-
2113339
ᠦᠭᠡᠷ ᠤᠨ ᠭᠡᠮ ᠢ ᠰᠡᠭᠦᠯ ᠢᠶᠠᠷ ᠨᠢ ᠲᠤᠳᠤᠯᠠᠬᠤ ᠠᠷᠭ᠎ᠠ
2019-05-17 10:23
745
0
ᠦᠭᠡᠷ ᠤᠨ ᠰᠡᠭᠦᠯ ᠤᠨ ᠴᠢᠳᠠᠪᠤᠷᠢ ᠪᠠ ᠭᠡᠯᠪᠡᠷᠢ ᠪᠠᠶᠢᠳᠠᠯ ᠤᠨ ᠬᠤᠪᠢᠷᠠᠯᠳᠠ ᠶᠢ ᠠᠵᠢᠠᠠᠯᠠᠵᠤ᠂ ᠭᠡᠮ ᠭᠢᠵᠢᠭ ᠲᠠᠢ ᠡᠰᠡᠭᠦ ᠶᠢ ᠨᠢ ᠲᠤᠳᠤᠯᠠᠬᠤ ᠪᠤᠯ ᠡᠮᠴᠢᠯᠡᠭᠡ ᠲᠡᠭᠡᠷ᠎ᠡ ᠲᠤᠳ᠋ᠬᠠᠳᠠᠵᠤ ᠪᠤᠯᠤᠰᠢ ᠦᠭᠡᠢ ᠨᠢᠭᠡ ᠵᠤᠶᠢᠯ ᠤᠨ ᠪᠦᠳᠦᠮᠵᠢᠳᠡᠢ ᠤᠨᠤᠰᠢᠯᠠᠨ ᠲᠤᠳᠤᠯᠠᠬᠤᠠᠷᠭᠠ ᠪᠠᠷᠢᠯ ᠪᠤᠯᠤᠨ᠎ᠠ᠃
ᠦᠭᠡᠷ ᠤᠨ ᠰᠡᠭᠦᠯ ᠤᠨ ᠠᠵᠢᠯᠯᠠᠭ᠎ᠠ ᠭᠡᠳᠦᠶᠢᠪᠡᠷ ᠲᠤᠠᠠᠳ᠋ᠬᠠᠰᠠᠨ ᠲᠠᠪᠳᠠᠮᠵᠢ ᠦᠭᠡᠢ ᠪᠤᠯᠪᠠᠴᠤ ᠵᠤᠭᠢᠬᠤ ᠨᠢᠭᠡ ᠵᠤᠶᠢᠯ ᠤᠨ
ᠬᠤᠪᠢᠷᠠᠯᠳᠠ ᠶᠢᠨ ᠵᠢᠮ᠎ᠠ ᠶᠤᠰᠤ ᠲᠠᠢ ᠶᠤᠮ᠃ ᠬᠠᠯᠠᠭᠤᠨ ᠡᠳᠤᠷ ᠤᠳ ᠲᠤ ᠦᠭᠡᠷ ᠰᠡᠭᠦᠯ ᠢᠶᠠᠨ ᠭᠦᠳᠡᠯᠭᠡᠭᠦ ᠨᠢ ᠰᠡᠷᠢᠭᠦᠨ ᠡᠳᠤᠷ ᠤᠨ ᠬᠢ ᠠᠴᠠ ᠠᠷᠪᠢᠨ ᠪᠠᠶᠢᠳᠠᠭ ᠪᠦᠭᠡᠳ ᠭᠤᠶᠠᠳᠠᠬᠤ ᠨᠢ ᠴᠤ ᠭᠦᠴᠤ ᠲᠠᠢ ᠪᠠᠶᠢᠳᠠᠭ᠃ ᠵᠠᠮ ᠶᠠᠪᠤᠬᠤ ᠪᠡ ᠭᠦᠯᠯᠡᠭᠡᠨ ᠳᠤ ᠪᠠᠶᠢᠬᠤ ᠦᠶᠡᠰ ᠰᠡᠭᠦᠯ ᠢᠶᠠᠨ ᠭᠦᠳᠡᠯᠭᠡᠭᠦ ᠨᠢ ᠡᠩ ᠶᠢᠨ ᠦᠶ᠎ᠠ ᠳᠤ ᠵᠤᠠᠠᠰᠤᠵᠤ ᠪᠠᠶᠢᠬᠤ ᠶᠢᠨ ᠬᠢ ᠠᠴᠠ ᠪᠠᠨ ᠤᠯᠠᠨ ᠪᠠᠶᠢᠳᠠᠭ᠃ ᠡᠪᠡᠰᠤ ᠢᠳᠡᠵᠤ ᠪᠠᠶᠢᠬᠤ ᠦᠶᠡᠰ ᠦᠭᠡᠷ ᠡᠭᠦᠯ ᠢᠶᠠᠨ ᠭᠦᠳᠡᠯᠭᠡᠭᠦ ᠨᠢ ᠡᠪᠡᠰᠤ ᠢᠳᠡᠭᠦ ᠦᠭᠡᠢ ᠦᠶ᠎ᠠ ᠶᠢᠨ ᠬᠢ ᠠᠴᠠ ᠪᠠᠨ ᠤᠯᠠᠨ ᠪᠠᠶᠢᠵᠤ᠂ ᠡᠳᠤᠷ ᠰᠡᠭᠦᠯ ᠢᠶᠠᠨ ᠭᠦᠳᠡᠯᠭᠡᠭᠦ ᠨᠢ ᠰᠦᠨᠢ ᠤᠷᠤᠢ ᠶᠢᠨ ᠬᠢ ᠠᠴᠠ ᠪᠠᠨ ᠤᠯᠠᠨ ᠪᠠᠶᠢᠳᠠᠭ᠃
ᠦᠰᠦᠯᠳᠡ ᠪᠤᠶᠢᠵᠢᠯᠳᠡ ᠲᠠᠷᠭᠤ ᠭᠦᠴᠤ ᠰᠠᠶᠢᠳᠠᠢ ᠱᠠᠷ ᠤᠨ ᠰᠡᠭᠦᠯ ᠤᠨ ᠤᠷᠳᠤ ᠤᠬᠤᠷ ᠨᠢ ᠲᠡᠩᠴᠡᠭᠦᠷᠢᠳᠠᠢ ᠪᠠᠶᠢᠵᠤ᠂ ᠰᠡᠭᠦᠯ ᠤᠨ ᠭᠦᠳᠡᠯᠭᠦ ᠨᠢ ᠠᠮᠢᠳᠤᠯᠢᠭ᠂ ᠭᠦᠴᠤ ᠲᠤᠷᠪᠢ ᠲᠠᠢ᠂ ᠨᠠᠰᠢ ᠴᠠᠰᠢ ᠭᠤᠶᠠᠳᠠᠬᠤ ᠨᠢ ᠴᠤ ᠢᠳᠡ ᠭᠦᠴᠤ ᠲᠠᠢ ᠶᠤᠮ᠃
ᠬᠠᠯᠠᠭᠤᠨ ᠭᠡᠮ ᠳᠤ ᠨᠡᠷᠪᠡᠭᠳᠡᠭᠰᠡᠨ ᠦᠭᠡᠷ ᠰᠡᠭᠦᠯ ᠢᠶᠠᠨ ᠠᠳᠤᠷᠢᠭᠤᠯᠤᠨ᠂ ᠠᠵᠢᠯᠯᠠᠭ᠎ᠠ ᠨᠢ ᠪᠠᠭᠠᠰᠤᠨ᠎ᠠ᠃ ᠭᠡᠮ ᠨᠢ ᠭᠦᠨᠳᠦᠷᠡᠪᠡᠯ ᠰᠡᠭᠦᠯ ᠢᠶᠠᠨ ᠤᠨᠵᠢᠢᠯᠠᠭᠠᠭᠠᠳ ᠭᠦᠳᠡᠯᠭᠡᠭᠦ ᠴᠤ ᠦᠭᠡᠢ ᠪᠤᠯᠵᠤ᠂ ᠰᠡᠭᠦᠯ ᠢ ᠨᠢ ᠪᠠᠷᠢᠵᠤ ᠦᠵᠡᠭᠦ ᠳᠤ ᠬᠠᠯᠠᠭᠤᠨ ᠪᠠᠶᠢᠳᠠᠭ᠃
ᠭᠦᠢᠳᠡᠨ ᠭᠡᠮ ᠲᠤᠰᠤᠠᠠᠰᠠᠨ ᠦᠭᠡᠷ ᠪᠤᠯ ᠰᠡᠭᠦᠯ ᠢᠶᠠᠨ ᠠᠳᠤᠷᠢᠭᠤᠯᠤᠨ ᠲᠤᠯᠤᠭᠠᠢ ᠪᠠᠨ ᠤᠨᠵᠢᠢᠯᠭᠠᠨᠠ᠃ ᠲᠡᠭᠡᠭᠡᠳ ᠭᠦᠨᠳᠦᠷᠡᠭᠦ ᠦᠶᠡᠰ ᠰᠡᠭᠦᠯ ᠨᠢ ᠭᠦᠰᠢᠵᠤ ᠬᠠᠳᠠᠭᠤᠷᠠᠨ᠎ᠠ᠃
