- ᠪᠣᠷᠵᠢᠭᠢᠨ
6176
ᠰᠠᠷ᠎ᠠ ᠲᠠᠢ ᠰᠦᠨᠢ
2018-11-28 19:13
342
0
ᠠᠷᠪᠠᠨ ᠲᠠᠪᠤᠨ ᠤ ᠰᠠᠷ᠎ᠠ ᠰᠢᠭ᠋ ᠲᠤᠩᠭᠠᠯᠠᠭ ᠰᠠᠢᠬᠠᠨ ᠬᠠᠷᠠᠴᠠ ᠴᠢᠨᠢ
ᠠᠷᠢᠭᠤᠨ ᠪᠠᠢᠭᠠᠯᠢ ᠶᠢᠨ ᠠᠮᠢᠰᠬᠤᠯ ᠯᠠ ᠶᠤᠮ ᠳ᠋ᠠ ᠭᠡᠵᠦ ᠦᠨᠦᠰᠦᠭᠰᠡᠨ
ᠠᠷᠭᠠᠳᠠᠬᠤ ᠰᠡᠳᠭᠢᠯ ᠤᠨ ᠴᠡᠪᠡᠷ ᠰᠤᠳᠤᠬᠠᠨ ᠳᠤᠷᠠᠯᠠᠯ ᠡᠴᠡ ᠴᠢᠨᠢ
ᠠᠲᠠᠷ ᠤᠨ ᠰᠤᠷᠭᠤᠭ ᠵᠦᠯᠬᠡ ᠯᠡ ᠶᠤᠮ ᠳ᠋ᠠ ᠭᠡᠵᠦ ᠬᠠᠨᠢᠯᠠᠭᠰᠠᠨ
ᠬᠠᠪᠤᠷ ᠤᠨ ᠰᠠᠯᠬᠢᠨ ᠤ ᠣᠶᠠᠷᠠᠭᠤᠨ ᠢᠯᠪᠢᠯᠲᠡ ᠡᠴᠡ
ᠬᠠᠢᠷᠠᠲᠦ ᠴᠢᠮᠠᠶᠢ ᠪᠡᠨ ᠪᠢ ᠡᠷᠭᠢᠴᠡᠭᠦᠯᠦᠨ ᠪᠣᠳᠣᠨ᠎ᠠ
ᠬᠠᠨᠴᠤᠢ ᠳᠠᠭᠠᠨ ᠨᠢᠯᠪᠥᠰᠥ ᠲᠠᠢ ᠡᠩᠭᠦᠷᠡᠢ ᠳᠦᠷᠢ ᠴᠢᠨᠢ
ᠬᠠᠷᠠᠩᠭᠤᠢ ᠰᠦᠨᠢ ᠶᠢ ᠭᠡᠷᠡᠯᠳᠡᠭᠦᠯᠦᠭᠰᠡᠨ ᠰᠠᠷ᠎ᠠ ᠶᠤᠮ ᠳ᠋ᠠ ᠴᠢ
ᠤᠳᠠᠨ ᠤ ᠨᠠᠪᠴᠢ ᠰᠢᠭ᠋ ᠭᠣᠶᠣᠬᠠᠨ ᠬᠦᠮᠦᠰᠭᠡ ᠴᠢᠨᠢ
ᠤᠬᠠᠭᠠᠨ ᠰᠠᠷᠠᠭᠤᠯ ᠤᠨ ᠢᠷᠭᠤᠢ ᠶᠤᠮ ᠭᠡᠵᠦ ᠬᠠᠢᠷᠠᠯᠠᠭᠰᠠᠨ
ᠤᠷᠴᠢᠯᠠᠩ ᠳᠤ ᠲᠤᠨᠤᠷᠠᠬᠤ ᠬᠠᠢᠷ᠎ᠠ ᠶᠢᠨ ᠰᠡᠳᠭᠢᠯ ᠡᠴᠡ ᠴᠢᠨᠢ
