡᠢ ᠪᠠᠭᠠᠲᠤᠷᠯᠢᠭ ᠦᠢᠯᠡ ᠠᠵᠢᠯᠯᠠᠭ᠎ᠠ ᠨᠢ ᠮᠠᠭᠲᠠᠯᠲᠠᠢ᠃
      ᠠᠪᠤᠷᠠᠯᠲᠠ ᠡᠮᠴᠢᠯᠡᠭᠡᠨ ᠦ ᠦᠢᠯᠡᠳᠦᠯᠭᠡ ᠳᠤᠮᠳᠠ
      ᠠᠷᠭ᠎ᠠ ᠲᠤᠷᠰᠢᠯᠭ᠎ᠠ ᠬᠤᠷᠠᠮᠳᠤᠭᠤᠯᠤᠨ ᠳᠦᠩᠨᠡᠵᠥ᠂
      ᠠᠺᠢᠲᠮᠢᠲ᠂ ᠲᠤᠰᠬᠠᠢ ᠮᠡᠷᠭᠡᠵᠢᠯᠲᠡᠳ ᠰᠢᠨᠵᠢᠯᠡᠨ ᠰᠤᠳᠤᠯᠤᠵᠤ
      ᠠᠨᠠᠭᠠᠨ ᠡᠳᠡᠭᠡᠬᠥ ᠡᠮ ᠡᠭᠦᠳᠥᠵᠥ ᠪᠦᠲᠥᠭᠡᠨ᠎ᠡ᠃
      ᠡᠮᠴᠢ ᠰᠤᠪᠢᠯᠠᠭᠴᠢ ᠨᠠᠷ ᠠᠮᠢ ᠬᠤᠪᠢ ᠪᠠᠨ ᠤᠮᠠᠷᠲᠠᠠ
      ᠡᠪᠡᠳᠴᠢᠯᠡᠭᠰᠡᠨ ᠬᠢᠵᠢᠭᠲᠡᠳ ᠢ ᠡᠮᠴᠢᠯᠡᠨ ᠰᠤᠪᠢᠯᠠᠵᠥ᠂
      ᠡᠳᠡᠭᠡᠷᠡᠭᠦᠯᠥᠨ ᠲᠡᠩᠬᠡᠷᠡᠭᠦᠯᠵᠥ ᠠᠪᠬᠤ ᠪᠠᠷ ᠴᠢᠷᠮᠠᠢᠨ
      ᠡᠭᠡᠯᠵᠢ ᠬᠠᠯᠠᠭ᠎ᠠ ᠪᠠᠷ ᠠᠮᠢ ᠴᠦᠯᠡᠨ ᠠᠵᠢᠯᠯᠠᠴᠢᠭᠠᠨ᠎ᠠ᠃
      ᠨᠠᠰᠤᠲᠠᠨ ᠪᠤᠭᠤᠷᠤᠯ ᠦᠭᠥᠳᠦᠭᠥᠰ ᠡᠴᠡ ᠠᠪᠤᠭᠠᠳ
      ᠨᠢᠷᠠᠢ ᠪᠠᠭᠠᠴᠤᠳ ᠵᠠᠯᠠᠭᠤ ᠢᠳᠡᠷ ᠡᠪᠡᠳᠴᠢᠲᠡᠨ ᠪᠦᠬᠥᠨ᠂
      ᠨᠠᠮ ᠵᠠᠰᠠᠭ ᠠᠷᠠᠳ ᠲᠦᠮᠡᠨ ᠦ ᠢᠪᠡᠭᠡᠭᠰᠡᠨ
      ᠨᠢᠩᠵᠢᠨ ᠬᠠᠢᠷ᠎ᠠ ᠬᠠᠯᠠᠮᠵᠢ ᠶᠢ ᠬᠦᠷᠲᠡᠨ᠎ᠡ᠃
      ᠪᠦᠬᠥᠢ ᠤᠯᠤᠰ ᠢᠶᠠᠷ ᠢᠶᠠᠨ ᠬᠡᠢᠵᠢᠭ  ᠶᠢ ᠤᠰᠠᠳᠬᠠᠬᠤ ᠪᠠᠷ ᠲᠡᠮᠡᠴᠡᠨ
      ᠪᠦᠬᠥᠳᠡ ᠠᠷᠠᠳ ᠢᠶᠠᠷ ᠢᠶᠠᠨ ᠺᠤᠷᠤᠨᠠ ᠸᠢᠷᠦ᠋ᠰ ᠢ ᠰᠡᠷᠭᠡᠢᠯᠡᠵᠥ᠂
      ᠠᠮᠠᠪᠴᠢ ᠵᠡᠭᠥᠵᠦ ᠭᠠᠷ ᠤᠬᠢᠶᠠᠨ ᠠᠷᠢᠭᠤᠳᠬᠠᠬᠤ