ᠦᠭᠡᠷ ᠤᠨ ᠭᠡᠪᠡᠯᠢ ᠨᠢ ᠡᠪᠡᠳᠭᠦ ᠦᠶᠡᠰ ᠶᠠᠷᠤ ᠳᠡᠭᠡᠨ ᠭᠡᠪᠡᠯᠢ ᠲᠠᠰᠢ ᠪᠠᠨ ᠪᠠᠶᠢᠨ ᠲᠠᠭᠢᠨ ᠬᠠᠷᠠᠵᠤ ᠪᠠᠶᠢᠳᠠᠭ᠂ ᠭᠦᠡᠭᠭᠡᠨ ᠰᠢᠭ ᠨᠢ ᠰᠡᠭᠦᠯ ᠢᠶᠠᠨ ᠨᠢᠭᠡ ᠲᠠᠰᠢ ᠠᠳᠤᠷᠢᠭᠤᠯᠤᠨᠠ᠂ ᠡᠰᠡᠭᠦᠯ᠎ᠠ ᠲᠤᠯᠤᠭᠠᠢ ᠪᠠᠨ ᠰᠡᠭᠰᠦᠷᠠᠨ ᠰᠡᠭᠦᠯ ᠢᠶᠠᠨ ᠰᠠᠪᠠᠨᠠ᠃ ᠦᠭᠡᠷ ᠤᠨ ᠵᠢᠷᠦᠭᠡ ᠨᠢ ᠰᠢᠷᠠᠯᠠᠨ ᠰᠤᠴᠢᠨ ᠭᠡᠯᠡᠮᠡᠭᠳᠡᠭᠦ ᠭᠡᠮ ᠲᠤᠰᠤᠠᠠᠰᠠᠨ ᠦᠶᠡᠰ᠂ ᠰᠡᠭᠦᠯ ᠢᠶᠠᠨ ᠠᠰ ᠲᠡᠭᠡᠭᠰᠢ ᠡᠷᠭᠦᠨ᠎ᠠ᠃ ᠭᠡᠷᠪᠡ ᠰᠢᠮ᠎ᠠ ᠲᠠᠵᠢᠭᠡᠯ ᠨᠢ ᠭᠦᠷᠦᠯᠴᠡᠭᠦ ᠦᠭᠡᠢ ᠪᠤᠯ ᠪᠦᠭᠦ ᠪᠡᠶ᠎ᠠ ᠪᠤᠶᠤ ᠰᠡᠭᠦᠯ ᠤᠨ ᠦᠰᠤ ᠨᠢ ᠬᠤᠵᠢᠢᠵᠤ ᠬᠠᠳᠠᠭᠠᠳ ᠰᠡᠭᠦᠯ ᠢᠶᠠᠨ ᠭᠦᠳᠡᠯᠭᠡᠭᠦ ᠲᠡᠩᠭᠡᠭᠡ ᠴᠤ ᠦᠭᠡᠢ ᠪᠤᠯᠳᠠᠭ᠃
ᠦᠭᠡᠷ ᠲᠤ ᠬᠤᠷᠤᠬᠠᠢ ᠭᠡᠮ ᠲᠤᠰᠤᠠᠠᠰᠠᠨ ᠦᠶᠡᠰ ᠴᠢᠭᠢ᠂ ᠰᠡᠭᠦᠯ ᠤᠨ ᠦᠵᠦᠭᠦᠷ ᠨᠢ ᠭᠡᠮᠳᠦᠵᠤ ᠦᠢᠯᠡᠳᠦᠯ ᠢᠶᠠᠨ ᠠᠯᠳᠠᠨ᠎ᠠ᠃
ᠶᠠᠷᠦᠩᠭᠡᠶᠢᠯᠡᠨ ᠠᠪᠴᠤ ᠭᠡᠯᠡᠪᠡᠯ᠂ ᠦᠭᠡᠷ ᠤᠨ ᠰᠡᠭᠦᠯ ᠤᠨ ᠴᠢᠳᠠᠪᠤᠷᠢ ᠪᠡ ᠭᠡᠯᠪᠡᠷᠢ ᠪᠠᠶᠢᠳᠠᠯ ᠤᠨ ᠬᠤᠪᠢᠷᠠᠯᠳᠠ ᠶᠢ
ᠠᠵᠢᠠᠠᠯᠠᠬᠤ ᠪᠠᠷ ᠲᠠᠮᠵᠢᠨ ᠵᠠᠷᠢᠮ ᠭᠡᠮ ᠭᠢᠵᠢᠭ ᠢ ᠲᠤᠳᠤᠯᠠᠵᠤ ᠪᠤᠯᠬᠤ ᠶᠤᠮ᠃ ᠭᠡᠪᠡᠴᠤ ᠪᠠᠰᠠ ᠪᠤᠰᠤᠳ ᠲᠠᠯ᠎ᠠ ᠶᠢᠨ ᠢᠯᠠᠷᠠᠯ ᠪᠠᠶᠢᠳᠠᠯ ᠲᠠᠢ ᠨᠢ ᠤᠶᠠᠯᠳᠤᠭᠤᠯᠵᠤ ᠪᠠᠶᠢᠭᠠᠳ ᠨᠡᠯᠢᠶᠡᠳ ᠤᠨᠤᠪᠴᠢᠳᠠᠢ ᠲᠤᠳᠤᠯᠠᠯᠳᠠ ᠤᠯᠵᠤ ᠪᠤᠯᠤᠨ᠎ᠠ᠃