 

ᠾᠦᠩᠨᠦ ᠶᠢᠨ ᠴᠠᠨ ᠢᠥᠢ ᠶᠢᠨ ᠨᠢᠭᠤᠴᠨ 

2019-10-23 17:56
  314
  0
      ᠲᠡᠥᠬᠡᠨ ᠳᠡᠭᠡᠷᠡᠬᠢ ᠬᠠᠮᠤᠭ ᠤᠨ ᠲᠤᠮᠤ ᠬᠡᠮᠵᠢᠶᠠᠨ ‍ᠣ ᠾᠦᠩᠨᠦ ᠶᠢᠨ ᠴᠠᠨ ᠢᠥᠢ ᠶᠢᠨ ᠪᠤᠯᠠᠰᠢᠨ ᠠᠴᠠ ᠮᠠᠰᠢ ᠨᠠᠷᠢᠯᠢᠭ ᠬᠡᠴᠡ ᠲᠠᠢ ᠬᠢᠲᠠᠳ ᠭᠠᠵᠠᠷ ᠤᠨ ᠬᠠᠰ ᠡᠳ᠋ᠯᠡᠯ ᠪᠤᠯᠤᠨ ᠷᠤᠮᠨ ᠶᠢᠨ ᠰᠢᠯᠦᠨ ᠠᠶᠠᠭ᠎ᠠ ᠭᠠᠷᠤᠭᠰᠠᠨ ᠪᠠᠢᠨ᠎ᠠ᠂ ᠪᠤᠯᠠᠰᠢᠨ ‍ᠣ ᠡᠵᠡᠨ ᠨᠢ ᠴᠤᠬᠤᠮ ᠬᠡᠨ ᠪᠠᠢᠭᠰᠠᠨ ᠪᠤᠢ  
 
  ᠬᠡᠳᠦᠨ ᠡᠳᠦᠷ ᠦᠨ ᠡᠮᠤᠨ᠎ᠠ᠂ ᠪᠢᠳ᠋ᠨ ᠡᠧᠦᠷᠦᠢ᠌ᠫᠠ ᠶᠢᠨ ᠰᠤᠳᠤᠯᠠᠭᠠᠴᠢᠳ ᠤᠨ︽137 ancient human genomes from across the Eurasian steppes︾ ᠭᠡᠬᠦ ᠦᠬᠦᠯᠡᠯ ᠦᠨ ᠲᠤᠬᠠᠢ ᠶᠠᠷᠢᠯᠴᠠᠵᠤ ᠪᠠᠢᠭᠰᠠᠨ᠂ ᠡᠨᠡ ᠦᠬᠦᠯᠡᠯ ᠨᠢ ᠨᠠᠰᠤ ᠪᠠᠷᠠᠭᠰᠠᠨ ᠬᠤᠶᠠᠷ ᠡᠷᠲᠡᠨ ‍ᠣ ᠬᠢᠲᠠᠳ ᠵᠠᠩᠵᠦᠨ ᠢ ᠾᠦᠩᠨᠦ ᠬᠦᠮᠦᠨ ᠪᠤᠯᠭᠠᠵᠤ ᠰᠢᠨᠵᠢᠯᠡᠭᠰᠡᠨ ᠢᠨᠢᠶᠠᠳᠤᠮᠲᠠᠢ ᠬᠡᠷᠡᠭ ᠪᠠᠢᠯ᠎ᠠ᠃ ᠦᠨᠦᠳᠦᠷ ᠪᠢᠳ᠋ᠨ︽ᠾᠦᠩᠨᠦ ᠢᠵᠠᠭᠤᠷᠲᠠᠨ︾ᠭᠡᠵᠤ ᠨᠡᠷᠡᠯᠡᠭᠳᠡᠭᠰᠡᠨ ᠰᠤᠳᠤᠯᠠᠭᠠᠨ ‍ᠣ ᠳᠡᠭᠡᠵᠢ ᠶᠢᠨ ᠨᠢᠭᠤᠴᠨ ᠢ ᠶᠠᠷᠢᠬᠤ ᠪᠤᠯᠤᠨ᠎ᠠ᠃ ᠡᠮᠦᠨ᠎ᠠ ᠳᠤᠷᠠᠳᠤᠭᠰᠠᠨᠴᠢᠯᠠᠨ DA43 ᠪᠤᠯᠤᠨ DA45 ᠳᠡᠭᠡᠵᠢ ᠳᠦ ᠪᠤᠯᠤᠭᠰᠠᠨ ᠪᠤᠷᠤᠭᠤᠲᠠᠢ ᠶᠠᠪᠤᠳᠠᠯ ᠲᠠᠢ ᠠᠳᠠᠯᠢᠬᠠᠨ᠂ ᠵᠡᠬᠦᠨ ᠠᠽᠢᠶ᠎ᠠ ᠶᠢᠨ ᠲᠡᠥᠬᠡ ᠪᠤᠯᠤᠨ ᠠᠷᠬᠢᠯᠦᠬᠢ ᠶᠢᠨ ᠲᠤᠬᠠᠢ ᠰᠠᠢᠨ ᠮᠡᠳᠡᠳᠡᠭ ᠦᠬᠡᠢ ᠡᠧᠦᠷᠦᠢ᠌ᠫᠠ ᠶᠢᠨ ᠰᠤᠳᠤᠯᠠᠭᠠᠴᠢᠳ ᠨᠢ ᠦᠪᠡᠷᠡᠰᠡᠳ ᠢᠶᠡᠨ ᠮᠠᠰᠢ ᠦᠨ᠎ᠡ ᠴᠡᠨᠡᠲᠠᠢ ᠰᠤᠳᠤᠯᠠᠭᠠᠨ ‍ᠣ ᠦᠷ᠎ᠠ ᠳ᠋ᠦᠩ ᠢ ᠭᠠᠷᠭᠠᠭᠰᠠᠨ ᠭᠡᠳᠡᠭ ᠢ ᠪᠡᠨ ᠮᠡᠳᠡᠭᠡᠳ ᠦᠬᠡᠢ ᠪᠠᠢᠯ᠎ᠠ᠃    
  ᠳᠤᠤᠷ᠎ᠠ ᠪᠢᠳ᠋ᠨ ᠦᠬᠦᠯᠡᠯ ᠳᠦ ᠡᠰᠢᠯᠡᠭᠰᠡᠨ ᠲᠠᠪᠤᠨ ᠰᠢᠷᠬᠡᠭ︽ᠾᠦᠩᠨᠦ︾ᠳᠡᠭᠡᠵᠢ ᠶᠢᠨ ᠪᠠᠢᠳᠠᠯ ᠢ ᠦᠵᠡᠶ᠎ᠡ᠃    
   ᠲᠡᠬᠦᠨ ‍ᠣ ᠳᠤᠲᠤᠷ᠎ᠠ DA39 ᠭᠡᠵᠤ ᠳ᠋ᠤᠭᠠᠷᠯᠠᠭᠰᠠᠨ ᠳᠡᠭᠡᠵᠢ ᠨᠢ ᠪᠢᠳᠡᠨ ‍ᠣ ᠭᠤᠤᠯ ᠰᠠᠳᠤᠪ ᠪᠦᠬᠡᠳ ᠦᠬᠦᠯᠡᠯ ᠦᠨ ᠬᠠᠪᠰᠤᠷᠠᠯᠳ᠋ᠨ ᠳᠦ᠂ ᠡᠨᠡ ᠳᠡᠭᠡᠵᠢ ᠨᠢ ᠮᠤᠩᠭᠤᠯ ᠤᠯᠤᠰ ᠤᠨ ᠠᠷᠤᠬᠠᠩᠭᠠᠢ ᠠᠢᠮᠠᠭ ᠤᠨ ᠭᠠᠵᠠᠷ ᠨᠤᠲᠤᠭ ᠠᠴᠠ ᠤᠯᠳᠠᠭᠰᠠᠨ ᠢᠵᠠᠭᠤᠷᠲᠠᠨ︵aristocrat︶  ᠪᠤᠯᠠᠰᠢ ᠭᠡᠵᠡᠢ᠂ ᠳᠠᠷᠠᠭ᠎ᠠ ᠨᠢ ᠪᠢᠳ᠋ᠨ ᠦᠬᠦᠯᠡᠯ ᠦᠨ ᠭᠤᠤᠯ ᠠᠭᠤᠯᠭ᠎ᠠ ᠠᠴᠠ ᠡᠨᠡᠬᠦ ᠪᠤᠯᠠᠰᠢᠨ ‍ᠣ ᠨᠠᠷᠢᠨ ᠪᠠᠢᠳᠠᠯ ᠲᠠᠢ ᠲᠠᠨᠢᠯᠴᠠᠭᠰᠠᠨ ᠪᠦᠭᠡᠳ DA39 ᠳᠡᠭᠡᠵᠢ ᠨᠢ ᠡᠨᠡ ᠤᠷᠤᠰᠢᠭᠤᠯᠭ᠎ᠠ ᠶᠢᠨ ᠭᠠᠵᠠᠷ ᠳᠠᠬᠢ ᠢᠵᠠᠭᠤᠷᠲᠠᠨ ‍ᠣ ᠬᠠᠮᠤᠭ ᠤᠨ ᠲᠤᠮᠤ ᠪᠤᠯᠠᠰᠢ ᠬᠡᠵᠤ ᠲᠤᠳᠤᠷᠬᠠᠢ ᠪᠢᠴᠢᠵᠠᠢ᠂ ᠭᠤᠤᠯ ᠮᠤᠳᠤ 2 ᠪᠤᠯᠠᠰᠢ ᠶᠢ M1  ᠶᠢᠨ 1 ᠳ᠋ᠦ᠋ᠭᠡᠷ ᠲᠤᠮᠤ ᠪᠤᠯᠠᠰᠢ ᠬᠡᠮᠡᠨ ᠲᠡᠮᠳᠡᠭᠯᠡᠵᠡᠢ᠂ M1 ᠪᠤᠯᠠᠰᠢᠨ ‍ᠣ ᠬᠢᠷᠢ ᠵᠡᠷᠭᠡ ᠲᠤᠮᠤ ᠪᠠᠢᠭ᠎ᠠ ᠪᠤᠯ ᠬᠡᠪᠡᠯ ᠲᠤᠬᠠᠢᠯᠠᠭᠰᠠᠨ ᠵᠢᠷᠤᠭ  ᠠᠴᠠ ᠬᠠᠷᠠᠵᠤ ᠪᠤᠯᠤᠨ᠎ᠠ᠃  

  ᠠᠷᠤᠬᠠᠩᠭᠠᠢ ᠠᠢᠮᠠᠭ ᠤᠨ ᠦᠨᠳᠦᠷ ᠤᠯᠠᠭᠠᠨ ᠰᠤᠮᠤ︵ᠰᠢᠶᠠᠨ︶ᠳᠠᠬᠢ ᠤᠷᠤᠰᠢᠭᠤᠯᠭ᠎ᠠ ᠶᠢᠨ ᠭᠠᠵᠠᠷ ᠭᠡᠪᠡᠯ᠂ ᠬᠡᠮ ᠬᠡᠮᠵᠢᠶᠠᠨ ᠠᠴᠠ ᠰᠢᠯᠲᠠᠭᠠᠢᠯᠠᠨ᠂ ᠲᠡᠬᠦᠨ ‍ᠣ ᠲᠤᠬᠠᠢ ᠮᠠᠲ᠋ᠧᠷᠢᠶᠠᠯ ᠢ ᠠᠮᠠᠷᠬᠠᠨ ᠢᠶᠠᠷ ᠬᠠᠢᠨ ᠤᠯᠵᠤ ᠪᠤᠯᠳᠠᠭ᠃ ᠡᠨᠡ ᠪᠤᠯ ᠠᠯᠳᠠᠷᠲᠠᠢ ᠭᠤᠤᠯ ᠮᠤᠳᠤ 2 ᠭᠡᠬᠦ ᠤᠷᠤᠰᠢᠭᠤᠯᠭ᠎ᠠ ᠶᠢᠨ ᠭᠠᠵᠠᠷ ᠲᠠᠬᠢ1 ᠳ᠋ᠤᠭᠠᠷ ᠲᠤᠮᠤ ᠪᠤᠯᠠᠰᠢ ᠪᠤᠯᠤᠨ᠎ᠠ᠃ ᠾᠦᠩᠨᠦ ᠶᠢᠨ ᠢᠵᠠᠭᠤᠷᠲᠠᠨ ‍ᠣ ᠲᠤᠮᠤ ᠤᠷᠤᠰᠢᠭᠤᠯᠭ᠎ᠠ ᠶᠢᠨ ᠭᠠᠵᠠᠷ ᠪᠠᠢᠵᠠᠢ ᠭᠡᠵᠤ ᠬᠦᠮᠦᠰ ᠲᠤ ᠠᠩᠬ᠎ᠠ ᠲᠠᠨᠢᠭᠳᠠᠵᠤ ᠪᠠᠢᠭᠰᠠᠨ ᠭᠠᠵᠠᠷ ᠬᠡᠪᠡᠰᠤ᠂ ᠤᠷᠢᠳᠦᠬᠢ ᠵᠦᠪᠯᠡᠯᠲᠤ ᠶᠢᠨ ᠰᠤᠳᠤᠯᠠᠭᠠᠴᠢᠳ᠂ ᠬᠤᠷᠢᠳᠤᠭᠠᠷ ᠤᠨ ‍ᠣ ᠡᠬᠢᠨ ‍ᠣ ᠦᠶ᠎ᠡ ᠪᠡᠷ ᠮᠠᠯᠲᠠᠯᠭ᠎ᠠ ᠬᠢᠭᠰᠡᠨ ᠨᠤᠶᠠᠨ ᠠᠭᠤᠯᠨ ᠤ ᠪᠤᠯᠠᠰᠢ ᠪᠤᠯᠤᠨ᠎ᠠ᠃ ᠦᠨᠡᠨᠳᠡᠭᠡᠨ ᠾᠦᠩᠨᠦ ᠶᠢᠨ ᠢᠵᠠᠭᠤᠷᠲᠠᠨ ‍ᠣ ᠪᠤᠯᠠᠰᠢ ᠤᠷᠤᠰᠢᠭᠤᠯᠭ᠎ᠠ ᠶᠢᠨ ᠳᠤᠲᠤᠷ᠎ᠠ᠂ ᠬᠡᠮ ᠬᠡᠮᠵᠢᠶ᠎ᠠ ᠪᠠᠷ ᠬᠠᠮᠤᠭ ᠤᠨ ᠲᠤᠮᠤ ᠤᠷᠤᠰᠢᠭᠤᠯᠭ᠎ᠠ ᠶᠢᠨ ᠭᠠᠵᠠᠷ ᠨᠢ ᠮᠤᠩᠭᠤᠯ ᠤᠯᠤᠰ ᠤᠨ ᠠᠷᠤᠬᠠᠩᠭᠠᠢ ᠠᠢᠮᠠᠭ ᠤᠨ ᠬᠤᠨᠤᠢ ᠭᠤᠤᠯ ᠤᠨ ᠬᠦᠪᠡᠬᠡᠨ ᠳᠦ ᠪᠤᠢ ᠭᠤᠤᠯ ᠮᠤᠳᠤ 1 ᠪᠤᠯᠤᠨ ᠭᠤᠤᠯ ᠮᠤᠳᠤ 2 ᠭᠡᠬᠦ ᠬᠤᠶᠠᠷ ᠤᠷᠤᠰᠢᠭᠤᠯᠭ᠎ᠠ ᠶᠢᠨ ᠭᠠᠵᠠᠷ ᠪᠤᠯᠤᠨ᠎ᠠ᠂ ᠡᠨᠡ ᠬᠤᠶᠠᠷ ᠤᠷᠤᠰᠢᠭᠤᠯᠭ᠎ᠠ ᠶᠢᠨ ᠭᠠᠵᠠᠷ ᠲᠤ ᠾᠦᠩᠨᠦ ᠶᠢᠨ ᠦᠶ᠎ᠡ ᠶᠢᠨ ᠬᠡᠳᠦᠨ ᠵᠠᠭᠤᠨ ᠪᠤᠯᠠᠰᠢ ᠪᠤᠩᠬᠤᠨ ᠪᠤᠢ ᠪᠦᠭᠡᠳ ᠴᠢᠯᠠᠭᠤ ᠤᠪᠤᠭᠠᠯᠠᠵᠤ ᠭᠠᠷᠭᠠᠭᠰᠠᠨ ᠠᠵᠠᠢ᠂ ᠡᠬᠦᠨ ᠢ ᠾᠦᠩᠨᠦ ᠶᠢᠨ ᠢᠵᠠᠭᠤᠷᠲᠠᠨ ‍ᠣ ᠪᠤᠯᠠᠰᠢᠨ ‍ᠣ ᠰᠤᠩᠭᠤᠳᠠᠭ ᠵᠠᠭᠪᠤᠷ ᠬᠡᠳᠡᠭ ᠪᠠᠢᠨ᠎ᠠ᠃ ᠲᠡᠷᠡᠬᠦ ᠦᠬᠦᠯᠡᠯ ᠳᠦ ᠳᠤᠷᠠᠳᠤᠭᠰᠠᠨ DA39 ᠭᠡᠬᠦ ᠳᠡᠭᠡᠵᠢ ᠨᠢ ᠡᠨᠡᠬᠦ ᠤᠷᠤᠰᠢᠭᠤᠯᠭ᠎ᠠ ᠶᠢᠨ ᠭᠠᠵᠠᠷ ᠲᠠᠬᠢ ᠬᠢᠷᠢ ᠬᠡᠮᠵᠢᠶ᠎ᠠ ᠪᠠᠷ ᠬᠠᠮᠤᠭ ᠤᠨ ᠲᠤᠮᠤ ᠢᠵᠠᠭᠤᠷᠲᠠᠨ ‍ᠣ ᠪᠤᠯᠠᠰᠢ ᠪᠤᠶᠤ ᠭᠤᠤᠯ ᠮᠤᠳᠤ 2 ᠤᠷᠤᠰᠢᠭᠤᠯᠭ᠎ᠠ ᠶᠢᠨ ᠭᠠᠵᠠᠷ ᠲᠠᠬᠢ M1 ᠬᠡᠮᠡᠨ ᠳ᠋ᠤᠭᠠᠷᠯᠠᠭᠰᠠᠨ 1 ᠳ᠋ᠤᠭᠠᠷ ᠲᠤᠮᠤ ᠪᠤᠯᠠᠰᠢᠨ ᠠᠴᠠ ᠠᠪᠤᠭᠰᠠᠨ ᠳᠡᠭᠡᠵᠢ ᠭᠡᠵᠡᠢ᠂ M1 ᠪᠤᠯᠠᠰᠢᠨ ‍ᠣ ᠲᠤᠬᠠᠢ ᠵᠢᠷᠤᠭ ᠢ ᠦᠵᠡᠨ᠎ᠡ ᠦᠦ     
  ᠵᠢᠷᠤᠭ ᠳᠤᠲᠤᠷ᠎ᠠ ᠬᠡᠳᠦᠨ ᠦᠩᠬᠡᠲᠠᠢ ᠴᠡᠭ ᠬᠠᠷᠠᠭᠳᠠᠵᠤ ᠪᠠᠢᠭ᠎ᠠ ᠪᠢᠵᠨ  ᠡᠳᠡᠨᠡᠷ ᠪᠤᠯ ᠡᠨᠡ ᠤᠳᠠᠭᠠᠨ ‍ᠣ ᠠᠷᠬᠢᠯᠦᠬᠢ ᠶᠢᠨ ᠮᠠᠯᠲᠠᠯᠭ᠎ᠠ ᠳᠤ ᠤᠷᠤᠯᠴᠠᠭᠰᠠᠨ ᠠᠷᠬᠢᠯᠦᠬᠴᠢᠳ ᠪᠤᠯᠤᠨ᠎ᠠ᠂ ᠡᠨᠡ ᠪᠤᠯᠠᠰᠢ ᠲᠤᠮᠤ ᠪᠠᠢᠭ᠎ᠠ ᠪᠢᠵᠨ    
  ᠪᠤᠩᠬᠤᠨ ‍ᠣ ᠤᠷᠤᠢ ᠨᠢ 48  ᠤᠷᠲᠤ᠂ 46  ᠦᠨᠳᠦᠷ᠂ ᠬᠤᠢᠨ᠎ᠠ ᠠᠴᠠ ᠤᠷᠤᠭᠰᠢ 37  ᠰᠤᠨᠠᠭᠰᠠᠨ ᠪᠠᠢᠳᠠᠯ ᠲᠠᠢ᠂ ᠪᠤᠯᠠᠰᠢᠨ ‍ᠣ ᠶᠡᠷᠦᠩᠬᠡᠢ ᠲᠠᠯᠠᠪᠠᠢ ᠨᠢ 2500 ᠲᠡᠭᠰᠢ ᠳᠦᠷᠪᠠᠯᠵᠢᠨ  ᠪᠠᠢᠳᠠᠭ᠂ ᠪᠠᠷᠤᠭᠴᠠᠭᠠᠳ ᠨᠢᠬᠡ ᠬᠦᠯ ᠪᠦᠮᠪᠦᠭᠡ ᠶᠢᠨ ᠲᠠᠯᠠᠪᠠᠢ ᠶᠢᠨ ᠬᠠᠭᠠᠰ ᠬᠢᠷᠢ ᠪᠠᠢᠭ᠎ᠠ᠂ ᠡᠨᠡ ᠪᠤᠯᠠᠰᠢ ᠨᠢ ᠤᠳᠤ ᠶᠢᠨ ᠪᠠᠢᠳᠠᠯ ᠢᠶᠠᠷ ᠬᠠᠮᠤᠭ ᠤᠨ ᠲᠤᠮᠤ ᠾᠦᠩᠨᠦ ᠶᠢᠨ ᠢᠵᠠᠭᠤᠷᠲᠠᠨ ‍ᠣ ᠪᠤᠯᠠᠰᠢ ᠪᠤᠯᠤᠨ᠎ᠠ᠂ ᠪᠤᠩᠬᠤᠨ ‍ᠣ ᠡᠵᠡᠨ ᠬᠡᠯᠡᠯᠬᠡᠨ ᠦᠬᠡᠢ ᠾᠦᠩᠨᠦ ᠶᠢᠨ ᠬᠠᠮᠤᠭ ᠤᠨ ᠳᠡᠭᠡᠳᠦ ᠤᠳᠤᠷᠢᠳᠤᠭᠴᠢ ᠪᠤᠯᠬᠤ ᠴᠠᠨ ᠢᠥᠢ ᠪᠤᠯᠬᠤ ᠠᠵᠠᠢ᠃ ᠬᠠᠷᠠᠮᠰᠠᠯᠲᠠᠢ ᠨᠢ ᠨᠡᠯᠢᠶᠡᠳ ᠡᠷᠳ᠋ᠨ ᠳᠡᠭᠡᠷ᠎ᠠ ᠦᠶ᠎ᠡ ᠡᠨᠡ ᠪᠤᠯᠠᠰᠢ ᠨᠢ ᠲᠤᠨᠤᠭᠳᠠᠭᠰᠠᠨ ᠠᠴᠠ ᠪᠤᠯᠠᠰᠢᠨ ‍ᠣ ᠡᠵᠡᠨ ‍ᠣ ᠶᠠᠰᠤ ᠭᠡᠳ ᠲᠡᠳᠦᠢ ᠪᠦᠷᠢᠨ ᠪᠢᠰᠢ᠂ ᠪᠤᠯᠠᠰᠢᠨ ᠠᠴᠠ ᠭᠠᠷᠤᠭᠰᠠᠨ ᠡᠳ᠋ᠯᠡᠯ ᠬᠡᠷᠡᠭᠰᠡᠯ ᠭᠡᠳ ᠪᠠᠰᠨ ᠲᠡᠳᠦᠢ ᠡᠯᠪᠡᠭ ᠪᠢᠰᠢ ᠪᠠᠢᠳᠠᠭ᠃ ᠲᠡᠭᠡᠬᠦ ᠳᠡᠬᠡᠨ ᠭᠠᠷᠤᠭᠰᠠᠨ ᠤᠯᠳᠠᠪᠤᠷᠢ ᠨᠢ ᠤᠷᠠᠨ ᠨᠠᠷᠢᠨ ᠪᠦᠭᠡᠳ ᠲᠡᠬᠦᠨ ‍ᠣ ᠳᠤᠲᠤᠷ᠎ᠠ ᠬᠠᠨ ᠤᠯᠤᠰ ᠤᠨ ᠦᠶ᠎ᠡ ᠶᠢᠨ ᠬᠠᠰ ᠫᠢᠯᠨ ᠪᠤᠯᠤᠨ ᠵᠡᠰ ᠲᠤᠯᠢ ᠪᠤᠢ᠃ ᠾᠸᠨᠠᠨ ᠮᠤᠵᠢ ᠶᠢᠨ ᠠᠷᠬᠢᠯᠦᠬᠢ ᠰᠤᠳᠤᠯᠠᠯ ᠤᠨ ᠭᠠᠵᠠᠷ ᠤᠨ ᠵᠸᠤ ᠯᠢ ᠭᠠᠩ ᠳ᠋ᠤᠺᠲ᠋ᠤᠷ ᠤᠨ︽ᠬᠢᠲᠠᠳ ᠤᠯᠤᠰ ᠤᠨ ᠲᠡᠥᠬᠡᠨ ᠭᠠᠵᠠᠷ ᠵᠦᠢ ᠶᠢᠨ ᠰᠡᠳᠬᠦᠯ︾ᠳᠦ ᠨᠡᠢᠲᠡᠯᠡᠭᠰᠡᠨ ᠪᠦᠲᠦᠭᠡᠯ ᠨᠢ ᠡᠨᠡ ᠪᠤᠯᠠᠰᠢᠨ ‍ᠣ ᠲᠤᠬᠠᠢ ᠨᠠᠷᠢᠨ ᠲᠠᠨᠢᠯᠴᠠᠭᠤᠯᠤᠭᠰᠠᠨ ᠪᠠᠢᠳᠠᠭ᠂ ᠰᠤᠨᠢᠷᠬᠠᠭᠰᠠᠨ ᠨᠦᠬᠦᠳ ᠤᠯᠵᠤ ᠤᠩᠰᠢᠵᠤ ᠪᠤᠯᠤᠨ᠎ᠠ᠃    
  M1 ᠪᠤᠯᠠᠰᠢᠨ ᠠᠴᠠ ᠭᠠᠷᠤᠭᠰᠠᠨ ᠬᠠᠨ ᠤᠯᠤᠰ ᠤᠨ ᠦᠶ᠎ᠡ ᠶᠢᠨ ᠬᠠᠰ ᠡᠳ᠋ᠯᠡᠯ᠂ 23cmᠤᠷᠲᠤ᠂ ᠾᠦᠩᠨᠦ ᠶᠢᠨ ᠢᠵᠠᠭᠤᠷᠲᠠᠨ ‍ᠣ ᠪᠤᠯᠠᠰᠢᠨ ᠠᠴᠠ ᠠᠩᠬ᠎ᠠ ᠤᠯᠳᠠᠭᠰᠠᠨ ᠭᠡᠳᠡᠭ ᠢᠶᠡᠷ ᠢᠶᠡᠨ ᠤᠨᠴᠠᠯᠢᠭ ᠲᠠᠢ᠃    
  ᠬᠢᠲᠠᠳ ᠶᠢᠨ ᠬᠠᠨ ᠤᠯᠤᠰ ᠤᠨ ᠦᠶ᠎ᠡ ᠶᠢᠨ ᠵᠠᠭᠪᠤᠷ ᠪᠦᠬᠦ ᠮᠤᠷᠢᠨ ᠲᠡᠷᠭᠡ ᠭᠠᠷᠤᠭᠰᠠᠨ︵ᠭᠠᠭᠴᠨ ᠰᠢᠷᠬᠡᠭ ᠮᠤᠷᠢᠨ ᠲᠡᠷᠭᠡ ᠨᠢ ᠪᠦᠷᠢᠨ ᠪᠦᠲᠦᠨ᠂ ᠦᠯᠡᠳᠡᠭᠰᠡᠨ ᠠᠷᠪᠠᠨ ᠬᠡᠳᠦᠨ ᠮᠤᠷᠢᠨ ᠲᠡᠷᠭᠡ ᠨᠢ ᠰᠢᠲᠠᠭᠳᠠᠵᠤ ᠲᠦᠯᠡᠭᠳᠡᠭᠰᠡᠨ ᠪᠠᠢᠳᠠᠯ ᠲᠠᠢ︶᠂ ᠪᠠᠰᠨ ᠮᠠᠰᠢ ᠨᠠᠷᠢᠯᠢᠭ ᠬᠡᠴᠡᠲᠠᠢ ᠷᠤᠮᠨ ᠠᠶᠠᠭ᠎ᠠ ᠭᠠᠷᠤᠭᠰᠠᠨ ᠪᠤᠢ᠃    
  ᠲᠡᠢᠮᠦ ᠡᠴᠡ ᠡᠨᠡ ᠪᠤᠯᠠᠰᠢ ᠨᠢ ᠾᠦᠩᠨᠦ ᠶᠢᠨ ᠢᠵᠠᠭᠤᠷᠲᠠᠨ ‍ᠣ ᠬᠠᠮᠤᠭ ᠤᠨ ᠲᠤᠮᠤ ᠪᠤᠯᠠᠰᠢ ᠬᠡᠳᠡᠭ ᠲᠦ ᠮᠠᠷᠭᠤᠭᠠᠨ ᠦᠬᠡᠢ᠂ DA39 ᠳᠡᠭᠡᠵᠢ ᠨᠢ ᠡᠨᠡ ᠪᠤᠯᠠᠰᠢᠨ ‍ᠣ ᠡᠵᠡᠨ ᠪᠦᠭᠡᠳ ᠾᠦᠩᠨᠦ ᠶᠢᠨ ᠬᠠᠮᠤᠭ ᠤᠨ ᠳᠡᠭᠡᠳᠦ ᠤᠳᠤᠷᠢᠳᠤᠭᠴᠢ ᠪᠤᠯᠬᠤ ᠨᠢ ᠯᠠᠪᠲᠠᠢ᠃ ᠡᠨᠡ ᠳᠡᠭᠡᠵᠢ ᠳᠦ ᠬᠢᠭᠰᠡᠨ ᠭᠧᠨ ‍ᠣ ᠰᠤᠳᠤᠯᠠᠭ᠎ᠠ ᠨᠢ ᠨᠡᠩ ᠰᠤᠨᠢᠷᠬᠠᠯᠲᠠᠢ ᠠᠵᠠᠢ᠃    
  ᠤᠷᠢᠳᠤᠪᠠᠷ ᠡᠨᠡ ᠳᠡᠭᠡᠵᠢ ᠶᠢᠨ ᠡᠴᠢᠬᠡ ᠶᠢᠨ ᠲᠠᠯ᠎ᠠ ᠶᠢᠨ ᠪᠠᠢᠳᠠᠯ ᠠᠴᠠ ᠦᠬᠦᠯᠡᠶ᠎ᠡ᠂ ᠦᠬᠦᠯᠡᠯ ᠳᠦ ᠳᠡᠭᠡᠵᠢᠨ ᠳᠦ ᠰᠢᠨᠵᠢᠯᠡᠭᠡ ᠬᠢᠭᠰᠡᠨ ᠠᠩᠬᠠᠨ ‍ᠣ ᠲᠤᠭ᠎ᠠ ᠪᠠᠷᠢᠮᠳ᠋ᠨ ᠢ ᠰᠤᠳᠤᠯᠠᠭᠠᠳ᠂ ᠡᠴᠢᠬᠡ ᠶᠢᠨ ᠲᠡᠯ᠎ᠠ ᠨᠢ ᠵᠡᠬᠦᠨ ᠠᠽᠢᠶ᠎ᠠ ᠪᠤᠶᠤ ᠬᠤᠢᠲᠤ ᠠᠽᠢᠶ᠎ᠠ ᠳᠤ ᠪᠠᠢᠩᠭᠤ ᠲᠤᠬᠢᠶᠠᠯᠳᠤᠬᠤ ᠵᠠᠭᠪᠤᠷ ᠪᠢᠰᠢ᠂ ᠬᠠᠷᠢᠨ R1a1a1b ᠪᠠᠢᠭᠰᠠᠨ ᠬᠡᠳᠡᠭ ᠢ ᠮᠡᠳᠡᠭᠰᠡᠨ᠃ R1a ᠪᠤᠯ ᠡᠨᠡᠳᠬᠡᠭ ᠧᠦᠢ᠌ᠷᠦᠫᠠ ᠬᠡᠯᠡᠲᠠᠢ ᠬᠦᠮᠦᠰ ᠦᠨ ᠵᠡᠬᠦᠨ ᠰᠠᠯᠪᠤᠷᠢ ᠪᠦᠬᠡᠳ ᠬᠤᠢᠳᠦ ᠧᠦᠢ᠌ᠷᠦᠫᠠ᠂ ᠲᠤᠮᠳ᠋ᠨ ᠡᠧᠦᠷᠦᠫᠠ᠂ ᠵᠡᠬᠦᠨ ᠧᠦᠢ᠌ᠷᠦᠫᠠ ᠂ ᠪᠠᠷᠠᠭᠤᠨ ᠠᠽᠢᠶ᠎ᠠ᠂ ᠲᠤᠮᠳ᠋ᠨ ᠠᠽᠢᠶ᠎ᠠ ᠪᠤᠯᠤᠨ ᠡᠮᠦᠨᠠᠳᠤ ᠠᠽᠢᠶ᠎ᠠ ᠶᠢᠨ ᠭᠠᠵᠠᠷ ᠨᠤᠲᠤᠭ ᠲᠤ ᠦᠷᠬᠡᠨ ᠳᠡᠯᠭᠡᠬᠦᠦ ᠪᠠᠢᠳᠠᠭ᠂ R1a1a1b ᠦᠨ ᠨᠢᠬᠡᠨ ᠭᠠᠷᠤᠯᠲᠠᠢ ᠴᠠᠭ ᠦᠶ᠎ᠡ ᠶᠢ 5700 ᠤᠨ  ᠳᠤ ᠰᠠᠯᠪᠤᠷᠢᠯᠠᠭᠰᠠᠨ ᠬᠡᠵᠤ ᠦᠵᠡᠳᠡᠭ᠂ ᠲᠡᠬᠦᠨ ᠡᠴᠡ ᠳᠤᠭᠤᠭᠰᠢ ᠪᠠᠨ ᠬᠤᠶᠠᠷ ᠲᠤᠮᠤ ᠰᠠᠯᠪᠤᠷᠢ ᠪᠤᠢ ᠪᠦᠭᠡᠳ ᠲᠤᠰ ᠪᠦᠷᠢ R1a1a1b2-Z93︵ᠡᠨᠡᠳᠬᠡᠭ ᠢᠷᠠᠨ ᠰᠠᠯᠠᠭ᠎ᠠ︶ᠪᠤᠯᠤᠨ R1a1a1b1-Z283︵ᠧᠦᠢ᠌ᠷᠦᠫᠠ ᠰᠠᠯᠠᠭ᠎ᠠ︶ᠪᠤᠯᠤᠨ᠎ᠠ᠂ ᠡᠨᠡᠬᠦ ᠾᠦᠩᠨᠦ ᠶᠢᠨ ᠴᠠᠨ ᠢᠥᠢ ᠶᠢᠨ ᠳᠡᠭᠡᠵᠢ ᠡᠴᠡ R1a1a1b ᠭᠡᠬᠦ ᠱᠠᠲᠤᠨ ‍ᠣ ᠭᠡᠬᠦ ᠰᠠᠯᠠᠭ᠎ᠠ ᠶᠢ ᠰᠤᠳᠤᠯᠠᠵᠤ ᠭᠠᠷᠭᠠᠭᠰᠠᠨ᠂ ᠲᠡᠭᠡᠭᠡᠳ ᠳᠡᠭᠡᠵᠢᠨ ᠳᠦ ᠰᠢᠨᠵᠢᠯᠡᠭᠡ ᠬᠢᠭᠰᠡᠨ ᠠᠩᠬᠠᠨ ‍ᠣ ᠲᠤᠭ᠎ᠠ ᠪᠠᠷᠢᠮᠳ᠋ᠨ ᠢ ᠰᠢᠨᠵᠢᠯᠡᠭᠡᠳ᠂ ᠲᠡᠬᠦᠨ ‍ᠣ Z283 ᠭᠡᠬᠦ ᠤᠷᠤᠨ ᠴᠡᠭ ᠨᠢ ᠪᠢᠯᠢᠭ ᠴᠡᠭ ᠪᠠᠢᠭᠰᠠᠨ ᠢ ᠮᠡᠳᠡᠭᠰᠡᠨ᠂ ᠲᠡᠢᠮᠦ ᠡᠴᠡ ᠡᠨᠡ ᠳᠡᠭᠡᠵᠢᠨ ‍ᠣ ᠧᠦᠢ᠌ᠷᠦᠫᠠ ᠰᠠᠯᠠᠭ᠎ᠠ ᠪᠤᠰᠤ ᠬᠡᠳᠡᠭ ᠢ ᠪᠠᠲᠤᠯᠠᠭᠰᠠᠨ ᠪᠤᠯᠤᠨ᠎ᠠ᠂ ᠲᠡᠭᠡᠬᠦ ᠳᠡᠬᠡᠨ ᠳᠡᠭᠡᠵᠢᠨ ‍ᠣ Z93 ᠭᠡᠬᠦ ᠤᠷᠤᠨ ᠴᠡᠭ ᠦᠨ ᠦᠷ᠎ᠠ ᠳ᠋ᠦᠩ ᠨᠢ ᠭᠠᠷᠤᠭᠰᠠᠨ ᠦᠬᠡᠢ︵ᠠᠷᠭ᠎ᠠ᠂ ᠪᠢᠯᠢᠭ ᠬᠡᠳᠡᠭ ᠨᠢ ᠲᠤᠳᠤᠷᠬᠠᠢᠯᠠᠭᠳᠠᠭᠠᠳ ᠦᠬᠡᠢ︶ᠠᠪᠠᠴᠤ᠂ ᠤᠳᠤ ᠶᠢᠨ ᠰᠤᠳᠤᠯᠠᠭᠠᠨ ‍ᠣ ᠦᠷ᠎ᠠ ᠳ᠋ᠦᠩ ᠳᠦ ᠦᠨᠳᠦᠰᠦᠯᠡᠨ᠂ ᠳᠡᠭᠡᠵᠢᠨ ‍ᠣ ᠡᠵᠡᠨ ᠪᠤᠶᠤ ᠾᠦᠩᠨᠦ ᠶᠢᠨ ᠴᠠᠨ ᠢᠥᠢ ᠨᠢ ᠪᠠᠷᠤᠭᠴᠠᠭᠠᠳ Z93 ᠡᠨᠡᠳᠬᠡᠭ ᠢᠷᠠᠨ ᠰᠠᠯᠠᠭ᠎ᠠ ᠲᠤ ᠬᠠᠮᠤᠷᠤᠭᠳᠤᠨ᠎ᠠ ᠭᠡᠵᠤ ᠲᠠᠭᠠᠮᠠᠭᠯᠠᠵᠤ ᠪᠤᠯᠤᠨ᠎ᠠ᠂ Z93 ᠪᠤᠶᠤ ᠡᠨᠡᠳᠬᠡᠭ ᠢᠷᠠᠨ ᠰᠠᠯᠠᠭ᠎ᠠ ᠶᠢ ᠠᠩᠬ᠎ᠠ ᠵᠡᠬᠦᠨ ᠧᠦᠢ᠌ᠷᠦᠫᠠ ᠶᠢᠨ ᠶᠡᠬᠡ ᠲᠠᠯ᠎ᠠ ᠶᠢᠨ ᠶᠠᠨᠨ᠎ᠠ ᠰᠤᠶᠤᠯ ᠠᠴᠠ ᠢᠯᠡᠷᠡᠬᠦᠯᠡᠭᠰᠡᠨ ᠪᠦᠭᠡᠳ ᠪᠠᠯᠠᠷ ᠡᠷᠲᠡᠨ ‍ᠣ ᠡᠨᠡᠳᠬᠡᠭ ᠧᠦᠢ᠌ᠷᠦᠫᠠ ᠶᠢᠨ ᠰᠤᠩᠭᠤᠳᠠᠭ ᠵᠠᠭᠪᠤᠷ ᠤᠨ ᠨᠢᠬᠡ ᠭᠡᠵᠤ ᠬᠦᠯᠢᠶᠠᠨ ᠲᠠᠨᠢᠭᠳᠠᠭᠰᠠᠨ ᠪᠤᠢ᠃    
  ᠤᠷᠢᠳᠦ ᠾᠦᠩᠨᠦ ᠶᠢᠨ ᠪᠤᠯᠠᠰᠢ ᠪᠤᠩᠬᠤᠨ ᠠᠴᠠ ᠪᠠᠰᠨR1a ᠭᠡᠬᠦ ᠡᠨᠡ ᠵᠠᠭᠪᠤᠷ ᠤᠯᠳᠠᠵᠦ ᠪᠠᠢᠭᠰᠠᠨ᠂ ᠵᠢᠱᠢᠶᠡᠯᠡᠪᠡᠯ᠄ ᠡᠧᠬᠢ ᠶᠢᠨ ᠭᠤᠤᠯ ᠪᠤᠯᠤᠨ ᠲᠠᠭᠤᠷᠢᠯᠠᠭ ᠨᠠᠷᠠᠰᠤᠨ ‍ᠣ ᠪᠤᠯᠠᠰᠢ ᠪᠤᠩᠬᠤᠨ ᠢ ᠬᠡᠯᠡᠵᠤ ᠪᠤᠯᠤᠨ᠎ᠠ᠂ ᠬᠠᠷᠢᠨ ᠾᠦᠩᠨᠦ ᠶᠢᠨ ᠴᠠᠨ ᠢᠥᠢ ᠨᠢ ᠪᠠᠷᠠᠭᠤᠨ ᠡᠧᠦᠷᠦᠫᠠ ᠠᠽᠢᠶ᠎ᠠ ᠶᠢᠨ ᠡᠴᠢᠬᠡ ᠶᠢᠨ ᠵᠠᠭᠪᠤᠷ ᠲᠠᠢ ᠪᠠᠢᠨ᠎ᠠ ᠭᠡᠰᠡᠨ ᠦᠷ᠎ᠠ ᠳ᠋ᠦᠩ ᠨᠢ ᠪᠢᠳᠡᠨ ᠢ ᠪᠠᠬᠠᠨ ᠴᠤᠴᠢᠷᠳᠠᠭᠤᠯᠤᠭᠰᠠᠨ᠂ ᠪᠢᠳᠡᠨ ‍ᠣ ᠮᠡᠳᠡᠭᠡᠵᠢ ᠪᠡᠷ ᠾᠦᠩᠨᠦᠴᠤᠳ ᠤᠨ ᠭᠠᠷᠤᠯ ᠡᠬᠦᠰᠦᠯ ᠦᠨ ᠲᠤᠬᠠᠢ᠂ ᠭᠤᠤᠯᠳᠠᠭᠤ ᠬᠡᠯᠡᠨ ‍ᠣ ᠲᠤᠬᠠᠢ ᠲᠠᠭᠠᠮᠠᠭᠯᠠᠯ ᠪᠠᠢᠳᠠᠭ᠂ ᠵᠢᠱᠢᠶᠡᠯᠡᠪᠡᠯ᠄ ᠠᠯᠲᠠᠢ ᠲᠦᠷᠦᠯ ᠦᠨ ᠬᠡᠯᠨ᠂ ᠶᠧᠨᠧᠰᠠᠢ ᠲᠦᠷᠦᠯ ᠦᠨ ᠬᠡᠯᠨ ᠪᠤᠯᠤᠨ ᠦᠷᠠᠯ ᠲᠦᠷᠦᠯ ᠦᠨ ᠬᠡᠯᠨ ᠬᠡᠮᠡᠨ ᠶᠠᠷᠢᠳᠠᠭ ᠯᠠ ᠪᠠᠢᠭᠰᠠᠨ᠂ ᠬᠠᠷᠢᠨ ᠡᠴᠢᠬᠡ ᠶᠢᠨ ᠤᠳᠤᠮ ‍ᠣ R1a ᠪᠠᠢᠯ᠎ᠠ ᠭᠡᠳᠡᠭ ᠨᠢ ᠡᠨᠡᠬᠦ ᠾᠦᠩᠨᠦ ᠶᠢᠨ ᠴᠠᠨ ᠢᠥᠢ ᠨᠢ ᠠᠩᠬ᠎ᠠ ᠡᠨᠡᠳᠬᠡᠭ ᠧᠦᠢ᠌ᠷᠦᠫᠠ ᠬᠡᠯᠡᠲᠠᠢ ᠬᠦᠮᠦᠰ ᠡᠴᠡ ᠭᠠᠷᠤᠯᠲᠠᠢ ᠪᠠᠢᠭᠰᠠᠨ ᠦᠬᠡ ᠪᠤᠯᠤᠨ᠎ᠠ᠂ 12 ᠳ᠋ᠤᠭᠠᠷ ᠵᠠᠭᠤᠨ ‍ᠣ ᠤᠩᠭᠠᠷ ᠪᠤᠯᠤᠨ ᠬᠤᠷᠪᠠᠲ ᠬᠠᠭᠠᠨᠲᠤ ᠤᠯᠤᠰ ᠤᠨ ᠪᠸᠢᠯᠠ ᠭᠤᠷᠪᠠᠳᠤᠭᠠᠷ ᠬᠠᠭᠠᠨ︵1172-1196᠂ ᠤᠩᠭᠠᠷ ᠬᠡᠯᠨ ᠢᠶᠡᠷ III.Béla᠂ ᠬᠤᠷᠪᠠᠲ ᠬᠡᠯᠨ ᠢᠶᠡᠷ BelaIII︶ᠢ str ᠢᠶᠠᠷ ᠰᠢᠨᠵᠢᠯᠡᠭᠡᠳ᠂ Z93 ᠰᠠᠯᠠᠭ᠎ᠠ ᠪᠤᠯᠤᠨ᠎ᠠ ᠭᠡᠵᠤ ᠲᠠᠭᠠᠮᠠᠭᠯᠠᠭᠰᠠᠨ ᠪᠠᠢᠳᠠᠭ᠂ ᠡᠨᠡ ᠨᠢ ᠪᠠᠰᠨ ᠠᠵᠠ ᠬᠠᠷᠭᠤᠭᠰᠠᠨ ᠵᠦᠢᠯ ᠪᠠᠢᠵᠤ ᠮᠠᠭᠠᠳ ᠦᠬᠡᠢ᠂ ᠡᠨᠡ ᠬᠤᠶᠠᠷ ᠤᠳᠤᠷᠢᠳᠤᠭᠴᠢ ᠨᠢ ᠨᠢᠬᠡᠨ ᠡᠴᠢᠬᠡ ᠡᠴᠡ ᠡᠬᠦᠳᠦᠭᠰᠡᠨ ᠭᠡᠵᠤ ᠪᠠᠢᠭ᠎ᠠ ᠦᠬᠡᠢ᠂ ᠬᠠᠷᠢᠨ ᠡᠨᠡᠬᠦ ᠳᠤᠷᠤᠨᠠᠳᠠᠬᠢᠨ ᠠᠴᠠ ᠭᠠᠷᠤᠯ ᠲᠠᠢ ᠤᠩᠭᠠᠷ ᠤᠨ ᠲᠤᠮᠤ ᠡᠵᠡᠨ ᠬᠠᠭᠠᠨ ᠪᠤᠯᠤᠨ 1000 ᠵᠢᠯ ᠦᠨ ᠳᠠᠷᠠᠭᠠᠬᠢ ᠪᠠᠷᠠᠭᠤᠨ ᠠᠴᠠ ᠢᠷᠡᠭᠰᠡᠨ ᠾᠦᠨ ᠬᠦᠮᠦᠨ ‍ᠣ ᠪᠠᠢᠭᠤᠯᠤᠭᠰᠠᠨ ᠤᠯᠤᠰ ᠭᠦᠷᠦᠨ ‍ᠣ ᠡᠵᠡᠨ ᠨᠢ 5500 ᠵᠢᠯ ᠦᠨ ᠡᠮᠦᠨ᠎ᠠ ᠠᠮᠢᠳᠤᠷᠴᠤ ᠪᠠᠢᠭᠰᠠᠨ ᠨᠢᠬᠡᠨ ᠡᠪᠦᠬᠡ ᠳᠡᠭᠡᠳᠤᠰ ᠠᠴᠠ ᠭᠠᠷᠤᠯ ᠲᠠᠢ ᠬᠡᠳᠡᠭ ᠯᠠᠪᠲᠠᠢ ᠪᠠᠢᠨ᠎ᠠ᠃    
  Z93 ᠶᠢᠨ ᠲᠤᠮᠳ᠋ᠨ ᠠᠽᠢᠶ᠎ᠠ ᠪᠤᠯᠤᠨ ᠡᠮᠦᠨᠠᠳᠤ ᠠᠽᠢᠶ᠎ᠠ ᠳᠠᠬᠢ ᠲᠠᠷᠬᠠᠯᠳ᠋ᠨ    