ᠤᠷᠤᠰᠬᠠᠯ ᠳᠣᠯᠭᠢᠶᠠᠨ ᠤ ᠴᠤᠤᠷᠢᠶ᠎ᠠ ᠶᠤᠮ ᠳ᠋ᠠ ᠭᠡᠵᠦ ᠰᠠᠨᠠᠭᠰᠠᠨ
ᠨᠠᠮᠤᠭᠤᠬᠠᠨ ᠵᠤᠨ ᠤ ᠤᠳᠤᠨ ᠤ ᠠᠨᠢᠪᠴᠢᠭᠠᠨ ᠠᠴᠠ
ᠨᠠᠭᠤᠷ ᠤᠨ ᠰᠢᠪᠠᠭᠤ ᠪᠠᠨ ᠤᠶᠠᠷᠠᠲᠠᠯ᠎ᠠ ᠰᠠᠨᠠᠨ᠎ᠠ
ᠨᠠᠷᠠᠲᠦ ᠳᠤ ᠳᠠᠭᠤᠯᠠᠬᠤ ᠡᠩᠭᠦᠷᠡᠢ ᠰᠡᠳᠭᠢᠯ ᠴᠢᠨᠢ
ᠨᠠᠮ᠎ᠠ ᠪᠠᠨ ᠰᠢᠩᠭᠡᠩᠰᠡᠨ ᠵᠢᠷᠤᠭ ᠯᠡ ᠶᠤᠮ ᠡ ᠴᠢ
ᠲᠠᠯ᠎ᠠ ᠳᠤ ᠤᠷᠭᠤᠭᠰᠠᠨ ᠴᠡᠴᠡᠭ ᠦᠨ ᠳᠡᠯᠪᠢ ᠶᠢ
ᠳᠠᠭᠢᠨᠢ ᠲᠡᠭᠷᠢ ᠶᠢᠨ ᠰᠠᠷᠭᠠᠢ ᠯᠡ ᠶᠤᠮ ᠡ ᠭᠡᠵᠦ ᠦᠨᠦᠷᠲᠤᠭ᠍ᠰᠡᠨ
ᠳᠠᠩᠴᠦ ᠨᠠᠮ᠎ᠠ ᠳᠠᠭᠠᠨ ᠳᠠᠰᠤᠭᠰᠠᠨ ᠵᠢᠷᠦᠬᠡᠨ ᠡᠴᠡ ᠴᠢᠨᠢ
ᠳᠠᠶᠠᠭᠠᠷ ᠲᠤ ᠡᠭᠡᠰᠢᠭᠯᠡᠬᠦ ᠤᠶᠠᠩᠭ᠎ᠠ ᠶᠤᠮ ᠡ ᠭᠡᠵᠦ ᠬᠣᠨᠣᠭᠰᠢᠭᠰᠠᠨ
ᠰᠡᠷᠮᠡᠬᠦᠬᠡᠨ ᠨᠠᠮᠤᠷ ᠤᠨ ᠤᠶᠠᠬᠠᠨ ᠢᠯᠪᠢᠭᠡᠨ ᠡᠴᠡ
ᠰᠠᠷᠠᠲᠦ ᠳᠤ ᠴᠢᠮᠠᠶᠢ ᠳᠤᠷᠠᠰᠤᠨ ᠳᠠᠭᠤᠯᠠᠯ᠎ᠠ
ᠰᠠᠷᠠᠨ ᠤ ᠲᠤᠶᠠᠭᠠᠨ ᠳᠦ ᠡᠩᠭᠦᠷᠡᠢ ᠳᠦᠷᠢ ᠴᠢᠨᠢ
ᠰᠠᠨᠰᠠᠷ ᠠᠴᠠ ᠪᠠᠭᠤᠭᠰᠠᠨ ᠳᠠᠭᠢᠨᠢ ᠶᠤᠮ ᠤᠤ ᠳ᠋ᠠ ᠴᠢ
ᠴᠢᠮᠬᠢᠬᠦᠨ ᠰᠠᠢᠬᠠᠨ ᠰᠢᠪᠡᠨᠡᠬᠡᠨ ᠤᠷᠤᠭᠤᠯ ᠢ ᠴᠢᠨᠢ
