-
2077264
ᠬᠡᠤᠬᠡᠳ ᠤᠨ ᠪᠠᠯᠧᠲ ᠵᠦᠴᠦᠭᠡ ︽ᠲᠠᠯ᠎ᠠ ᠨᠤᠳᠤᠭ ᠤᠨ ᠪᠢᠴᠢᠬᠠᠨ ᠪᠠᠭᠠᠳᠤᠷ ᠡᠭᠡᠴᠢ ᠦᠬᠢᠨ ᠲᠡᠭᠦᠦ︾ ᠶᠢ ᠪᠤᠭᠤᠲᠤ ᠳᠤ ᠠᠩᠬ᠎ᠠ ᠲᠤᠬᠯᠠᠪᠠ
2019-10-08 18:53
1089
0
10 ᠰᠠᠷ᠎ᠠ ᠶᠢᠨ 5 ᠤ ᠤᠷᠤᠢ᠂ ᠪᠤᠭᠤᠲᠤ ᠲᠤᠮᠤ ᠵᠦᠴᠦᠭᠡ ᠶᠢᠨ ᠬᠦᠷᠢᠶᠡᠯᠡᠩ ᠪᠤᠯᠤᠨ ᠲᠤᠮᠳᠠᠳᠤ ᠤᠯᠤᠰ ᠤᠨ ᠪᠠᠯᠧᠲ ᠪᠦᠵᠢᠭ ᠤᠨ ᠪᠦᠯᠬᠦᠮ ᠤᠨ ᠬᠠᠮᠳᠤᠷᠠᠨ ᠵᠤᠬᠢᠶᠠᠭᠰᠠᠨ ᠬᠡᠤᠬᠡᠳ ᠤᠨ ᠪᠠᠯᠧᠲ ᠵᠦᠴᠦᠭᠡ ︽ᠲᠠᠯ᠎ᠠ ᠨᠤᠳᠤᠭ ᠤᠨ ᠪᠢᠴᠢᠬᠠᠨ ᠪᠠᠭᠠᠳᠤᠷ ᠡᠭᠡᠴᠢ ᠦᠬᠢᠨ
ᠲᠡᠭᠦᠦ︾ ᠶᠢ ᠪᠤᠭᠤᠲᠤ ᠳᠤ ᠠᠩᠬ᠎ᠠ ᠲᠤᠬᠯᠠᠪᠠ᠃
ᠬᠡᠤᠬᠡᠳ ᠤᠨ ᠪᠠᠯᠧᠲ ᠵᠦᠴᠦᠭᠡ ︽ᠲᠠᠯ᠎ᠠ ᠨᠤᠳᠤᠭ ᠤᠨ ᠪᠢᠴᠢᠬᠠᠨ ᠪᠠᠭᠠᠳᠤᠷ ᠡᠭᠡᠴᠢ ᠦᠬᠢᠨ ᠲᠡᠭᠦᠦ︾ ᠨᠢ ᠲᠦᠷᠪᠡᠨ ᠦᠵᠡᠭᠳᠡᠯᠳᠤ ᠵᠦᠴᠦᠭᠡ ᠪᠠᠷ ᠪᠦᠷᠢᠯᠳᠤᠵᠦ᠂ ᠲᠠᠯ᠎ᠠ ᠨᠤᠳᠤᠭ ᠤᠨ ᠪᠢᠴᠢᠬᠠᠨ ᠪᠠᠭᠠᠳᠤᠷ ᠡᠭᠡᠴᠢ ᠦᠬᠢᠨ ᠲᠡᠭᠦᠦ ᠶᠢᠨ ᠴᠠᠰᠤ ᠰᠢᠭᠤᠷᠭᠠᠨ ᠲᠠᠢ ᠲᠡᠮᠡᠴᠡᠭᠰᠡᠨ ᠪᠠᠭᠠᠳᠤᠷᠯᠢᠭ ᠦᠢᠯᠡ ᠠᠵᠢᠯᠯᠠᠭ᠎ᠠ ᠶᠢ ᠨᠢᠳᠤᠨ ᠳᠤ ᠦᠵᠡᠭᠳᠡᠮ ᠠ ᠠᠮᠢᠳᠤᠯᠢᠭ ᠲᠤᠬᠯᠠᠨ ᠦᠵᠡᠬᠦᠯᠵᠠᠢ᠃
ᠲᠤᠰ ᠵᠦᠴᠦᠭᠡ ᠶᠢ ᠲᠤᠮᠳᠠᠳᠤ ᠤᠯᠤᠰ ᠤᠨ ᠪᠠᠯᠧᠲ ᠪᠦᠵᠢᠭ ᠤᠨ ᠪᠦᠯᠬᠦᠮ ᠤᠨ ᠲᠤᠬᠯᠠᠬᠴᠢ ᠪᠤᠯᠤᠨ ᠪᠤᠭᠤᠲᠤ ᠲᠤᠮᠤ ᠵᠦᠴᠦᠭᠡ ᠶᠢᠨ ᠬᠦᠷᠢᠶᠡᠯᠡᠩ ᠤᠨ ᠪᠠᠭᠠᠴᠤᠳ ᠤᠨ ᠪᠠᠯᠧᠲ ᠪᠦᠵᠢᠭ ᠤᠨ ᠪᠦ᠋ᠯᠬᠦᠮ ᠤᠨ ᠪᠢᠴᠢᠬᠠᠨ ᠲᠤᠬᠯᠠᠬᠴᠢ᠂ ᠪᠤᠭᠤᠲᠤ ᠪᠠᠭᠰᠢ ᠶᠢᠨ ᠲᠡᠭᠡᠳᠤ ᠰᠤᠷᠭᠠᠭᠤᠯᠢ ᠶᠢᠨ ᠤᠶᠤᠳᠠᠳ ᠪᠤᠯᠤᠨ ᠪᠡᠭᠡᠵᠢᠩ ᠬᠤᠳᠠ ᠶᠢᠨ ᠼᠤᠤ ᠴᠢᠶᠤᠤ ᠪᠠᠭ᠎ᠠ ᠰᠤᠷᠭᠠᠭᠤᠯᠢ ᠶᠢᠨ ᠰᠤᠷᠤᠬᠴᠢ ᠵᠡᠷᠭᠡ 130 ᠭᠠᠷᠤᠢ ᠲᠤᠬᠯᠠᠬᠴᠢ ᠠᠴᠠ ᠬᠠᠮᠳᠤᠷᠠᠨ ᠲᠤᠬᠯᠠᠬᠰᠠᠨ ᠪᠠᠶᠢᠵᠦ᠂ 2020 ᠤᠨ ᠤ ᠡᠬᠢᠨ ᠠᠴᠠ ᠡᠬᠢᠯᠡᠨ ᠪᠡᠭᠡᠵᠢᠩ ᠬᠤᠳᠠ ᠪᠠᠷ ᠠᠩᠬᠠᠨ ᠤ ᠦᠷᠳᠡᠭᠡ ᠪᠤᠯᠭᠠᠵᠦ᠂ ᠪᠦᠬᠦ ᠤᠯᠤᠰ ᠲᠤ ᠲᠤᠭᠤᠷᠢᠨ ᠲᠤᠬᠯᠠᠬᠤ ᠪᠠᠷ ᠪᠠᠶᠢᠨ᠎ᠠ᠃ ᠵᠣᠬᠢᠶᠠᠭᠴᠢ᠄ ᠸ᠊ · ᠭᠡᠷᠡᠯᠳᠤ