  ᠤᠷᠢᠳᠦ ᠡᠮᠦᠨᠠᠬᠢ ᠵᠠᠷᠢᠮ ᠨᠢᠭᠡᠨ ᠰᠤᠳᠤᠯᠠᠭᠠᠨ ‍ᠣ ᠦᠷ᠎ᠡ ᠳ᠋ᠦᠩ ᠢᠶᠡᠷ ᠪᠤᠯ᠂ ᠾᠦᠩᠨᠦ ᠭᠦᠷᠦᠨ ‍ᠣ ᠨᠤᠶᠠᠯᠠᠬᠤ ᠠᠩᠬᠢ ᠶᠢᠨ ᠪᠦᠷᠢᠯᠳᠦᠬᠦᠨ ᠨᠢ ᠮᠠᠰᠢ ᠪᠤᠳᠤᠯᠢᠶᠠᠨ ᠲᠠᠢ ᠪᠠᠢᠳᠠᠭ᠂ ᠤᠳᠤ ᠶᠢᠨ ᠪᠠᠢᠳᠠᠯ ᠢᠶᠠᠷ ᠾᠦᠩᠨᠦ ᠶᠢᠨ ᠢᠵᠠᠭᠤᠷᠲᠠᠨ ‍ᠣ ᠲᠦᠯᠦᠭᠡᠯᠡᠬᠦ ᠴᠢᠨᠠᠷᠲᠠᠢ ᠲᠤᠮᠤ ᠬᠡᠮᠵᠢᠶᠠᠨ ‍ᠣ ᠪᠤᠯᠠᠰᠢ ᠪᠤᠩᠬᠤᠨ᠂ ᠡᠬᠦᠨ ᠳᠦ ᠡᠨᠡ ᠤᠳᠠᠭᠠᠨ ᠰᠤᠳᠤᠯᠠᠭᠠᠨ ‍ᠣ ᠦᠷ᠎ᠡ ᠳ᠋ᠦᠩ ᠢ ᠪᠠᠭᠲᠠᠭᠠᠭᠰᠠᠨ ᠬᠤᠶᠠᠷ ᠰᠤᠳᠤᠯᠠᠭᠠᠨ ‍ᠣ ᠦᠷ᠎ᠡ ᠳ᠋ᠦᠩ ᠪᠤᠢ᠂ ᠨᠦᠬᠦᠬᠡ ᠨᠢ ᠺᠦᠷᠢᠶ᠎ᠠ ᠤᠯᠤᠰ ᠤᠨ ᠰᠤᠳᠤᠯᠠᠭᠠᠴᠢ ᠶᠢᠨ ᠰᠤᠳᠤᠯᠠᠭᠰᠠᠨ ᠳᠠᠭᠤᠷᠢᠯᠠᠭ ᠨᠠᠷᠠᠰᠤᠨ ‍ᠣ ᠢᠵᠠᠭᠤᠷᠲᠠᠨ ‍ᠣ ᠪᠤᠯᠠᠰᠢ ᠪᠤᠯᠤᠨ᠎ᠠ᠂ ᠲᠡᠷᠨ ᠪᠤᠩᠬᠤᠨ ‍ᠣ ᠡᠴᠢᠬᠡ ᠶᠢᠨ ᠤᠳᠤᠮ ᠤᠨ ᠦᠷ᠎ᠡ ᠳ᠋ᠦᠩ ᠨᠢ C2᠂ ᠲᠡᠷᠨ ᠪᠤᠩᠬᠤᠨ ‍ᠣ ᠬᠡᠮᠵᠢᠶ᠎ᠠ ᠨᠢ M1 ᠪᠤᠩᠬᠤᠨ ᠠᠴᠠ ᠬᠠᠷᠢᠴᠠᠩᠭᠤᠢ ᠪᠠᠭ᠎ᠠ ᠪᠠᠢᠳᠠᠭ᠂ ᠲᠡᠢᠮᠦ ᠡᠴᠡ ᠪᠢᠳᠡᠨ ‍ᠣ ᠰᠤᠳᠤᠯᠠᠭᠠᠨ ‍ᠣ ᠠᠩᠬᠠᠨ ‍ᠣ ᠦᠷ᠎ᠡ ᠳ᠋ᠦᠩ ᠮᠠᠨᠢ᠂ ᠾᠦᠩᠨᠦ ᠶᠢᠨ ᠴᠠᠨ ᠢᠥᠢ ᠶᠢᠨ ᠤᠭᠰᠠᠭ᠎ᠠ ᠲᠦᠷᠦᠯ ᠨᠢ R1a ᠡᠴᠢᠬᠡ ᠶᠢᠨ ᠤᠳᠤᠮ ᠤᠨ ᠭᠡᠵᠦ ᠦᠵᠡᠨ᠎ᠡ᠂ ᠡᠨᠡ ᠪᠤᠯ ᠤᠢᠷ᠎ᠠ ᠶᠢᠨ ᠵᠢᠯ ᠡᠴᠡ ᠨᠠᠰᠢ᠂ ᠾᠦᠩᠨᠦ ᠳᠡᠭᠡᠵᠢ ᠳᠦ ᠬᠢᠭᠰᠡᠨ ᠰᠤᠳᠤᠯᠠᠭᠠᠨ ‍ᠣ ᠬᠠᠮᠤᠭ ᠤᠨ ᠶᠡᠬᠡ ᠤᠯᠤᠯᠳ᠋ᠨ ᠪᠤᠯᠤᠨ᠎ᠠ᠃ ᠬᠡᠷᠪᠡ ᠤᠩᠰᠢᠭᠴᠢ ᠨᠦᠬᠦᠳ ᠳᠤᠲᠤᠷ᠎ᠠ ᠠᠴᠠ R1a1a1b ᠡᠴᠢᠬᠡ ᠶᠢᠨ ᠤᠳᠤᠮᠲᠠᠢ ᠭᠡᠵᠤ ᠰᠤᠳᠤᠯᠠᠭ᠎ᠠ ᠪᠠᠷ ᠨᠤᠲᠠᠯᠠᠭᠳᠠᠭᠰᠠᠨ ᠬᠦᠮᠦᠰ ᠪᠠᠢᠪᠠᠰᠤ᠂ ᠲᠠ ᠦᠪᠡᠷ ᠢᠶᠡᠨ ᠡᠨᠡᠬᠦ ᠾᠦᠩᠨᠦ ᠴᠠᠨ ᠢᠥᠢ ᠲᠠᠢ ᠬᠡᠳᠦᠨ ᠮᠢᠩᠭᠠᠨ ᠵᠢᠯ ᠦᠨ ᠡᠮᠦᠨ᠎ᠠ ᠨᠢᠬᠡᠨ ᠡᠪᠦᠭᠡ ᠳᠡᠭᠡᠳᠦᠰ ᠲᠠᠢ ᠪᠠᠢᠨ᠎ᠠ ᠭᠡᠰᠡᠨ ᠦᠬᠡ ᠰᠢᠤ︕    
ᠡᠨᠡᠬᠦ ᠴᠠᠨ ᠢᠥᠢ ᠶᠢᠨ ᠡᠬᠡ ᠶᠢᠨ ᠲᠠᠯ᠎ᠠ ᠨᠢ N9a2a* ᠪᠦᠬᠡᠳ ᠡᠨᠡ ᠨᠢ ᠡᠳᠦᠬᠡ ᠶᠢᠨ ᠶᠠᠫᠥᠨ ᠰᠤᠯᠤᠩᠭᠤᠰ ᠦᠨᠳᠦᠰᠦᠲᠡᠨ ᠳᠤᠲᠤᠷ᠎ᠠ ᠶᠡᠬᠡ ᠬᠡᠮᠵᠢᠶᠠᠨ ‍ᠣ ᠲᠦᠪᠯᠡᠷᠡᠭᠰᠡᠨ ᠪᠠᠢᠳᠠᠭ ᠠᠵᠠᠢ᠂ ᠲᠤᠮᠳ᠋ᠨ ᠠᠽᠢᠶ᠎ᠠ ᠳᠤ ᠭᠡᠪᠡᠯ ᠪᠠᠭ᠎ᠠ ᠰᠠᠭ᠎ᠠ ᠲᠤᠬᠢᠶᠠᠯᠳᠤᠨ᠎ᠠ᠂ ᠪᠢᠳᠡᠨ ᠡᠨᠡᠬᠦ ᠳᠡᠭᠡᠵᠢ ᠳᠦ ᠲᠤᠬᠢᠶᠠᠯᠳᠤᠬᠤ ᠦᠬᠡᠷᠴᠢᠯᠡᠯᠳ᠋ᠨ ᠢ ᠦᠵᠡᠪᠠᠰᠤ᠂ ᠦᠨᠦ ᠶᠢᠨ ᠬᠦᠮᠦᠨ ᠲᠠᠢ ᠲᠠᠭᠠᠷᠤᠬᠤ ᠵᠦᠢᠯ ᠠᠩᠬᠠᠷᠤᠭᠳᠠᠭᠰᠠᠨ ᠦᠬᠡᠢ᠃ ᠬᠡᠷᠪᠡ ᠲᠠᠨ ‍ᠣ ᠤᠳᠠᠰᠤᠯᠠᠭ ᠮᠦᠬᠦᠯᠢᠭ ᠪᠡᠶᠡᠲᠤ ᠶᠢᠨ ᠾᠨᠫᠯᠦᠢᠳ᠋ ᠵᠠᠭᠪᠤᠷ ᠴᠢᠨᠢ N9a2a* ᠪᠠᠢᠭ᠎ᠠ ᠪᠤᠯ᠂ ᠮᠠᠨᠠᠢᠬᠢᠨ ᠢᠶᠠᠷ ᠢᠷᠡᠵᠤ ᠰᠠᠳᠤᠨ ᠲᠦᠷᠦᠯ ᠢᠶᠡᠨ ᠤᠯᠵᠤ ᠠᠪᠤᠭᠠᠷᠠᠢ᠃    
  ᠳᠠᠷᠠᠭ᠎ᠠ ᠨᠢ ᠳᠡᠭᠡᠵᠢᠨ ‍ᠣ ᠪᠤᠳᠤᠮᠲᠤᠭᠠᠢ ᠪᠠᠢᠳᠠᠯ ᠢ ᠬᠠᠷᠠᠵᠤ ᠦᠵᠡᠶ᠎ᠡ᠂ ᠪᠢᠳ᠋ᠨ ᠳᠡᠭᠡᠷ᠎ᠠ ᠤᠳᠠᠭ᠎ᠠ《两千年前塞外乱葬坑隐藏的惊人秘密》ᠭᠡᠬᠦ ᠦᠬᠦᠯᠡᠯ ᠳᠦ DA39  ᠳᠡᠭᠡᠵᠢᠨ ‍ᠣ ᠪᠠᠢᠩᠭᠤ ᠪᠤᠳᠤᠮᠲᠤᠭᠠᠢ ᠪᠡᠶᠡᠲᠤ ᠶᠢᠨ ᠡᠴᠢᠬᠡ ᠶᠢᠨ ᠤᠳᠤᠮ ᠤᠨ ᠪᠠᠢᠳᠠᠯ ᠤᠨ ᠲᠤᠬᠠᠢ ᠳᠤᠷᠠᠳᠤᠭᠰᠠᠨ ᠪᠠᠢᠳᠠᠭ᠂ ᠡᠨᠳ᠋ᠨ Gedmatch ᠰᠠᠢᠲ ᠳᠡᠭᠡᠷᠡᠬᠢ K12b ᠪᠤᠳᠤᠯᠭ᠎ᠠ ᠶᠢᠨ ᠠᠷᠭ᠎ᠠ ᠶᠢᠨ ᠰᠤᠳᠤᠯᠠᠭᠠᠨ ‍ᠣ ᠦᠷ᠎ᠠ ᠳ᠋ᠦᠩ ᠢ ᠬᠠᠷᠠᠵᠤ ᠦᠵᠡᠶ᠎ᠡ᠃    
  ᠢᠯᠭᠠᠭ᠎ᠠ ᠶᠢ ᠰᠠᠢᠨ ᠭᠠᠷᠭᠠᠬᠤ ᠡᠬᠦᠳᠡᠨ ᠡᠴᠡ᠂ ᠳᠦᠷᠦᠨᠠᠳᠠᠬᠢᠨ ‍ᠣ ᠤᠭᠰᠠᠭᠠᠲᠠᠨ  ᠳᠤ ᠢᠯᠡᠬᠦᠦ ᠲᠤᠬᠢᠷᠠᠮᠵᠢᠲᠠᠢ E11 ᠲᠤᠭᠠᠴᠬᠠᠤ ᠠᠷᠭ᠎ᠠ ᠶᠢ ᠠᠰᠢᠭᠯᠠᠨ᠂ DA39 ᠳᠡᠭᠡᠵᠢ ᠶᠢᠨ ᠠᠩᠬᠠᠨ ‍ᠣ ᠲᠤᠭ᠎ᠠ ᠪᠠᠷᠢᠮᠳ᠋ᠨ ᠢ ᠰᠤᠳᠤᠯᠠᠪᠠᠰᠤ᠂ ᠦᠷ᠎ᠡ ᠳ᠋ᠦᠩ ᠨᠢ ᠳᠤᠤᠷᠠᠬᠢ ᠮᠡᠲᠤ ᠪᠠᠢᠨ᠎ᠠ᠃    
ᠠᠭᠤᠯᠠᠭᠰᠠᠨ ᠬᠡᠮᠵᠢᠶ᠎ᠠ᠄ = 0.709709 e11    
ᠠᠹᠷᠢᠺᠠ᠄ 0.00%    
ᠧᠦᠢ᠌ᠷᠦᠫᠠ ᠄ 1.15%    
ᠡᠨᠡᠳᠬᠡᠭ᠄ 1.19%    
ᠮᠠᠯᠠᠢ᠄ 0.00%    
ᠲᠠᠢᠯᠠᠨᠳ᠋ ᠦᠨᠳᠦᠰᠦᠲᠡᠨ᠄ 0.00%    
ᠢ ᠦᠨᠳᠦᠰᠦᠲᠡᠨ᠄ 17.13%    
ᠲᠤᠮᠳᠠᠳᠤ ᠤᠯᠤᠰ ᠤᠨ ᠵᠡᠬᠦᠨ ᠬᠡᠰᠡᠭ᠄ 29.13%    
