 

ᠮᠣᠷᠢᠨ ᠬᠤᠭᠤᠷ ᠤᠨ ᠠᠷᠪᠠᠨ ᠰᠢᠨ᠎ᠡ ᠲᠡᠮᠳᠡᠭᠯᠡᠯ ᠡᠭᠦᠳᠴᠦ《 ᠲᠡᠯᠡᠬᠡᠢ ᠶᠢᠨ ᠵᠠᠮ》 ᠳᠤ ᠬᠤᠰᠢᠭᠤᠷᠠᠪᠠ

2019-09-09 20:50
  912
  0

  ᠳᠡᠯᠡᠭᠡᠢ ᠶᠢᠨ ᠮᠤᠷᠢᠨ ᠬᠤᠭᠤᠷ ᠤᠨ ᠳᠡᠦᠭᠡᠨ ᠳᠠᠬᠢ ᠰᠢᠨ᠎ᠡ ᠭᠠᠶᠢᠬᠠᠮᠰᠢᠭ ᠢ 8 ᠰᠠᠷ᠎ᠠ ᠶᠢᠨ 16 ᠠᠴᠠ 9 ᠰᠠᠷ᠎ᠠ ᠶᠢᠨ 8 ᠤ ᠡᠳᠤᠷ ᠪᠤᠯᠳᠠᠯ᠎ᠠ ᠶᠠᠪᠤᠭᠳᠠᠭᠰᠠᠨ ᠠᠩᠬᠠᠳᠤᠭᠠᠷ ᠬᠤᠭᠤᠴᠠᠭᠠᠨ ᠤ ᠳᠤᠮᠳᠠᠳᠤ ᠤᠯᠤᠰ · ᠦᠪᠦᠷ ᠮᠤᠩᠭᠤᠯ ᠤᠨ ᠮᠤᠷᠢᠨ ᠬᠤᠭᠤᠷ ᠤᠨ ᠨᠠᠭᠠᠳᠤᠮ ᠬᠦᠰᠢᠶ᠎ᠡ ᠪᠤᠰᠬᠠᠨ ᠦᠨᠢᠳᠡ ᠳᠡᠮᠳᠡᠭᠯᠡᠪᠡ᠃ 9 ᠰᠠᠷ᠎ᠠ ᠶᠢᠨ 8 ᠤ ᠤᠷᠤᠢ ᠶᠢᠨ 8 ᠴᠠᠭ ᠲᠤ᠂ ᠦᠪᠦᠷ ᠮᠤᠩᠭᠤᠯ ᠤᠨ ᠤᠷᠠᠯᠢᠭ ᠤᠨ ᠳᠡᠭᠡᠳᠦ ᠰᠤᠷᠭᠠᠭᠤᠯᠢ ᠶᠢᠨ ᠤᠷᠠᠯᠢᠭ ᠤᠨ ᠳᠢᠩᠬᠢᠮ ᠳᠤ ᠶᠠᠪᠤᠭᠳᠠᠭᠰᠠᠨ ︽ᠮᠤᠩᠭᠤᠯ ᠮᠤᠷᠢ︾ ᠰᠡᠳᠦᠪᠳᠤ ᠳᠠᠭᠤᠤ ᠬᠦᠭᠵᠢᠮ ᠤᠨ ᠳᠤᠭᠯᠠᠯᠳᠠ ᠪᠠᠷ ᠳᠤᠰ ᠤᠳᠠᠭᠠᠨ ᠤ ᠨᠠᠭᠠᠳᠤᠮ ᠦᠨᠳᠦᠷᠯᠡᠵᠤ᠂ ᠵᠢᠷᠭᠤᠭᠠᠨ ᠬᠠᠷᠠᠯᠳᠠ ᠠᠷᠪᠠᠨ ᠲᠡᠮᠲᠡᠭᠯᠡᠯ ᠢᠶᠠᠷ ᠮᠤᠷᠢᠨ ᠬᠤᠭᠤᠷ ᠤᠨ ᠳᠡᠯᠡᠭᠡᠢ ᠶᠢᠨ ᠳᠡᠮᠳᠡᠭᠯᠡᠯ ᠢ ᠰᠢᠨ᠎ᠡ ᠪᠠᠷ ᠪᠢᠴᠢᠭᠯᠡᠪᠡ᠃