      ᠠᠰᠲᠠᠭᠠᠨ ᠵᠠᠢ ᠬᠤᠷᠢᠶᠠ ᠴᠡᠭᠡᠷ ᠲᠠᠢ ᠪᠠᠢᠯᠴᠠᠵᠢᠭᠠᠨ᠎ᠠ᠃
      ᠡᠯ᠎ᠡ ᠱᠠᠲᠤᠨ ᠤ ᠨᠠᠮ ᠵᠠᠰᠠᠭ ᠤᠨ ᠬᠢᠨ
      ᠡᠪᠡᠳᠴᠢᠨ ᠢ ᠦᠨᠡᠨ ᠮᠦᠨ ᠢᠶᠡᠷ ᠨᠢ ᠮᠡᠳᠡᠭᠡᠯᠡᠵᠥ᠂
      ᠡᠷᠡᠰᠳᠡᠬᠥ ᠬᠤᠬᠢᠷᠠᠬᠤ  ᠢᠶᠡᠨ  ᠡᠰᠡ ᠬᠠᠢᠬᠤᠷᠠᠨ
      ᠡᠷᠯᠢᠭ ᠺᠤᠷᠤᠨᠠ ᠶᠢ ᠰᠦᠨᠥᠭᠡᠬᠥ ᠪᠡᠷ ᠪᠠᠢᠯᠳᠤᠵᠢᠭᠠᠨ᠎ᠠ᠃
      ᠡᠯ᠎ᠡ ᠹᠠᠷᠤᠨᠲ ᠤᠨ ᠭᠠᠯ ᠱᠤᠭᠤᠮ ᠳᠤ
      ᠡᠪ ᠬᠠᠮᠲᠤ ᠨᠠᠮ ᠤᠨ ᠭᠡᠰᠢᠭᠦᠳ ᠲᠡᠷᠢᠭᠦᠯᠡᠨ᠂
      ᠡᠭᠦᠷᠭᠡ ᠬᠠᠷᠢᠭᠤᠴᠠᠯᠭ᠎ᠠ ᠶᠢᠨ ᠬᠦᠨᠳᠥ ᠶᠢ ᠡᠭᠦᠷᠴᠥ
      ᠡᠪᠡᠳᠴᠡᠠ ᠬᠢᠵᠢᠭ ᠢ ᠬᠤᠷᠢᠭᠯᠠᠨ ᠡᠵᠡᠮᠳᠡᠵᠥ ᠪᠠᠢᠨ᠎ᠠ᠃
      ᠠᠴᠢᠲᠤ ᠨᠠᠮ ᠵᠠᠰᠠᠭ ᠤᠨ ᠵᠦᠪ ᠵᠢᠯᠤᠭᠤᠳᠤᠯᠭ᠎ᠠ ᠪᠠᠷ
      ᠠᠷᠪᠠᠨ ᠳᠦᠷᠪᠡᠨ ᠳᠤᠩᠰᠢᠭᠤᠷ ᠠᠷᠠᠳ ᠢᠶᠠᠨ ᠬᠠᠮᠠᠭᠠᠯᠠᠪᠠᠢ᠂
      ᠰᠢᠨ᠎ᠡ ᠲᠢᠳᠢᠮᠯᠢᠭ ᠠᠭᠤᠰᠬᠢᠨ ᠦᠷᠪᠢᠰᠥᠯ ᠢ
      ᠰᠢᠨ᠎ᠡ ᠳᠤᠮᠳᠠᠳᠤ ᠤᠯᠤᠰ ᠤᠨ ᠠᠷᠠᠳ ᠲᠦᠮᠡᠨ ᠢᠯᠠᠨ᠎ᠠ᠃
                    
                   ᠡᠷᠡᠭᠡᠨ᠂ ᠪᠢᠯᠢᠭ᠍ᠪᠠᠰᠠᠩ ᠵᠤᠬᠢᠶᠠᠪᠠ᠂
                              2020ᠤᠨ ᠤ4 ᠰᠠᠷᠠᠢᠨ22 ᠡᠳᠦᠷ᠂
                                ᠬᠠᠢᠯᠠᠷ ᠬᠤᠲᠠᠨ᠎ᠠ᠃
     



  
     
     