ᠶᠠᠫᠥᠨ᠄ 10.92%    
ᠤᠷᠴᠦᠨ ᠦᠨᠳᠦᠰᠦᠲᠡᠨ᠄ 23.28%    
ᠶᠠᠺᠦᠲ ᠦᠨᠳᠦᠰᠦᠲᠡᠨ᠄ 16.46%    
ᠠᠮᠧᠷᠢᠺᠠ ᠲᠢᠪ᠄ 0.74%    
  ᠳᠡᠭᠡᠷᠡᠬᠢ ᠬᠤᠶᠠᠷ ᠲᠤᠭᠠᠴᠠᠬᠤ ᠠᠷᠭ᠎ᠠ ᠶᠢᠨ ᠦᠷ᠎ᠡ ᠳ᠋ᠦᠩ ᠡᠴᠡ ᠦᠵᠡᠪᠡᠯ᠂ ᠡᠨᠡᠬᠦ ᠾᠦᠩᠨᠦ ᠶᠢᠨ ᠴᠠᠨ ᠢᠥᠢ ᠨᠢ ᠤᠮᠠᠷᠠᠲᠤ ᠠᠽᠢᠶ᠎ᠠ ᠪᠤᠯᠤᠨ ᠵᠡᠬᠦᠨ ᠠᠽᠢᠶ᠎ᠠ ᠶᠢᠨ ᠴᠢᠰᠦ ᠲᠠᠢ ᠪᠠᠢᠨ᠎ᠠ᠂ ᠲᠡᠬᠦᠨ ‍ᠣ ᠰᠢᠪᠢᠷᠢ ᠶᠢᠨ ᠪᠦᠷᠢᠯᠳᠦᠬᠦᠨ ᠨᠢ ᠤᠳᠤ ᠶᠢᠨ ᠮᠤᠩᠭᠤᠯ ᠤᠯᠤᠰ ᠪᠤᠯᠤᠨ ᠦᠪᠦᠷ ᠮᠤᠩᠭᠤᠯ ᠤᠨ ᠬᠦᠮᠦᠰ ᠦᠨ ᠬᠢᠨ ‍ᠣ ᠬᠤᠭᠤᠷᠤᠨᠳᠤ ᠪᠠᠢᠨ᠎ᠠ ᠭᠡᠰᠡᠨ ᠦᠬᠡ᠂ ᠲᠡᠭᠡᠭᠰᠡᠨ ᠪᠠᠢᠲᠠᠯ᠎ᠠ ᠲᠡᠬᠦᠨ ‍ᠣ ᠪᠠᠷᠠᠭᠤᠨ ᠧᠦᠢ᠌ᠷᠦᠫᠠ  ᠶᠢᠨ ᠪᠦᠷᠢᠯᠳᠦᠬᠦᠨ ᠨᠢ ᠤᠳᠤ ᠶᠢᠨ ᠮᠤᠩᠭᠤᠯ ᠬᠦᠮᠦᠨ ᠡᠴᠡ ᠵᠢᠭᠠᠬᠠᠨ ᠳᠤᠤᠷ᠎ᠠ᠃ ᠪᠢᠳᠡᠨ ‍ᠣ ᠲᠠᠭᠠᠷᠠᠭᠤᠯᠵᠤ ᠦᠵᠡᠭᠰᠡᠨ ᠢᠶᠡᠷ ᠪᠤᠯ ᠬᠢᠲᠠᠳ ᠤᠨ ᠵᠡᠬᠦᠨ ᠬᠤᠢᠲᠤ ᠳᠤ ᠠᠮᠢᠳᠤᠷᠠᠳᠠᠭ ᠰᠢᠪᠡᠭᠡ ᠦᠨᠳᠦᠰᠦᠲᠡᠨ ᠲᠠᠢ ᠨᠡᠯᠢᠶᠠᠳ ᠤᠢᠷᠬᠠᠨ ᠪᠠᠢᠨ᠎ᠠ᠃    
  ᠦᠬᠡᠷ᠎ᠠ ᠪᠠᠷ ᠬᠡᠯᠡᠪᠡᠯ᠂ ᠡᠴᠢᠬᠡ ᠶᠢᠨ ᠤᠳᠤᠮ ᠤᠨ ᠲᠠᠯ᠎ᠠ  ᠶᠢᠨ ᠾᠨᠫᠯᠦᠢᠳ᠋ ᠪᠠᠭ ᠠᠴᠠ ᠦᠵᠡᠪᠠᠯ᠂ DA39 ᠨᠢ ᠠᠯᠲᠠᠢ ᠪᠤᠯᠤᠨ ᠠᠯᠲᠠᠢ ᠠᠴᠠ ᠪᠠᠷᠠᠭᠤᠨᠰᠢᠬᠢ ᠭᠠᠵᠠᠷ ᠨᠤᠲᠤᠭ ᠠᠴᠠ ᠭᠠᠷᠤᠯᠲᠠᠢ ᠡᠴᠢᠬᠡ ᠶᠢᠨ ᠤᠳᠤᠮ ᠤᠨ ᠡᠪᠦᠬᠡ ᠳᠡᠭᠡᠳᠦᠰ ᠲᠠᠢ ᠪᠠᠢᠯ᠎ᠠ ᠴᠤ ᠭᠡᠰᠡᠨ᠂ ᠲᠡᠬᠦᠨ ‍ᠣ ᠪᠡᠶ᠎ᠡ ᠠᠴᠠ ᠪᠠᠷᠠᠭᠤᠨ ᠧᠦᠢ᠌ᠷᠦᠫᠠ ᠶᠢᠨ ᠭᠠᠵᠠᠷ ᠨᠤᠲᠤᠭ ᠤᠨ ᠪᠦᠷᠢᠯᠳᠦᠬᠦᠨ ᠬᠠᠷᠠᠭᠳᠠᠬᠤ ᠦᠬᠡᠢ ᠪᠠᠢᠨ᠎ᠠ᠃ ᠡᠨᠡ ᠪᠤᠯᠪᠠᠰᠤ ᠲᠡᠬᠦᠨ ‍ᠣ ᠡᠴᠢᠬᠡ ᠶᠢᠨ ᠲᠠᠯ᠎ᠠ ᠶᠢᠨ ᠭᠡᠷ ᠪᠦᠯᠢ ᠨᠢ ᠵᠡᠬᠦᠨ ᠧᠦᠢ᠌ᠷᠦᠫᠠ ᠳᠦ ᠢᠷᠡᠭᠰᠡᠨ ‍ᠣ ᠳᠠᠷᠠᠭ᠎ᠠ᠂ ᠲᠤᠬᠠᠢ ᠶᠢᠨ ᠭᠠᠵᠠᠷ ᠨᠤᠲᠤᠭ ᠤᠨ ᠡᠮᠡᠭᠲᠡᠢ ᠲᠡᠢ ᠤᠷᠤᠭᠯᠠᠭᠰᠠᠨ ‍ᠣ ᠦᠷ᠎ᠡ ᠳ᠋ᠦᠩ ᠪᠤᠯᠤᠨ᠎ᠠ᠂ ᠴᠠᠭᠠᠰᠢᠯᠠᠭᠠᠳ ᠾᠦᠩᠨᠦ ᠪᠤᠯᠤᠨ ᠬᠠᠨ ᠤᠯᠤᠰ ᠤᠨ ᠬᠤᠭᠤᠷᠤᠨᠳᠤ ᠡᠩᠬᠡ ᠤᠷᠤᠭ ᠤᠨ ᠪᠤᠳᠤᠯᠭ᠎ᠠ︵和亲︶  ᠴᠢᠰᠦᠨ ᠤᠭᠰᠠᠭᠠᠨ ᠳᠡᠭᠡᠷᠡᠬᠢ ᠨᠦᠯᠦᠬᠡ ᠴᠤ ᠪᠠᠢᠵᠤ ᠪᠤᠯᠤᠨ᠎ᠠ᠃    
  ᠬᠡᠷᠪᠡ ᠵᠡᠬᠦᠨ ᠡᠧᠦᠢᠷᠤᠫᠠ ᠶᠢᠨ ᠦᠨᠳᠦᠰᠦᠲᠠᠨ ᠶᠠᠰᠤᠲᠠᠨ ‍ᠣ ᠳᠤᠲᠤᠷ᠎ᠠ ᠬᠠᠷᠢᠴᠠᠭᠤᠯᠵᠤ ᠦᠵᠡᠪᠡᠯ᠂ DA39 ᠨᠢ ᠬᠤᠢᠳᠦ ᠬᠢᠲᠠᠳ ᠠᠴᠠ ᠢᠯᠡᠬᠦᠦ ᠲᠤᠪᠤᠢᠮ᠎ᠠ ᠬᠤᠢᠲᠤ ᠠᠽᠢᠶ᠎ᠠ ᠶᠢᠨ ᠪᠦᠷᠢᠯᠳᠦᠬᠦᠨ ᠲᠠᠢ ᠪᠦᠬᠡᠳ ᠤᠳᠤ ᠶᠢᠨ ᠰᠢᠪᠡᠬᠡ᠂ ᠾᠧ ᠵᠧ᠂ ᠳᠠᠭᠤᠷ᠂ ᠮᠤᠩᠭᠤᠯ ᠭᠡᠬᠦ ᠵᠡᠬᠦᠨ ᠬᠤᠢᠳᠤ ᠠᠽᠢᠶ᠎ᠠ ᠶᠢᠨ ᠤᠭᠰᠠᠭᠠᠲᠠᠨ ᠲᠠᠢ ᠤᠢᠷᠠᠳᠤᠨ᠎ᠠ᠂ ᠲᠡᠢᠮᠦ ᠡᠴᠡ ᠡᠨᠡᠬᠦ ᠴᠠᠨ ᠢᠥᠢ ᠶᠢᠨ ᠲᠤᠬᠠᠢ ᠭᠠᠭᠴᠠᠬᠠᠨ ᠠᠮᠠᠨ ᠦᠬᠡ ᠪᠡᠷ ᠬᠤᠷᠢᠶᠠᠩᠭᠤᠢᠯᠡᠵᠤ ᠬᠡᠯᠡᠪᠠᠰᠤ᠂ ᠦᠷᠦᠨᠡᠳᠠᠬᠢᠨ ‍ᠣ ᠡᠴᠢᠭᠡ ᠶᠢᠨ ᠤᠳᠤᠮᠲᠠᠢ᠂ ᠳᠦᠷᠦᠨᠠᠳᠠᠬᠢᠨ ‍ᠣ ᠳᠦᠷᠢ ᠲᠦᠷᠬᠦ ᠲᠠᠢ ᠬᠦᠮᠦᠨ ᠪᠤᠯᠤᠨ᠎ᠠ᠃    
  ᠡᠴᠢᠬᠡ ᠨᠢ ᠦᠷᠦᠨᠠᠳᠠᠬᠢᠨ ‍ᠣ᠂ ᠡᠬᠡ ᠨᠢ ᠳᠦᠷᠦᠨᠠᠳᠠᠬᠢᠨ ‍ᠣ ᠤᠳᠤᠮ ᠲᠠᠢ ᠡᠨᠡ ᠬᠦᠮᠦᠨ ᠨᠢ ᠤᠮᠠᠷᠠᠳᠤ ᠠᠽᠢᠶ᠎ᠠ ᠶᠢᠨ ᠤᠭᠰᠠᠭ᠎ᠠ ᠪᠤᠯᠬᠤ ᠾᠦᠩᠨᠴᠤᠳ ᠤᠨ ᠬᠠᠮᠤᠭ ᠤᠨ ᠳᠡᠭᠡᠳᠦ ᠤᠳᠤᠷᠢᠳᠤᠭᠴᠢ - ᠴᠠᠨ ᠢᠥᠢ ᠪᠠᠢᠨ᠎ᠠ᠂ ᠲᠡᠭᠡᠬᠦ ᠳᠡᠬᠡᠨ ᠲᠡᠦᠬᠡᠨ ᠳᠡᠭᠡᠷᠡᠬᠢ ᠠᠯᠢ ᠴᠠᠨ ᠢᠥᠢ ᠪᠤᠯᠬᠤ ᠪᠤᠢ ᠭᠡᠰᠡᠨ ᠠᠰᠠᠭᠤᠯᠳ᠋ᠨ ᠭᠠᠷᠴᠤ ᠢᠷᠡᠨ᠎ᠡ᠃ ᠦᠬᠦᠯᠡᠯ ᠦᠨ ᠬᠠᠪᠰᠤᠷᠠᠯᠳ᠋ᠨ ᠠᠴᠠ ᠬᠠᠷᠠᠬᠤ ᠳᠤ᠂ ᠡᠨᠡ ᠳᠡᠭᠡᠵᠢ ᠶᠢ ᠨᠡᠬᠦᠷᠠᠰᠦᠳᠦᠢ᠌ᠷᠦᠭᠴᠢ ᠶᠢᠨ14 ᠶᠢᠨ ᠤᠨ ᠵᠢᠯ ᠢ ᠬᠡᠮᠵᠢᠬᠦ ᠠᠷᠭ᠎ᠠ ᠪᠠᠷ ᠬᠡᠮᠵᠢᠭᠰᠡᠨ ‍ᠣ ᠦᠷ᠎ᠠ ᠳ᠋ᠦᠩ ᠳᠤ᠂ ᠤᠳᠤ ᠠᠴᠠ 2007 ᠤᠨ ‍ᠣ ᠡᠮᠦᠨ᠎ᠠ ᠭᠡᠵᠤ ᠵᠢᠭᠠᠵᠤ ᠪᠠᠢᠨ᠎ᠠ᠂ ᠦᠬᠡᠷ᠎ᠠ ᠪᠠᠷ ᠬᠡᠯᠡᠪᠡᠯ᠂ ᠨᠡᠢᠳ᠋ᠨ ᠶᠢᠨ ᠤᠨ ᠲᠤᠭᠠᠯᠠᠯ ᠤᠨ ᠡᠮᠦᠨ᠎ᠠ ᠬᠤᠢᠭᠤᠷ ᠭᠡᠰᠡᠨ ᠦᠬᠡ ᠂ ᠬᠡᠮᠵᠢᠯᠳ᠋ᠨ ᠶᠢᠨ ᠦᠷ᠎ᠠ ᠳ᠋ᠦᠩ ᠢ ᠤᠨᠤᠪᠴᠢᠲᠠᠢ ᠪᠠᠢᠯᠭᠠᠬᠤ ᠡᠬᠦᠳᠡᠨ ᠡᠴᠡ᠂ ᠪᠢᠳ᠋ᠨ ᠡᠨᠡ ᠴᠠᠭ ᠬᠤᠭᠤᠴᠠᠭ᠎ᠠ ᠶᠢ ᠨᠡᠢᠳ᠋ᠨ ᠶᠢᠨ ᠤᠨ ᠲᠤᠭᠠᠯᠠᠯ ᠡᠴᠡ ᠡᠮᠤᠨᠠᠬᠢ100 ᠵᠢᠯ ᠪᠤᠯᠤᠨ ᠨᠡᠢᠳ᠋ᠨ ᠶᠢᠨ ᠤᠨ ᠲᠤᠭᠠᠯᠠᠯ  ᠠᠴᠠ ᠬᠤᠢᠰᠢᠬᠢ100 ᠵᠢᠯ ᠢ ᠪᠠᠭᠲᠠᠭᠠᠨ ᠠᠪᠴᠤ ᠦᠵᠡᠭᠰᠡᠨ ᠪᠤᠯᠤᠨ᠎ᠠ᠃ ᠡᠨᠡ ᠴᠠᠭ ᠬᠤᠭᠤᠴᠠᠭᠠᠨ ᠳᠤ ᠶᠠᠮᠠᠷ ᠶᠠᠮᠠᠷ ᠴᠠᠨ ᠢᠥᠢ ᠲᠦᠷᠦ ᠪᠠᠷᠢᠵᠤ ᠪᠠᠢᠭᠰᠠᠨ ᠪᠤᠢ ᠭᠡᠳ ᠦᠵᠡᠪᠠᠰᠤ᠂ ᠨᠡᠷ᠎ᠠ ᠤᠰᠤ ᠲᠠᠢ ᠴᠠᠨ ᠢᠥᠢ ᠭᠡᠳ 30 ᠢᠯᠡᠬᠦᠦ ᠪᠠᠢᠨ᠎ᠠ᠂ ᠡᠨᠡ ᠪᠤᠯᠠᠰᠢ ᠨᠢ ᠬᠡᠳᠦ ᠲᠤᠮᠤ ᠪᠤᠯᠠᠰᠢ ᠪᠠᠢᠭ᠎ᠠ ᠬᠡᠳᠡᠭ ᠡᠴᠡ ᠰᠢᠯᠲᠠᠭᠠᠢᠯᠠᠨ᠂ ᠡᠨᠡ ᠴᠠᠨ ᠢᠥᠢ ᠶᠢᠨ ᠲᠦᠷᠦ ᠪᠠᠷᠢᠵᠤ ᠪᠠᠢᠭ᠎ᠠ ᠴᠠᠭ ᠬᠤᠭᠤᠴᠠᠭ᠎ᠠ ᠨᠢ ᠲᠡᠳᠦᠢ ᠤᠬᠤᠷᠬᠠᠨ ᠪᠢᠰᠢ᠂ ᠲᠦᠷᠦ ᠤᠯᠤᠰ ᠨᠢ ᠠᠷᠠᠢ ᠬᠦᠴᠦᠲᠠᠢ ᠪᠠᠢᠭᠰᠠᠨ᠂ ᠪᠤᠩᠬᠤᠨ ‍ᠣ ᠡᠵᠡᠨ ᠨᠢ 35-45 ᠨᠠᠰᠤᠨ ‍ᠣ ᠬᠤᠭᠤᠷᠤᠨᠳᠤᠬᠢ ᠡᠷᠡᠭᠲᠡᠢ︵ᠠᠷᠬᠢᠯᠦᠬᠢ ᠶᠢᠨ ᠠᠵᠢᠯ ᠤᠨ ᠮᠡᠳᠡᠬᠦᠯᠡᠯᠳ᠋ᠨ ᠢ ᠦᠨᠳᠦᠰᠦᠯᠡᠭᠡᠳ︶ᠪᠠᠢᠨ᠎ᠠ ᠭᠡᠵᠤ ᠳ᠋ᠦᠩᠨᠡᠭᠡᠳ᠂ ᠲᠦᠷᠦ ᠪᠠᠷᠢᠭᠰᠠᠨ ᠴᠠᠭ ᠬᠤᠭᠤᠴᠠᠭ᠎ᠠ ᠨᠢ ᠤᠬᠤᠷᠬᠠᠨ ᠴᠠᠨ ᠢᠥᠢ ᠶᠢ ᠦᠯᠦ ᠲᠤᠭᠠᠴᠠᠪᠠ᠂ ᠨᠡᠢᠳ᠋ᠨ ᠶᠢᠨ ᠤᠨ ᠲᠤᠭᠠᠯᠠᠯ  ᠠᠴᠠ48 ᠤᠨ ᠠᠴᠠ ᠬᠤᠢᠰᠢ᠂ ᠾᠦᠩᠨᠦ ᠨᠢ ᠡᠮᠦᠨᠠᠳᠤ ᠤᠮᠠᠷᠠᠳᠤ ᠭᠡᠳ ᠬᠠᠭᠠᠷᠠᠵᠤ᠂ ᠲᠦᠷᠦ ᠤᠯᠤᠰ ᠤᠨ ᠬᠦᠴᠦ ᠨᠢ ᠰᠤᠯᠠᠳᠠᠭᠰᠠᠨ ᠬᠡᠳᠡᠭ ᠡᠴᠡ ᠰᠢᠯᠲᠠᠭᠠᠢᠯᠠᠨ᠂ ᠡᠢᠮᠦ ᠲᠤᠮᠤ ᠬᠡᠮᠵᠢᠶᠠᠨ ‍ᠣ ᠪᠤᠯᠠᠰᠢ ᠪᠤᠩᠬᠤᠨ ᠢ ᠪᠤᠰᠬᠠᠬᠤ ᠳᠤ ᠬᠡᠴᠡᠬᠦᠦ ᠭᠡᠵᠤ ᠦᠵᠡᠪᠡ᠃ ᠲᠡᠭᠡᠭᠡᠳ ᠳᠤᠤᠷᠠᠬᠢ ᠮᠡᠲᠤ ᠬᠡᠳᠦᠨ ᠴᠠᠨ ᠢᠥᠢ ᠶᠢ ᠠᠩᠬᠠᠷᠤᠨ ᠦᠵᠡᠭᠰᠡᠨ ᠪᠤᠯᠤᠨ᠎ᠠ᠃    
狐鹿姑单于᠂ ᠨᠡᠢᠳ᠋ᠨ ᠶᠢᠨ ᠤᠨ ᠲᠤᠭᠠᠯᠠᠯ ᠡᠴᠡ ᠡᠮᠤᠨᠠᠬᠢ 96— ᠨᠡᠢᠳ᠋ᠨ ᠶᠢᠨ ᠤᠨ ᠲᠤᠭᠠᠯᠠᠯ ᠡᠴᠡ ᠡᠮᠤᠨᠠᠬᠢ 85 ᠤᠨ ‍ᠣ ᠬᠤᠭᠤᠷᠤᠨᠳᠤ ᠡᠵᠡᠨ ᠰᠠᠭᠤᠳᠠᠯ ᠳᠤ ᠪᠠᠢᠪᠠ᠃    
壶衍鞮单于᠂ ᠨᠡᠢᠳ᠋ᠨ ᠶᠢᠨ ᠤᠨ ᠲᠤᠭᠠᠯᠠᠯ ᠡᠴᠡ ᠡᠮᠤᠨᠠᠬᠢ 85— ᠨᠡᠢᠳ᠋ᠨ ᠶᠢᠨ ᠤᠨ ᠲᠤᠭᠠᠯᠠᠯ ᠡᠴᠡ ᠡᠮᠤᠨᠠᠬᠢ 68 ᠤᠨ ‍ᠣ ᠬᠤᠭᠤᠷᠤᠨᠳᠤ ᠡᠵᠡᠨ ᠰᠠᠭᠤᠳᠠᠯ ᠳᠤ ᠪᠠᠢᠪᠠ᠃    
呼韩邪单于᠂ ᠨᠡᠢᠳ᠋ᠨ ᠶᠢᠨ ᠤᠨ ᠲᠤᠭᠠᠯᠠᠯ ᠡᠴᠡ ᠡᠮᠤᠨᠠᠬᠢ 58— ᠨᠡᠢᠳ᠋ᠨ ᠶᠢᠨ ᠤᠨ ᠲᠤᠭᠠᠯᠠᠯ ᠡᠴᠡ ᠡᠮᠤᠨᠠᠬᠢ 31 ᠤᠨ ‍ᠣ ᠬᠤᠭᠤᠷᠤᠨᠳᠤ ᠡᠵᠡᠨ ᠰᠠᠭᠤᠳᠠᠯ ᠳᠤ ᠪᠠᠢᠪᠠ᠃    
复株累若鞮单于᠂ ᠨᠡᠢᠳ᠋ᠨ ᠶᠢᠨ ᠤᠨ ᠲᠤᠭᠠᠯᠠᠯ ᠡᠴᠡ ᠡᠮᠤᠨᠠᠬᠢ 31— ᠨᠡᠢᠳ᠋ᠨ ᠶᠢᠨ ᠤᠨ ᠲᠤᠭᠠᠯᠠᠯ ᠡᠴᠡ ᠡᠮᠤᠨᠠᠬᠢ 20 ᠤᠨ ‍ᠣ ᠬᠤᠭᠤᠷᠤᠨᠳᠤ ᠡᠵᠡᠨ ᠰᠠᠭᠤᠳᠠᠯ ᠳᠤ ᠪᠠᠢᠪᠠ᠃ 
乌珠留若鞮单于᠂ ᠨᠡᠢᠳ᠋ᠨ ᠶᠢᠨ ᠤᠨ ᠲᠤᠭᠠᠯᠠᠯ ᠡᠴᠡ ᠡᠮᠤᠨᠠᠬᠢ 8—13 ᠤᠨ ‍ᠣ ᠬᠤᠭᠤᠷᠤᠨᠳᠤ ᠡᠵᠡᠨ ᠰᠠᠭᠤᠳᠠᠯ ᠳᠤ ᠪᠠᠢᠪᠠ᠃    
呼都而尸道皋若鞮单于᠂ ᠨᠡᠢᠳ᠋ᠨ ᠶᠢᠨ ᠤᠨ ᠲᠤᠭᠠᠯᠠᠯ ᠤᠨ 18 —46 ᠤᠨ ‍ᠣ ᠬᠤᠭᠤᠷᠤᠨᠳᠤ ᠡᠵᠡᠨ ᠰᠠᠭᠤᠳᠠᠯ ᠳᠤ ᠪᠠᠢᠪᠠ᠃    