  ᠠᠩᠬᠠᠳᠤᠭᠠᠷ ᠬᠤᠭᠤᠴᠠᠭᠠᠨ ᠤ ᠳᠤᠮᠳᠠᠳᠤ ᠤᠯᠤᠰ · ᠦᠪᠦᠷ ᠮᠤᠩᠭᠤᠯ ᠤᠨ ᠮᠤᠷᠢᠨ ᠬᠤᠭᠤᠷ ᠤᠨ ᠨᠠᠭᠠᠳᠤᠮ ᠨᠢ ᠬᠤᠶᠠᠳᠤᠭᠠᠷ ᠬᠤᠭᠤᠴᠠᠭᠠᠨ ᠤ ᠳᠤᠮᠳᠠᠳᠤ ᠤᠯᠤᠰ ᠤᠨ ᠠᠳᠤᠭᠤᠨ ᠰᠤᠶᠤᠯ ᠤᠨ ᠨᠠᠶᠢᠷ ᠵᠢᠴᠢ ᠠᠩᠬᠠᠳᠤᠭᠠᠷ ᠬᠤᠭᠤᠴᠠᠭᠠᠨ ᠤ ᠦᠪᠦᠷ ᠮᠤᠩᠭᠤᠯ ᠤᠨ ᠤᠯᠠᠨ ᠤᠯᠤᠰ ᠤᠨ ᠠᠳᠤᠭᠤᠨ ᠰᠤᠶᠤᠯ ᠤᠨ ᠴᠤᠭᠯᠠᠭᠠᠨ ᠤ ᠴᠢᠬᠤᠯᠠ ᠠᠭᠤᠯᠭ᠎ᠠ ᠪᠤᠯᠬᠤ ᠪᠦᠭᠡᠳ ︽ᠮᠤᠩᠭᠤᠯ ᠮᠤᠷᠢᠨ ᠤ ᠵᠤᠷᠢᠭ ᠰᠠᠨᠠᠭ᠎ᠠ ᠶᠢ ᠤᠯᠠᠮᠵᠢᠯᠠᠨ ᠪᠠᠳᠠᠷᠠᠭᠤᠯᠤᠨ᠎ᠠ︾ ᠬᠡᠬᠦ ᠭᠤᠤᠯ ᠰᠢᠵᠢᠮ᠂ ︽ᠳᠠᠶᠠᠩ ᠳᠤ ᠳᠠᠭᠤᠷᠢᠰᠬᠤ ᠭᠠᠶᠢᠬᠠᠮᠰᠢᠭᠳᠤ ᠮᠤᠩᠭᠤᠯ ᠮᠤᠷᠢ︾ ᠬᠡᠬᠦ ᠭᠤᠤᠯ ᠰᠡᠳᠦᠪ᠂ ︽ᠤᠳᠤᠷᠢᠳᠤᠮᠵᠢ ᠲᠦᠯᠦᠭᠡᠯᠡᠭᠴᠢ ᠵᠢᠱᠢᠶᠡᠴᠢ︾ ᠬᠡᠬᠦ ᠭᠤᠤᠯ ᠵᠤᠷᠢᠯᠳᠠ᠂ ︽ᠦᠨᠳᠦᠰᠦᠲᠡᠨ ᠤ ᠰᠤᠶᠤᠯ ᠤᠨ ᠱᠤᠰᠢᠭ᠎ᠠ ᠳᠡᠮᠳᠡᠭ ᠪᠤᠯᠵᠤ ᠤᠯᠠᠮᠵᠢᠯᠠᠯ ᠰᠤᠯᠢᠯᠴᠠᠭ᠎ᠠ ᠬᠦᠭᠵᠢᠯᠳᠡ ᠶᠢ ᠠᠬᠢᠭᠤᠯᠬᠤ︾ ᠭᠤᠤᠯ ᠡᠭᠦᠷᠭᠡ᠂ ︽ᠳᠠᠭᠤᠤ ᠬᠦᠭᠵᠢᠮ ᠤᠨ ᠴᠤᠭᠯᠠᠭᠠᠨ᠂ ᠬᠦᠭᠵᠢᠮᠳᠡᠭᠦᠷ ᠤᠨ ᠦᠵᠡᠭᠦᠯᠭᠡ᠂ ᠡᠷᠳᠡᠮ ᠰᠢᠨᠵᠢᠯᠡᠭᠡᠨ ᠤ ᠬᠤᠷᠠᠯ᠂ ᠤᠷᠤᠯᠳᠤᠭᠠᠨ᠂ ᠲᠤᠭᠯᠠᠯᠳᠠ︾ ᠵᠡᠷᠭᠡ ᠭᠤᠤᠯ ᠬᠡᠯᠪᠡᠷᠢ ᠵᠢᠴᠢ ︽ᠳᠡᠯᠡᠭᠡᠶᠢᠴᠢ ᠴᠢᠨᠠᠷ᠂ ᠰᠤᠩᠭᠤᠳᠠᠭ ᠰᠢᠨᠵᠢ᠂ ᠡᠷᠳᠡᠮ ᠰᠢᠨᠵᠢᠯᠡᠭᠡᠨ ᠤ ᠰᠢᠨᠵᠢ᠂ ᠪᠦᠳᠦᠭᠡᠯᠴᠢ ᠰᠢᠨᠵᠢ᠂ ᠰᠤᠨᠢᠷᠬᠠᠯᠳᠤ ᠰᠢᠨᠵᠢ᠂ ᠶᠡᠷᠦᠩᠬᠡᠶᠢᠯᠡᠭᠰᠡᠨ ᠰᠢᠨᠵᠢ︾ ᠬᠡᠬᠦ 6 ᠬᠠᠷᠠᠯᠳᠠ ᠪᠦᠳᠦᠴᠡ ᠪᠦᠬᠦᠢ ᠪᠦᠷᠢᠨ ᠰᠢᠰᠲ᠋ᠧᠮ ᠲᠠᠢ᠂ ᠳᠡᠯᠡᠭᠡᠢ ᠶᠢᠨ ᠬᠢᠷᠢ ᠳᠦᠪᠰᠢᠨ ᠲᠠᠢ ᠨᠠᠭᠠᠳᠤᠮ ᠪᠤᠯᠬᠤᠷ ᠳᠡᠯᠡᠭᠡᠢ ᠶᠢᠨ ᠮᠤᠷᠢᠨ ᠬᠤᠭᠤᠷ ᠤᠨ ᠬᠢᠨ ᠤ ᠠᠩᠬᠠᠷᠤᠯ ᠢ ᠳᠠᠳᠠᠵᠤ᠂ ᠮᠤᠷᠢᠨ ᠬᠤᠭᠤᠷ ᠤᠨ ᠳᠡᠦᠭᠡᠨ ᠳᠠᠬᠢ ᠬᠠᠮᠤᠭ ᠤᠨ ᠳᠤᠮᠤ ᠨᠠᠭᠠᠳᠤᠮ ᠪᠤᠯᠵᠠᠢ᠃