ᠴᠢᠨᠳᠠᠮᠤᠨᠢ ᠰᠤᠨᠳᠤᠷ ᠤᠨ ᠮᠦᠬᠦᠯᠢᠭ ᠶᠤᠮ ᠡ ᠭᠡᠵᠦ ᠠᠮᠠᠯᠳᠤᠭᠰᠠᠨ
ᠴᠢᠮ᠎ᠠ ᠳᠠᠭᠠᠨ ᠳᠤᠷᠠᠯᠠᠭᠰᠠᠨ ᠬᠠᠢᠷ᠎ᠠ ᠶᠢᠨ ᠨᠠᠢᠷᠠᠭ
ᠴᠢᠩ ᠰᠡᠳᠭᠢᠯ ᠤᠨ ᠡᠷᠭᠢᠴᠡᠭᠦᠯᠦᠯ ᠶᠤᠮ ᠡ ᠭᠡᠵᠦ ᠳᠠᠭᠠᠳᠬᠠᠭᠰᠠᠨ
ᠰᠠᠷ᠎ᠠ ᠲᠠᠢ ᠰᠦᠨᠢ ᠶᠢᠨ ᠴᠠᠰᠤᠨ ᠯᠠᠪᠰᠠ ᠠᠴᠠ
ᠰᠠᠢᠬᠠᠨ ᠴᠢᠮ᠎ᠠ ᠪᠠᠨ ᠰᠢᠯᠦᠭᠯᠡᠨ ᠪᠢᠴᠢᠯ᠎ᠡ
ᠰᠠᠷᠠᠨ ᠲᠤᠩᠭᠠᠯᠠᠭ ᠤᠶᠠᠷᠠᠭᠤᠨ ᠠᠭᠠᠯᠢ ᠴᠢᠨᠢ
ᠰᠠᠨᠠᠭᠳᠠᠬᠤ ᠰᠡᠳᠭᠢᠯ ᠤᠨ ᠬᠥᠭ ᠯᠡ ᠶᠤᠮ ᠡ ᠴᠢ
ᠴᠢᠨᠦ ᠨᠠᠳᠠᠳᠦ ᠪᠠᠨ ᠰᠢᠪᠡᠨᠡᠭᠰᠡᠨ ᠦᠭᠡ ᠴᠢᠨᠢ
ᠴᠡᠴᠡᠭ ᠦᠨ ᠬᠤᠩᠭᠤᠷ ᠶᠠᠲᠤᠭ᠎ᠠ ᠯᠡ ᠶᠤᠮ ᠡ ᠭᠡᠵᠦ ᠳᠣᠷᠠᠯᠠᠭᠰᠠᠨ
ᠰᠦᠨᠢᠵᠢᠨ ᠬᠣᠨᠣᠭᠰᠢᠬᠤ ᠰᠡᠳᠭᠢᠯ ᠤᠨ ᠡᠭᠡᠰᠢᠭ ᠡᠴᠡ ᠴᠢᠨᠢ
ᠰᠤᠨᠳᠤᠷ ᠠᠴᠠ ᠲᠠᠰᠤᠷᠠᠭᠰᠠᠨ ᠰᠤᠪᠤᠳ ᠤᠨ ᠮᠦᠬᠦᠯᠢᠭ ᠭᠡᠵᠦ ᠵᠡᠭᠦᠳᠦᠯᠡᠭᠰᠡᠨ
ᠵᠢᠷᠦᠬᠡ ᠰᠡᠳᠭᠢᠯ ᠬᠣᠶᠠᠷ ᠤᠨ ᠵᠠᠢ ᠠᠴᠠ
ᠵᠡᠭᠦᠳᠦ ᠵᠡᠷᠭᠡᠯᠭᠡᠨ ᠪᠣᠯᠵᠦ ᠵᠠᠮᠬᠠᠷᠠᠨ᠎ᠠ
ᠵᠦᠭ ᠵᠦᠭ ᠲᠡᠬᠡᠨ ᠰᠠᠯᠤᠭᠠᠳ ᠨᠢᠰᠦᠭᠰᠡᠨ
ᠵᠦᠩ ᠪᠢᠯᠢᠭ ᠦᠨ ᠭᠠᠯᠠᠭᠤᠨ ᠰᠦᠷᠦᠭ ᠡ ᠴᠢ ᠪᠢᠳᠡ