  ᠪᠤᠯᠠᠰᠢᠨ ᠠᠴᠠ ᠮᠠᠰᠢ ᠨᠠᠷᠢᠯᠢᠭ ᠬᠡᠴᠡᠲᠠᠢ ᠬᠠᠨ ᠤᠯᠤᠰ ᠤᠨ ᠦᠶ᠎ᠡ ᠶᠢᠨ ᠡᠳ᠋ᠯᠡᠯ ᠬᠡᠷᠡᠭᠰᠡᠯ ᠭᠠᠷᠤᠭᠰᠠᠨ ᠢ ᠪᠤᠳᠤᠯᠬᠢᠯᠠᠭᠠᠳ᠂ ᠡᠨᠡᠬᠦ ᠴᠠᠨ ᠢᠥᠢ ᠨᠢ ᠬᠠᠨ ᠤᠯᠤᠰ ᠲᠠᠢ ᠪᠤᠯᠤᠭᠰᠠᠨ ᠬᠠᠷᠢᠴᠠᠭ᠎ᠠ ᠨᠢ ᠨᠡᠯᠢᠶᠠᠳ ᠰᠠᠢᠨ ᠪᠠᠢᠭᠰᠠᠨ᠂ ᠲᠡᠢᠮᠦ ᠡᠴᠡ ᠡᠨᠡ ᠪᠤᠯᠠᠰᠢ ᠪᠤᠩᠬᠤᠨ ᠨᠢ ᠾᠦᠩᠨᠦ ᠪᠤᠯᠤᠨ ᠬᠠᠨ ᠤᠯᠤᠰ ᠤᠨ ᠡᠪ ᠨᠠᠢᠷᠠᠮᠳᠠᠯ ᠲᠠᠢ ᠪᠠᠢᠭᠰᠠᠨ ᠦᠶ᠎ᠡ ᠪᠠᠢᠭᠤᠯᠤᠭᠰᠠᠨᠭᠡᠵᠤ ᠲᠠᠭᠠᠮᠠᠭᠯᠠᠵᠤ ᠪᠤᠢ᠂ ᠬᠡᠷᠪᠡ ᠳᠠᠢᠨ ᠪᠠᠢᠯᠳᠤᠭᠠᠨ ᠲᠠᠢ ᠴᠠᠭ ᠦᠶ᠎ᠡ ᠪᠠᠢᠭᠰᠠᠨ ᠪᠤᠯ᠂ ᠡᠢᠮᠦ ᠲᠤᠮᠤ ᠬᠡᠮᠵᠢᠶᠠᠨ ‍ᠣ ᠪᠤᠩᠬᠤᠨ ᠢ ᠪᠠᠷᠢᠵᠤ ᠪᠠᠢᠭᠤᠯᠬᠤ ᠴᠢᠳᠠᠯ ᠦᠬᠡᠢ᠂ ᠲᠡᠢᠮᠦ ᠠᠴᠠ ᠬᠠᠨ ᠤᠯᠤᠰ ᠲᠠᠢ ᠬᠠᠷᠢᠯᠴᠠᠭ᠎ᠠ ᠰᠠᠢᠲᠠᠢ ᠪᠠᠢᠭᠰᠠᠨ ᠬᠤᠶᠠᠷ ᠴᠠᠨ ᠢᠥᠢ ᠶᠢ ᠬᠠᠮᠤᠭ ᠤᠨ ᠤᠷᠢᠳᠤᠪᠠᠷ ᠠᠪᠴᠤ ᠦᠵᠡᠪᠠ᠂  ᠬᠠᠨ ᠶᠸ ᠴᠠᠨ ᠢᠥᠢ ᠨᠠᠰᠤ ᠪᠠᠷᠠᠬᠤ ᠳᠠᠭᠠᠨ ᠨᠢᠬᠡᠨᠳ᠋ᠨ 50 ᠬᠡᠳᠦᠨ ᠨᠠᠰᠤ ᠬᠦᠷᠦᠭᠰᠡᠨ ᠬᠦᠮᠦᠨ ᠪᠠᠢᠯ᠎ᠠ᠂ ᠲᠡᠬᠦᠨ ‍ᠣ ᠬᠦᠪᠡᠬᠦᠨ ᠪᠤᠯᠬᠤ 复株累若鞮 ᠴᠠᠨ ᠢᠥᠢ ᠨᠢ ᠪᠤᠩᠬᠤᠨ ‍ᠣ ᠡᠵᠡᠨ ‍ᠣ ᠨᠠᠰᠤ ᠲᠠᠢ ᠨᠡᠯᠢᠶᠠᠳ ᠳᠦᠬᠦᠵᠤ ᠪᠠᠢᠨ᠎ᠠ᠂ ᠦᠬᠡᠷ᠎ᠠ ᠨᠢᠭᠡᠨ ᠴᠠᠨ ᠢᠥᠢ 乌珠留若鞮 ᠴᠠᠨ ᠢᠥᠢ ᠨᠢ ᠪᠠᠰᠠᠴᠤ ᠡᠨᠡ ᠪᠤᠩᠬᠤᠨ ‍ᠣ ᠡᠵᠡᠨ ᠪᠠᠢᠬᠤ ᠮᠠᠭᠠᠳᠯᠠᠯ ᠪᠤᠢ᠂ ᠲᠡᠥᠬᠡᠨ ᠰᠤᠷᠪᠤᠯᠵᠢ ᠠᠴᠠ ᠦᠵᠡᠪᠡᠯ᠂ 乌珠留若鞮 ᠴᠠᠨ ᠢᠥᠢ ᠨᠢ ᠪᠠᠷᠠᠭᠤᠨ ᠬᠠᠨ ᠤᠯᠤᠰ ᠪᠤᠯᠤᠨ ᠸᠠᠩ ᠮᠠᠩ ᠠᠴᠠ ᠶᠡᠬᠡᠬᠡᠨ ᠪᠡᠯᠡᠭ ᠠᠪᠴᠤ ᠪᠠᠢᠭᠰᠠᠨ ᠦᠰᠦᠭ ᠪᠢᠴᠢᠭ ᠦᠨ ᠲᠡᠮᠳᠡᠭᠯᠡᠯ ᠪᠤᠢ᠂ ᠮᠦᠨ ᠡᠨᠡ ᠴᠠᠨ ᠢᠥᠢ ᠶᠢᠨ ᠦᠶ᠎ᠡ ᠳᠦ᠂ ᠾᠦᠩᠨᠦ ᠭᠦᠷᠦᠨ ᠢ︽ᠬᠦᠮᠦᠨ ᠠᠷᠠᠳ ᠨᠢ ᠠᠰᠤᠷᠤ ᠬᠦᠴᠦᠲᠠᠢ︾ᠭᠡᠵᠤ ᠲᠡᠮᠳᠡᠭᠯᠡᠵᠡᠢ᠂ ᠡᠬᠦᠨ ᠡᠴᠡ ᠾᠦᠩᠨᠦ ᠭᠦᠷᠦᠨ ᠨᠢ ᠡᠨᠡ ᠦᠶ᠎ᠡ ᠪᠡᠷ ᠲᠤᠮᠤ ᠪᠤᠯᠠᠰᠢ ᠪᠤᠩᠬᠤᠨ  ᠢ ᠪᠠᠷᠢᠵᠤ ᠪᠠᠢᠭᠤᠯᠬᠤ ᠴᠢᠳᠠᠯ ᠲᠠᠢ ᠪᠠᠢᠭᠰᠠᠨ ᠭᠡᠵᠤ ᠦᠵᠡᠵᠦ ᠪᠠᠢᠨ᠎ᠠ᠃    
  ᠡᠨᠡ ᠪᠤᠯ ᠪᠢᠳᠡᠨ ‍ᠣ ᠲᠠᠭᠠᠭᠠᠮᠠᠭᠯᠠᠯ ᠪᠤᠯᠤᠨ᠎ᠠ᠂ ᠴᠤᠬᠤᠮ ᠡᠨᠡ ᠪᠤᠯᠠᠰᠢᠨ ‍ᠣ ᠡᠵᠡᠨ ᠨᠢ ᠬᠡᠨ ᠪᠤᠯᠬᠤ ᠲᠤᠬᠠᠢ ᠲᠡᠥᠬᠡᠨ ᠲᠤᠳᠤᠷᠬᠠᠢ ᠲᠡᠮᠳᠡᠭᠯᠡᠯ ᠪᠠᠢᠬᠤ ᠦᠬᠡᠢ᠂ ᠲᠡᠢᠮᠦ ᠡᠴᠡ ᠡᠴᠦᠰ ‍ᠣ ᠨᠤᠲᠠᠯᠭ᠎ᠠ ᠬᠢᠬᠦ ᠠᠷᠭ᠎ᠠ ᠦᠬᠡᠢ ᠶᠤᠮ᠂ ᠲᠡᠭᠡᠬᠦ ᠳᠡᠬᠡᠨ ᠪᠤᠯᠠᠰᠢᠨ ‍ᠣ ᠬᠡᠮᠵᠢᠶ᠎ᠠ᠂ ᠪᠤᠯᠠᠰᠢᠨ ᠠᠴᠠ ᠭᠠᠷᠤᠭᠰᠠᠨ ᠤᠯᠳᠠᠪᠤᠷᠢ ᠶᠢᠨ ᠤᠷᠠᠨ ᠨᠠᠷᠢᠨ ᠬᠡᠴᠡ ᠬᠡᠳᠡᠭ ᠡᠴᠡ ᠰᠢᠯᠲᠠᠭᠠᠢᠯᠠᠨ᠂ ᠲᠤᠬᠠᠢ ᠶᠢᠨ ᠦᠶ᠎ᠡ ᠶᠢᠨ ᠾᠦᠩᠨᠦ ᠶᠢᠨ ᠬᠦᠴᠦ ᠴᠢᠳᠠᠯ ᠲᠠᠢ ᠪᠠᠢᠯᠭᠠᠭᠰᠠᠨ ᠡᠨᠡ ᠪᠤᠯᠠᠰᠢᠨ ‍ᠣ ᠡᠵᠡᠨ ᠨᠢ ᠮᠠᠰᠢ ᠬᠦᠴᠦᠲᠠᠢ ᠴᠢᠳᠠᠪᠤᠷᠢᠯᠢᠭ ᠬᠦᠮᠦᠨ ᠪᠠᠢᠭᠰᠠᠨ ᠬᠡᠳᠡᠭ ᠢ ᠲᠠᠭᠠᠮᠠᠭᠯᠠᠵᠤ ᠪᠤᠯᠬᠤ ᠶᠤᠮ᠃  
  
  ᠡᠨᠳ᠋ᠨ ᠮᠤᠯᠧᠺᠦᠢ᠌ᠯ ᠤᠨ ᠠᠨᠲ᠋ᠤᠷᠫᠥᠯᠥᠬᠢ︵分子人类学︶ ᠳᠡᠪᠰᠢᠯᠳ᠋ᠨ ᠳᠦ ᠪᠢᠳ᠋ᠨ ᠲᠠᠯᠠᠷᠬᠠᠬᠤ ᠶᠤᠰᠤᠲᠠᠢ᠂ ᠨᠢᠳᠤ ᠬᠠᠯᠬᠠᠯᠠᠭᠰᠠᠨ ᠪᠤᠳᠠᠩ ᠮᠠᠨᠠᠨ ᠲᠤᠮᠳ᠋ᠨ᠂ ᠬᠤᠶᠠᠷ ᠮᠢᠩᠭᠠᠨ ᠵᠢᠯ ᠦᠨ ᠲᠡᠷᠲᠡᠭᠡ ᠳᠡᠬᠢ ᠡᠷᠲᠡᠨ ‍ᠣ ᠬᠦᠮᠦᠨ ᠲᠠᠢ ᠲᠠᠨᠢᠯᠴᠠᠵᠤ᠂ ᠲᠡᠳᠡᠨ ‍ᠣ ᠬᠠᠮᠢᠭ᠎ᠠ ᠠᠴᠠ ᠢᠷᠡᠭᠰᠡᠨ᠂ ᠤᠳᠤ ᠶᠢᠨ ᠬᠦᠮᠦᠨ ᠲᠠᠢ ᠶᠠᠮᠠᠷ ᠬᠠᠷᠢᠴᠠᠭ᠎ᠠ ᠬᠤᠯᠪᠤᠭ᠎ᠠ ᠲᠠᠢ ᠪᠠᠢᠭᠰᠠᠨ ᠲᠤᠬᠠᠢ ᠶᠠᠷᠢᠵᠤ ᠰᠠᠭᠤᠬᠤ ᠳᠤ ᠶᠡᠬᠡᠬᠡᠨ ᠠᠵᠠ ᠲᠤᠬᠢᠶᠠᠭᠰᠠᠨ ᠬᠡᠷᠡᠭ ᠪᠤᠯᠬᠤ ᠠᠵᠠᠢ᠃    
ᠮᠡᠷᠭᠡᠵᠢᠯ ᠦᠨ ᠰᠢᠯᠲᠠᠭᠠᠨ ᠠᠴᠠ ᠪᠤᠯᠵᠤ ᠵᠢᠷᠤᠭ ᠤᠳ ᠢ ᠡᠨᠳ᠋ᠨ ᠤᠷᠤᠭᠤᠯᠵᠤ ᠡᠰᠨ ᠴᠢᠳᠠᠪᠠ᠂ ᠤᠭ ᠦᠬᠦᠯᠡᠯ ᠡᠴᠡ ᠬᠠᠷᠠᠨ᠎ᠠ ᠦᠦ︖︵https://zhuanlan.zhihu.com/p/37008921︶  
  
  
 



  
     
     