  ᠲᠤᠰ ᠨᠠᠭᠠᠳᠤᠮ ᠨᠢ 24 ᠡᠳᠤᠷ ᠶᠠᠪᠤᠭᠳᠠᠵᠤ᠂ ᠡᠷᠳᠡᠮᠳᠡᠨ ᠮᠡᠷᠭᠡᠵᠢᠯᠲᠡᠨ᠂ ᠤᠷᠠᠯᠢᠭᠴᠢᠨ ᠬᠦᠭᠵᠢᠮᠴᠢᠨ᠂ ᠰᠤᠷᠭᠠᠨ ᠬᠦᠮᠦᠵᠢᠯᠳᠡᠨ᠂ ᠮᠤᠷᠢᠨ ᠬᠤᠭᠤᠷ ᠤᠨ ᠠᠵᠤ ᠠᠬᠤᠢᠢᠯᠠᠯᠳᠡᠨ᠂ ᠦᠵᠡᠭᠴᠢ ᠲᠦᠮᠡᠨ ᠤ ᠦᠨᠳᠦᠷ ᠦᠨᠡᠯᠡᠯᠳᠡ ᠶᠢ ᠤᠯᠵᠤ᠂ ᠮᠤᠷᠢᠨ ᠬᠤᠭᠤᠷ ᠤᠨ ᠳᠡᠦᠭᠡᠨ ᠬᠦᠭᠵᠢᠯᠳᠡ ᠶᠢᠨ 10 ᠠᠩᠬᠠᠳᠠᠭᠴᠢ ᠶᠢ ᠡᠭᠦᠳᠦᠯ᠎ᠡ᠄ ᠦᠷᠭᠦᠯᠵᠢᠯᠡᠭᠰᠡᠨ ᠬᠤᠭᠤᠴᠠᠭ᠎ᠠ ᠬᠠᠮᠤᠭ ᠤᠨ ᠤᠷᠳᠤ᠄ 24 ᠡᠳᠤᠷ︔ ᠤᠷᠤᠯᠴᠠᠭᠰᠠᠨ ᠬᠦᠮᠦᠨ ᠤ ᠲᠤᠭ᠎ᠠ ᠬᠠᠮᠤᠭ ᠤᠨ ᠤᠯᠠᠨ᠄ 815 ᠤᠷᠠᠯᠢᠭᠴᠢᠨ ᠬᠢᠭᠡᠳ ᠡᠷᠳᠡᠮᠳᠡᠨ ᠮᠡᠷᠭᠡᠵᠢᠯᠳᠡᠨ᠂ 300 ᠭᠠᠷᠤᠢ ᠵᠠᠯᠠᠭᠤ ᠤᠷᠠᠯᠢᠭᠴᠢᠨ ᠤᠷᠤᠯᠴᠠᠪᠠ︔ ᠬᠦᠭᠵᠢᠮᠳᠡᠭᠰᠡᠨ ᠠᠶ᠎ᠠ ᠬᠦᠭᠵᠢᠮ ᠬᠠᠮᠤᠭ ᠤᠨ ᠤᠯᠠᠨ᠄ ᠡᠯ᠎ᠡ ᠲᠦᠷᠦᠯ ᠤᠨ 198 ᠳᠠᠭᠤᠤ ᠬᠦᠭᠵᠢᠮ ᠢ ᠬᠦᠭᠵᠢᠮᠳᠡᠨ  ᠳᠤᠭᠯᠠᠪᠠ︔ ᠬᠠᠮᠤᠭ ᠤᠨ ᠦᠷᠭᠡᠨ ᠬᠡᠪᠴᠢᠶ᠎ᠡ ᠲᠠᠢ ᠮᠤᠷᠢᠨ ᠬᠤᠭᠤᠷ ᠤᠨ ᠡᠷᠳᠡᠮ ᠰᠢᠨᠵᠢᠯᠡᠭᠡᠨ ᠤ ᠬᠤᠷᠠᠯ᠄ 55 ᠡᠷᠳᠡᠮᠳᠡᠨ ᠮᠡᠷᠭᠡᠵᠢᠯᠳᠡᠨ ᠦᠭᠦᠯᠡᠯ ᠳᠡᠪᠰᠢᠭᠦᠯᠵᠠᠢ︔ ᠬᠠᠮᠤᠭ ᠤᠨ ᠤᠯᠠᠨ ᠨᠡᠷᠡᠳᠦ ᠬᠦᠮᠦᠰ᠄ ᠮᠤᠷᠢᠨ ᠬᠤᠭᠤᠷ ᠤᠨ ᠠᠬᠠᠮᠠᠳ ᠢᠳᠡᠷ ᠵᠠᠯᠠᠭᠤ ᠬᠡᠳᠦᠨ ᠦᠶ᠎ᠡ ᠶᠢᠨ ᠨᠡᠷᠡᠳᠦ ᠬᠤᠭᠤᠷᠴᠢᠳ ᠤᠷᠤᠯᠴᠠᠪᠠ︔ ᠬᠠᠮᠤᠭ ᠤᠨ ᠤᠯᠠᠨ ᠤᠯᠠᠮᠵᠢᠯᠠᠯᠳᠤ ᠬᠦᠭᠵᠢᠮᠳᠡᠭᠦᠷ᠄ ᠪᠤᠷᠢᠶᠠᠳ᠂ ᠲᠤᠸᠠ᠂ ᠮᠤᠩᠭᠤᠯ ᠤᠯᠤᠰ ᠤᠨ ᠤᠯᠠᠨ ᠵᠦᠢᠯ ᠤᠨ ᠤᠯᠠᠮᠵᠢᠯᠠᠯᠳᠤ ᠬᠢᠯᠭᠠᠰᠤᠨ ᠬᠦᠭᠵᠢᠮᠳᠡᠭᠦᠷ ᠢ ᠳᠠᠬᠢᠨᠳᠠ ᠤᠷᠠᠯᠢᠭ ᠤᠨ ᠳᠠᠶᠢᠰᠠᠨ᠎ᠠ ᠢᠯᠡᠷᠡᠭᠦᠯᠪᠡ︔ ᠬᠠᠮᠤᠭ ᠤᠨ ᠤᠯᠠᠨ ᠳᠤᠭᠯᠠᠯᠳᠠ᠄ 12 ᠤᠷᠠᠯᠢᠭ ᠤᠨ ᠪᠦᠯᠬᠦᠮ ᠤᠨ 15 ᠳᠠᠯᠠᠪᠠᠢ ᠳᠤᠭᠯᠠᠯᠳᠠ ᠪᠤᠯᠪᠠ︔ ᠬᠠᠮᠤᠭ ᠤᠨ ᠤᠯᠠᠨ ᠬᠦᠭᠵᠢᠮᠳᠡᠭᠦ ᠬᠡᠯᠪᠡᠷᠢ᠄ ᠬᠦᠭᠵᠢᠮᠳᠡᠭᠦ ᠠᠷᠭ᠎ᠠ ᠬᠡᠯᠪᠡᠷᠢ ᠳᠤ ᠳᠤᠷᠤᠨᠠᠳᠠᠬᠢᠨ ᠬᠢᠬᠡᠳ ᠦᠷᠦᠨᠡᠳᠠᠬᠢᠨ ᠤ ᠬᠦᠭᠵᠢᠮᠳᠡᠬᠦ ᠠᠷᠭ᠎ᠠ ᠬᠡᠯᠪᠡᠷᠢ ᠶᠢ ᠤᠶᠠᠯᠳᠤᠭᠤᠯᠤᠭᠰᠠᠨ 21 ᠵᠦᠢᠯ ᠤᠨ ᠬᠦᠭᠵᠢᠮᠳᠡᠭᠦ ᠠᠷᠭ᠎ᠠ ᠶᠢ ᠳᠠᠶᠢᠰᠠᠨ᠎ᠠ ᠭᠠᠷᠭᠠᠪᠠ︔ ᠬᠠᠮᠤᠭ ᠤᠨ ᠤᠯᠠᠨ ᠠᠵᠢᠯᠯᠠᠭ᠎ᠠ᠄ 24 