-
506
ᠪᠣᠷᠤᠭᠤ ᠪᠠᠷ ᠣᠷᠣᠰᠣᠭᠰᠠ ᠣᠷᠴᠢᠯ ᠵᠦᠪ ᠢᠶᠡᠷ ᠡᠷᠭᠢᠬᠦ ᠪᠣᠯᠣᠭᠠᠰᠠᠢ
2024-01-06 21:15
32
0
ᠣᠷᠢᠳᠣ ᠶᠢᠨ ᠴᠠᠭ ᠲᠣ ᠲᠡᠭᠡᠳᠦ ᠨᠡᠶᠢᠰᠯᠡᠯ ᠦᠨ ᠪᠠᠷᠠᠭᠤᠨ ᠵᠠᠬ᠎ᠠ ᠡᠴᠡ ᠲᠦᠯᠭᠡᠨ ᠨᠠᠮ ᠣᠷᠣᠰᠬᠠᠯ ᠲᠠᠢ ᠂ ᠲᠣᠨᠣᠯᠵᠠᠭᠰᠠᠨ ᠦᠷᠭᠡᠨ ᠬᠡᠪᠡᠯᠢ ᠲᠠᠢ ᠯᠣᠣᠬ᠎ᠠ ᠶᠢᠨ ᠭᠣᠣᠯ ᠭᠡᠵᠦ ᠡᠬᠡ ᠪᠠᠶᠢᠭᠠᠯᠢ ᠶᠢᠨ ᠴᠢᠰᠣᠨ ᠰᠣᠳᠠᠯ ᠭᠡᠮᠡᠷ ᠨᠠᠮᠵᠢᠭᠤᠨ ᠯᠤᠭᠰᠢᠵᠤ᠂ ᠡᠨᠡᠭᠦᠷ ᠲᠡᠨᠡᠭᠦᠷ ᠲᠠᠬᠢᠷᠯᠠᠨ ᠡᠷᠬᠢ ᠪᠠᠨ ᠲᠡᠯᠢᠨ ᠮᠣᠰᠬᠢᠷᠠᠵᠣ ᠠᠪᠠᠢ᠃
ᠣᠳᠣᠬᠢ ᠵᠠᠭᠤᠨ ᠤ ᠡᠬᠢᠨ ᠳᠦ ᠡᠷᠭᠢ ᠨᠢ ᠨᠣᠷᠠᠵᠤ ᠡᠯᠢᠭᠡ ᠨᠢ ᠠᠷᠰᠠᠶᠢᠭᠠᠳ ᠪᠣᠷᠣᠭᠠᠨ ᠤ ᠣᠯᠠᠷᠢᠯ ᠪᠤᠯᠬᠤ ᠪᠦᠷᠢ ᠴᠠᠭᠠᠨ ᠬᠤᠭ ᠢᠶᠠᠷ ᠴᠠᠶᠢᠯᠵᠠᠨ ᠬᠠᠷ᠎ᠠ ᠪᠤᠷᠵᠠᠩ ᠢᠶᠠᠷ ᠪᠤᠴᠠᠯᠣᠭᠰᠠᠨ ᠪᠣᠵᠠᠷ ᠦᠶᠡᠷ ᠪᠤᠯᠵᠤ ︿ ᠱᠠᠯᠢ ᠾᠧ﹀ ᠭᠡᠵᠤ ᠨᠡᠷᠡᠰᠢᠪᠡ᠃
ᠬᠤᠶᠠᠷ ᠡᠪᠦᠭᠡᠨ ᠬᠤᠭ ᠤᠨ ᠣᠪᠣᠭ᠎ᠠ ᠶᠢ ᠠᠵᠢᠭᠯᠠᠴᠢᠬᠠᠭᠰᠠᠨ ᠬᠣᠯᠠ ᠶᠢᠨ ᠵᠣᠭᠣᠭ ᠢᠶᠠᠨ ᠲᠡᠯᠭᠡᠨᠡᠮ᠃ ᠬᠤᠭ ᠤᠨ ᠣᠪᠣᠭᠠᠨ ᠲᠡᠭᠡᠷ᠎ᠡ ᠲᠨᠦᠮᠡᠯ ᠭᠦᠯᠦᠭᠡ ᠰᠢᠩᠰᠢᠯᠡᠨ ᠦᠨᠦᠷᠯᠡᠵᠦ ᠂ ᠲᠠᠪᠬᠤᠷ ᠲᠠᠪᠬᠤᠷ ᠪᠣᠭᠣᠭᠰᠠᠨ ᠰᠦᠯᠢᠶᠣᠤ ᠣᠭᠣᠳᠠ ᠶᠢ ᠰᠡᠭᠯᠡᠨ ᠣᠷᠠᠬᠤ ᠳᠤ ᠫᠠᠭᠰᠢᠮᠠ ᠦᠮᠡᠬᠡᠢ ᠦᠨᠦᠷ ᠣᠷᠴᠢᠨ ᠢ ᠪᠦᠷᠬᠦᠨ ᠬᠠᠷ᠎ᠠ ᠭᠦᠯᠦᠭᠡ ᠬᠠᠮᠠᠷ ᠢᠷᠪᠠᠶᠢᠨ ᠬᠣᠴᠠᠭᠰᠠᠨ ᠢᠶᠠᠨ ᠬᠠᠭᠠᠰ ᠢᠳᠡᠭᠰᠡᠨ ᠲᠠᠬᠢᠶᠠᠨ ᠭᠣᠶ᠎ᠠ ