-
18856
ᠬᠥᠯᠳᠡᠭᠦᠦ ᠪᠠᠭᠠᠰᠤᠨ ᠨᠡᠢᠯᠡᠭ ᠭᠡᠮ
2018-03-07 01:23
397
0
ᠨᠢᠭᠡᠨ Imgur ᠤᠨ ᠰᠦᠯᠵᠢᠶᠡᠨ ᠨᠠᠢᠵᠠ NoCapes ᠬᠡᠯᠡᠬᠦ ᠳ᠋ᠤ ᠪᠠᠨ᠂ ᠲᠡᠭᠦᠨ ᠤ ᠡᠮᠡᠭᠡ ᠡᠵᠢ ᠨᠢ ᠲᠡᠭᠦᠨ ᠤ ᠬᠠᠮᠤᠭ ᠰᠠᠢᠨ ᠨᠠᠢᠵᠠ ᠪᠥᠭᠡᠳ ᠲᠡᠭᠦᠨ ᠳ᠋ᠤ ᠬᠢᠵᠠᠭᠠᠷ ᠦᠭᠡᠢ ᠬᠠᠢᠷ᠎ᠠ ᠬᠠᠯᠠᠮᠵᠢ ᠬᠢᠭᠡᠳ ᠮᠡᠷᠭᠡᠨ ᠰᠠᠨᠠᠭᠤᠯᠭ᠎ᠠ ᠥᠭᠭᠦᠭᠰᠡᠨ ᠪᠠᠢᠵᠠᠢ᠃ ᠡᠭᠦᠨ ᠤ ᠳᠣᠲᠤᠷ᠎ᠠ ᠬᠠᠮᠤᠭ ᠡᠴᠡ ᠠᠭᠤᠤ ᠰᠠᠨᠠᠭᠤᠯᠭ᠎ᠠ ᠨᠢ ᠭᠡᠪᠡᠯ ᠳᠠᠷᠤᠢ︽ ᠬᠥᠯᠳᠡᠭᠦᠦ ᠪᠠᠭᠠᠰᠤᠨ ᠨᠡᠢᠯᠡᠭ ᠭᠡᠮ cold shit symdrome︾ ᠪᠢᠯᠡ᠃
᠁᠁᠁᠁᠁᠁᠁᠁᠁
ᠬᠡᠳᠦᠨ ᠰᠠᠷ᠎ᠠ ᠶᠢᠨ ᠡᠮᠦᠨ᠎ᠡ᠂ ᠪᠢ ᠡᠮᠡᠭᠲᠡᠢ ᠨᠠᠢᠵᠠ ᠲᠠᠢ ᠪᠠᠨ ᠰᠠᠯᠤᠭᠰᠠᠨ᠂ ᠤᠴᠢᠷ ᠨᠢ ᠲᠡᠷᠡ ᠨᠠᠳᠠ ᠡᠴᠡ ᠨᠢᠭᠤᠵᠤ ᠪᠠᠢᠭᠠᠳ ᠥᠭᠡᠷ᠎ᠡ ᠬᠥᠮᠦᠨ ᠲᠠᠢ ᠪᠤᠯᠤᠭᠰᠨ ᠪᠥᠭᠡᠳ ᠤᠯᠠᠨ ᠤᠳᠠᠭ᠎ᠠ ᠪᠠᠢᠵᠤ ᠪᠢᠯᠡ᠃ ᠥᠴᠦᠭᠡᠳᠦᠷ ᠲᠡᠷᠡ ᠥᠬᠢᠨ ᠳᠠᠬᠢᠨ ᠨᠠᠳᠠ ᠳ᠋ᠤ ᠤᠲᠠᠰᠤᠳᠠᠭᠠᠳ ᠠᠭᠤᠯᠵᠠᠬᠤ ᠤᠤ ᠭᠡᠯᠡ᠃ ᠪᠢ ᠪᠣᠯᠤᠨ᠎ᠠ ᠭᠡᠪᠡ᠃