ᠡᠳᠤᠷ ᠲᠤ 19 ᠲᠦᠷᠦᠯ ᠤᠨ ᠠᠵᠢᠯᠯᠠᠭ᠎ᠠ ᠶᠢ ᠵᠤᠬᠢᠶᠠᠨ ᠪᠠᠶᠢᠭᠤᠯᠵᠤ ᠶᠠᠪᠤᠭᠳᠠᠭᠤᠯᠪᠠ︔ ᠦᠵᠡᠭᠴᠢᠳ ᠬᠠᠮᠤᠭ ᠤᠨ ᠤᠯᠠᠨ᠄ ᠠᠬᠤᠢ ᠳᠠᠯᠠᠪᠠᠢ ᠶᠢᠨ ᠦᠵᠡᠭᠴᠢᠳ 3 ᠲᠦᠮᠡ ᠬᠦᠷᠴᠦ᠂ ᠠᠯᠪᠠᠨ ᠤ ᠪᠠ ᠬᠤᠪᠢ ᠶᠢᠨ ᠵᠠᠭᠤᠴᠢᠯᠠᠭᠤᠷ ᠢᠶᠠᠷ ᠳᠠᠮᠵᠢᠨ ᠰᠤᠨᠢᠷᠬᠠᠭᠰᠠᠨ ᠦᠵᠡᠭᠴᠢ ᠶᠢᠨ ᠲᠤᠭ᠎ᠠ 10 ᠲᠦᠮᠡ ᠶᠢ ᠳᠠᠪᠠᠭᠰᠠᠨ ᠪᠠᠶᠢᠨ᠎ᠠ᠃ ᠡᠶᠢᠨ ᠬᠦ 1000 ᠭᠠᠷᠤᠢ ᠤᠷᠠᠯᠢᠭᠴᠢᠨ ᠪᠠ ᠡᠷᠳᠡᠮᠲᠠᠨ ᠮᠡᠷᠭᠡᠵᠢᠯᠳᠡᠨ ᠤ 24 ᠡᠳᠤᠷ ᠤᠨ ᠶᠡᠭᠡ ᠬᠦᠳᠡᠯᠮᠦᠷᠢ᠂ ᠰᠢᠷᠭᠠᠭᠤ ᠴᠢᠷᠮᠠᠶᠢᠯᠭ᠎ᠠ᠂ ᠤᠷᠠᠯᠢᠭ ᠪᠢᠰᠢᠯᠭᠠᠯ ᠢᠶᠠᠷ ᠳᠠᠮᠵᠢᠵᠤ᠂ ᠦᠪᠦᠷ ᠮᠤᠩᠭᠤᠯ ᠤᠨ ᠮᠤᠷᠢᠨ ᠬᠤᠭᠤᠷ ᠤᠨ ᠤᠯᠠᠮᠵᠢᠯᠠᠯ᠂ ᠰᠢᠨ᠎ᠡ ᠶᠢ ᠡᠭᠦᠳᠬᠦ᠂ ᠤᠷᠠᠯᠢᠭ ᠮᠡᠷᠭᠡᠵᠢᠯ᠂ ᠡᠷᠳᠡᠮ ᠰᠢᠨᠵᠢᠯᠡᠭᠡ᠂ ᠵᠢᠭᠠᠨ ᠰᠤᠷᠭᠠᠯᠳᠠ᠂ ᠵᠤᠬᠢᠶᠠᠨ ᠪᠦᠳᠦᠭᠡᠯᠭᠡ᠂ ᠳᠠᠮᠵᠢᠭᠤᠯᠭ᠎ᠠ ᠵᠡᠷᠭᠡ ᠳᠤᠯᠤᠭ᠎ᠠ ᠶᠢ ᠨᠢᠭᠡ ᠴᠤᠭᠴᠠᠵᠢᠭᠤᠯᠤᠭᠰᠠᠨ ᠳᠤᠮᠤ ᠰᠢᠰᠲ᠋ᠧᠮ ᠢ ᠪᠦᠷᠢᠯᠳᠦᠭᠦᠯᠵᠤ᠂ ᠮᠤᠷᠢᠨ ᠬᠤᠭᠤᠷ ᠤᠨ ᠬᠦᠭᠵᠢᠯᠳᠡ ᠶᠢᠨ ᠰᠢᠨ᠎ᠡ ᠴᠠᠭ ᠡᠷᠢᠨ ᠢ ᠤᠭᠳᠤᠨ ᠠᠪᠤᠯ᠎ᠠ᠃
