-
25564
ᠠᠲᠠᠭᠠᠷᠬᠠᠯ
2022-11-14 10:20
59
0
ᠠᠲᠠᠭᠠᠷᠬᠠᠯ
︵ ᠬᠠᠮᠲᠦ ᠰᠢᠷᠡᠭᠡᠨ ᠳᠤ ᠪᠣᠯᠤᠭᠰᠠᠨ ᠬᠤᠶᠠᠷ ᠢ ᠬᠣᠯᠪᠤᠭᠰᠠᠨ ᠪᠠᠳᠠᠭ︶
ᠪᠣ ᠴᠡᠭ
ᠠᠷᠢᠬᠢ ᠪᠡᠷ ᠲᠣᠭᠯᠠᠭᠰᠠᠨ ᠬᠣᠶᠠᠷ ᠤᠨ
ᠠᠭᠠᠰᠢ ᠨᠢ ᠨᠢᠬᠡ ᠯᠠ ᠣᠨᠳᠣᠣ ᠪᠠᠢᠨ᠎ᠠ
ᠠᠮᠠᠷᠠᠭ ᠢᠵᠢᠯᠢ ᠵᠢᠰᠤᠨ ᠳ᠋ᠤ ᠨᠢ
ᠠᠲᠠᠭᠠᠷᠬᠠᠭ ᠰᠡᠳᠭᠢᠯ ᠬᠦᠳᠡᠯᠤᠭᠡᠳ ᠯᠠ ᠪᠠᠢᠨ᠎ᠠ
ᠰᠢᠯ ᠤᠨ ᠴᠣᠮᠤ ᠲᠠᠢ ᠠᠷᠢᠭᠢ ᠠᠷᠠᠵᠠ
ᠰᠢᠷᠡᠭᠡᠨ ᠳ᠋ᠤ ᠲᠣᠭᠲᠠᠮᠠ ᠦᠭᠡᠢ ᠬᠦᠨᠲᠦᠷᠥᠮᠡ ᠪᠠᠢᠨ᠎ᠠ
ᠰᠢᠮ᠎ᠡ ᠲᠠᠢ ᠵᠣᠭᠤᠭ ᠲᠤ ᠲᠡᠪᠲᠡᠭᠰᠡᠨ ᠬᠣᠶᠠᠷ
ᠰᠢᠯ ᠢᠶᠡᠷ ᠢᠶᠡᠨ ᠬᠠᠷᠭᠤᠮᠠ ᠳᠡᠪᠵᠢᠶᠡᠷᠡᠮᠡ ᠪᠠᠢᠨ᠎ᠠ
ᠳᠣᠯᠢᠶᠠᠪᠦᠷ ᠬᠤᠷᠤᠭᠤ ᠪᠠᠷ ᠢᠶᠠᠨ ᠭᠣᠬᠠᠳᠠᠮᠠ ᠪᠠᠢᠨ᠎ᠠ
ᠳᠤᠳᠤᠭᠰᠢ ᠪᠠᠨ ᠬᠠᠷᠠᠴᠠ ᠨᠢ ᠦᠩᠭᠡᠢᠮᠡ ᠪᠠᠢᠨ᠎ᠠ
ᠳᠤᠬᠢᠲᠠᠢ ᠦᠭᠡ ᠪᠠᠨ ᠰᠢᠪᠡᠨᠡᠯᠳᠦᠨ ᠪᠠᠢᠨ᠎ᠠ
ᠳᠤᠳᠤᠭᠠᠳᠤ ᠰᠡᠳᠭᠢᠯ ᠨᠢ ᠪᠠᠶᠠᠷᠲᠠᠢ ᠯᠠ ᠪᠠᠢᠨ᠎ᠠ
ᠭᠡᠵᠢᠭᠡ ᠲᠣᠯᠤᠭᠠᠢ ᠨᠢ ᠨᠡᠢᠯᠡᠮᠠᠷ ᠪᠠᠢᠨ᠎ᠠ
ᠭᠡᠨᠡᠭ᠌ ᠦᠭᠡᠢ ᠵᠠᠩ ᠨᠢ ᠬᠥᠳᠡᠯᠦᠮᠡᠷ ᠪᠠᠢᠨ᠎ᠠ
ᠭᠡᠮ ᠪᠣᠯᠭᠤᠮᠵᠢ ᠪᠠᠨ ᠠᠯᠳᠠᠮᠡᠷ ᠪᠠᠢᠨ᠎ᠠ
ᠭᠡᠳᠡᠭᠡ ᠲᠠᠢ ᠬᠦᠰᠡᠯ ᠨᠢ ᠪᠤᠴᠠᠯᠤᠮᠠᠷ ᠪᠠᠢᠨ᠎ᠠ
ᠴᠠᠭ ᠤᠨ ᠵᠡᠭᠦᠤ ᠨᠢ ᠴᠣᠬᠢᠯᠠᠭᠠᠰᠤᠲᠠᠢ᠌ ᠯᠠ ᠪᠠᠢᠨ᠎ᠠ
ᠴᠠᠯᠮᠠᠨ ᠰᠡᠳᠭᠢᠯ ᠨᠢ ᠬᠦᠯᠢᠶᠡᠰᠦᠲᠠᠢ᠌ ᠯᠠ ᠪᠠᠢᠨ᠎ᠠ
ᠴᠠᠭᠯᠠᠰᠢᠭᠦᠢ ᠤᠷᠮ᠎ᠠ ᠨᠢ ᠪᠣᠯᠭᠢᠯᠠᠭᠠᠳ ᠯᠠ ᠪᠠᠢᠨ᠎ᠠ
ᠴᠠᠭᠠᠨ᠎ᠠ ᠨᠠᠭᠠᠨ᠎ᠠ ᠪᠠᠨ ᠵᠠᠪᠳᠤᠮᠠᠷ ᠯᠠ ᠪᠠᠢᠨ᠎ᠠ
2020.11.26