ᠪᠢᠳᠡ ᠬᠠᠮᠲᠤ ᠳ᠋ᠤ ᠪᠠᠨ ᠨᠢᠭᠡᠨ ᠭᠣᠶᠤ ᠰᠠᠢᠬᠠᠨ ᠡᠳᠦᠷ ᠢ ᠥᠩᠭᠡᠷᠡᠭᠦᠯᠦᠭᠰᠡᠨ ᠶᠤᠮ᠃ ᠤᠤᠯ ᠨᠢ ᠪᠢ ᠳᠡᠬᠦᠨ ᠳ᠋ᠤ ᠬᠠᠢᠷᠠᠲᠠᠢ ᠬᠡᠪ ᠢᠶᠡᠷ ᠪᠠᠢᠵᠠᠢ᠃ ᠭᠡᠷ ᠲᠤ ᠪᠠᠨ ᠬᠠᠷᠢᠭᠰᠠᠨ ᠡᠴᠡ ᠰᠡᠭᠦᠯᠡᠷ ᠡᠨᠡ ᠤᠴᠢᠷ ᠢ ᠪᠢ ᠡᠮᠡᠭᠡ ᠡᠵᠢ ᠳ᠋ᠤ ᠪᠠᠨ ᠶᠠᠷᠢᠯ᠎ᠡ᠃ ᠡᠮᠡᠭᠡ ᠡᠵᠢ ᠪᠣᠯ ᠮᠢᠨᠦ ᠬᠠᠮᠤᠭ ᠰᠠᠢᠨ ᠨᠠᠢᠵᠠ᠃
ᠵᠠᠯᠭᠠᠭᠠᠳ ᠡᠮᠡᠭᠡ ᠡᠵᠢ ᠶᠢᠨ ᠬᠡᠯᠡᠭᠰᠡᠨ ᠡᠨᠡ ᠪᠠᠳᠠᠭ ᠦᠭᠡ ᠪᠣᠯ ᠮᠢᠨᠦ ᠣᠳᠣ ᠪᠤᠯᠲᠤᠯᠠ ᠰᠣᠨᠤᠰᠴᠤ ᠥᠩᠭᠡᠷᠡᠭᠰᠡᠨ ᠬᠠᠮᠤᠭ ᠡᠴᠡ ᠮᠡᠷᠭᠡᠨ ᠨᠢᠭᠡᠨ ᠪᠠᠳᠠᠭ ᠪᠣᠯᠤᠨ᠎ᠠ᠃
- ᠤ᠂ ᠮᠠᠭᠤ ᠭᠣᠯᠣᠣ᠂ ᠨᠢᠭᠡ ᠶᠠᠭᠤᠮ᠎ᠠ ᠵᠢ ᠴᠢ ᠪᠠᠲᠤ ᠴᠡᠭᠡᠵᠢᠯᠡᠬᠦ ᠬᠡᠷᠡᠭᠲᠡᠢ᠂ ᠲᠠᠭᠦᠨ ᠲᠠᠢ ᠰᠠᠯᠤᠭᠰᠠᠨ ᠴᠢᠨᠢ ᠤᠴᠢᠷ ᠰᠢᠯᠲᠠᠭᠠᠨ ᠲᠠᠢ ᠰᠢᠦ︕
- ᠪᠢ ᠮᠡᠳᠡᠵᠦ ᠪᠠᠢᠨ᠎ᠠ᠂ ᠭᠡᠲᠡᠯ᠎ᠡ ᠪᠢ ᠮᠥᠨ ᠲᠡᠭᠦᠨ ᠳ᠋ᠤ ᠬᠠᠢᠷᠠᠲᠠᠢ ᠪᠠᠢᠭᠰᠠᠭᠠᠷ ᠁
- ︽ ᠬᠥᠯᠳᠡᠭᠦᠦ ᠪᠠᠭᠠᠰᠤᠨ ᠨᠡᠢᠯᠡᠭ ᠭᠡᠮ ︾ ᠡᠴᠡ ᠪᠣᠯᠵᠤ ᠴᠢ ᠣᠳᠣ ᠵᠥᠨᠦᠲᠦᠬᠦ ᠭᠡᠵᠦ ᠪᠠᠢᠨ᠎ᠠ︕