  ᠳᠡᠭᠦᠰᠭᠡᠯ ᠤᠨ ᠶᠤᠰᠤᠯᠠᠯ ᠨᠢ ︽ᠮᠤᠩᠭᠤᠯ ᠮᠤᠷᠢ︾ ᠪᠠᠷ ᠭᠤᠤᠯ ᠰᠡᠳᠦᠪ ᠪᠤᠯᠭᠠᠵᠤ᠂ ᠤᠳᠤᠬᠢ ᠰᠢᠨ᠎ᠡ ᠬᠦᠭᠵᠢᠮ ᠤᠨ ᠬᠠᠪᠰᠤᠷᠭᠠᠯ ᠪᠠ ᠤᠯᠠᠨ ᠵᠦᠢᠯ ᠤᠨ ᠤᠯᠠᠮᠵᠢᠯᠠᠯᠳᠤ ᠳᠠᠭᠤᠤ ᠬᠦᠭᠵᠢᠮ ᠤᠨ ᠢᠯᠡᠳᠭᠡᠬᠦ ᠠᠷᠭ᠎ᠠ ᠬᠡᠯᠪᠡᠷᠢ ᠪᠠᠷ ︽ᠬᠦᠯᠦᠭ ᠭᠦᠷᠬᠦᠢ︾ ᠬᠡᠮᠡᠭᠦ ᠤᠷᠤᠰᠢᠯ᠂ ︽ᠵᠢᠷᠤᠭ᠎ᠠ ᠮᠤᠷᠢᠨ ᠤ ᠵᠢᠪᠬᠤᠭ᠎ᠠ︾᠂ ︽ᠰᠡᠳᠬᠢᠯ ᠤᠨ ᠬᠤᠯᠪᠤᠭ᠎ᠠ︾᠂ ︽ᠴᠤᠴᠠᠯᠳᠠ ᠦᠭᠡᠢ ᠤᠷᠤᠭᠰᠢᠯᠠᠶ᠎ᠠ︾ ᠬᠡᠬᠦ ᠭᠤᠷᠪᠠᠨ ᠪᠦᠯᠦᠭ ᠵᠢᠴᠢ ︽ᠰᠠᠯᠬᠢᠨ ᠬᠦᠯᠦᠭ︾ ᠬᠡᠬᠦ ᠳᠡᠭᠦᠰᠭᠡᠯ ᠢᠶᠠᠷ ᠪᠦᠷᠢᠯᠳᠤᠵᠤ᠂ ︽ᠮᠤᠩᠭᠤᠯ ᠮᠤᠷᠢ︾ ᠬᠢᠬᠡᠳ ︽ᠮᠤᠷᠢᠨ ᠬᠤᠭᠤᠷ︾ ᠤᠨ ᠲᠦᠷᠢ ᠤᠷᠠᠯᠢᠭ ᠤᠨ ᠳᠡᠭᠡᠳᠦ ᠨᠢᠭᠡᠳᠦᠯ ᠢᠶᠠᠷ ᠦᠵᠡᠭᠴᠢ ᠤᠯᠠᠨ ᠳᠤ ᠳᠡᠯᠡᠭᠡᠢ ᠳᠤ ᠬᠤᠤᠰ ᠦᠭᠡᠢ ︽ᠮᠤᠷᠢᠨ ᠤ ᠤᠷᠠᠯᠢᠭ︾ ᠤᠨ ᠭᠤᠸ᠎ᠠ ᠰᠠᠶᠢᠬᠠᠨ ᠤ ᠰᠢᠨ᠎ᠡ ᠰᠤᠨᠢᠷᠬᠠᠯ ᠢ ᠬᠦᠷᠳᠡᠭᠡᠪᠡ᠃ ᠡᠨᠡ ᠨᠢ 24 ᠡᠳᠤᠷ ᠤᠨ ᠨᠠᠭᠠᠳᠤᠮ᠂ ᠵᠢᠷᠭᠤᠭᠠᠨ ᠬᠠᠷᠠᠯᠳᠠ ᠠᠷᠪᠠᠨ ᠳᠡᠮᠳᠡᠭᠯᠡᠯ ᠤᠨ ᠳ᠋ᠦᠩᠨᠡᠯᠳᠡ ᠮᠦᠷᠳᠡᠭᠡᠨ ︽ᠠᠳᠤᠭᠤᠨ ᠰᠤᠶᠤᠯ ᠤᠨ ᠴᠤᠭᠯᠠᠭᠠᠨ︾ ᠤ ᠳᠠᠶᠢᠰᠠᠨ ᠳᠡᠭᠡᠷ᠎ᠡ ︽ᠮᠦᠩᠬᠡ ᠳᠡᠯᠡᠭᠡᠢ ᠶᠢᠨ ᠮᠤᠩᠭᠤᠯ ᠮᠤᠷᠢᠨ ᠤ ᠵᠤᠷᠢᠭ ᠰᠠᠨᠠᠭ᠎ᠠ︾ ᠶᠢ ᠮᠤᠷᠢᠨ ᠬᠤᠭᠤᠷ ᠤᠨ ᠳᠡᠭᠷᠢᠯᠢᠭ ᠡᠭᠡᠰᠢᠭ ᠢᠶᠠᠷ ᠳᠡᠯᠡᠭᠡᠢ ᠶᠢᠷᠳᠢᠨᠴᠤ ᠳᠤ ᠬᠠᠩᠬᠢᠨᠠᠭᠤᠯᠤᠭᠰᠠᠨ ᠬᠦᠰᠢᠶ᠎ᠡ ᠳᠤᠷᠠᠰᠬᠠᠯ ᠪᠤᠯᠵᠠᠢ᠃
  ᠲᠤᠰ ᠤᠳᠠᠭᠠᠨ ᠤ ᠨᠠᠭᠠᠳᠤᠮ ᠢ ᠦᠪᠡᠷᠳᠡᠭᠡᠨ ᠵᠠᠰᠠᠬᠤ ᠤᠷᠤᠨ ᠤ ᠨᠠᠮ ᠤᠨ ᠬᠤᠷᠢᠶᠠᠨ ᠤ ᠤᠬᠠᠭᠤᠯᠬᠤ ᠬᠡᠯᠳᠡᠰ᠂ ᠦᠪᠡᠷᠳᠡᠭᠡᠨ ᠵᠠᠰᠠᠬᠤ ᠤᠷᠤᠨ ᠤ ᠰᠤᠶᠤᠯ ᠬᠢᠬᠡᠳ ᠵᠢᠭᠤᠯᠴᠢᠯᠠᠯ ᠤᠨ ᠲᠢᠩᠬᠢᠮ᠂ ᠦᠪᠦᠷ ᠮᠤᠩᠭᠤᠯ ᠤᠨ ᠤᠷᠠᠯᠢᠭ ᠤᠨ ᠳᠡᠭᠡᠳᠦ ᠰᠤᠷᠭᠠᠭᠤᠯᠢ ᠭᠤᠤᠯᠯᠠᠨ ᠡᠷᠬᠢᠯᠡᠪᠡ᠃  ᠵᠣᠬᠢᠶᠠᠭᠴᠢ᠄  ᠪᠤᠤ ᠰᠠᠷᠠᠭᠤᠯ 



  
     
     