- ᠡ ᠁ ᠲᠡᠷᠡ ᠨᠢ ᠶᠠᠭᠤ ᠪᠤᠢ︖
ᠬᠥᠯᠳᠡᠭᠦᠦ ᠪᠠᠭᠠᠰᠤᠨ ᠨᠡᠢᠯᠡᠭ ᠭᠡᠮ ᠭᠡᠵᠦ᠄
ᠪᠠᠭᠠᠰᠤ ᠴᠢᠨᠢ ᠬᠠᠯᠠᠭᠤᠨ ᠢᠶᠡᠷ ᠢᠶᠡᠨ ᠪᠠᠢᠬᠤ ᠦᠶᠡᠰ᠂ ᠴᠢ ᠲᠡᠭᠦᠨ ᠢ ᠪᠠᠭᠠᠰᠤ ᠡ ᠭᠡᠵᠦ ᠮᠡᠳᠡᠨ᠎ᠡ᠂ ᠡᠢᠮᠦ ᠡᠴᠡ ᠯᠠᠪᠲᠠᠢ ᠲᠡᠭᠦᠨ ᠳ᠋ᠤ ᠣᠢᠷᠠᠳᠬᠤ ᠦᠭᠡᠢ᠃
ᠭᠡᠲᠡᠯ᠎ᠡ᠂ ᠡᠨᠡ ᠬᠡᠰᠡᠭ ᠪᠠᠭᠠᠰᠤ ᠬᠦᠢᠲᠡᠷᠡᠵᠦ ᠬᠠᠲᠠᠭᠤᠷᠠᠭᠰᠠᠨ ᠡᠴᠡ ᠰᠡᠭᠦᠯᠡᠷ᠂ ᠣᠯᠠᠩᠬᠢ ᠬᠥᠮᠦᠰ ᠡᠨᠡ ᠪᠠᠨ ᠴᠣᠺᠠᠯᠢᠲ ᠬᠡᠮᠡᠨ ᠪᠣᠳᠤᠬᠤ ᠪᠣᠯᠤᠨ᠎ᠠ᠃ ᠲᠡᠭᠡᠭᠡᠳ ᠬᠥᠮᠦᠰ ᠡᠨᠡ ᠡᠴᠡ ᠨᠢᠭᠡ ᠬᠡᠰᠡᠭ ᠢ ᠠᠪᠴᠤ ᠠᠮᠰᠠᠪᠠᠯ᠂ ᠤ ᠁ ᠡᠨᠡ ᠴᠢᠨᠢ ᠪᠠᠭᠠᠰᠤ ᠰᠢᠳᠡ ᠭᠡᠰᠡᠨ ᠢᠶᠡᠨ ᠪᠣᠳᠤᠵᠤ ᠣᠯᠤᠨ᠎ᠠ᠃
ᠲᠡᠷᠡ ᠥᠬᠢᠨ ᠴᠢᠨᠦ ᠦᠨᠡᠨ ᠬᠠᠢᠷ᠎ᠠ ᠵᠢ ᠮᠡᠬᠡᠯᠡᠭᠰᠡ᠂ ᠡᠢᠮᠦ ᠡᠴᠡ ᠲᠡᠷᠡ ᠪᠣᠯ ᠴᠣᠺᠠᠯᠢᠲ ᠪᠢᠰᠢ᠂ ᠬᠠᠷᠢᠨ ᠪᠠᠭᠠᠰᠤ᠃ ᠡᠨᠡ ᠵᠢ ᠮᠡᠳᠡᠪᠡᠯ ᠪᠣᠯᠴᠢᠬᠠᠨ᠎ᠠ᠃
ᠡᠨᠡ ᠡᠮᠡᠭᠡ ᠡᠵᠢ ᠦᠨᠡᠬᠡᠷ ᠬᠥᠮᠦᠰ ᠤᠨ ᠪᠢᠯᠢᠭ᠌ ᠢ ᠴᠣᠭᠤᠷᠠᠲᠠᠯᠠ ᠰᠠᠢᠬᠠᠨ ᠶᠠᠷᠢᠵᠠᠢ︕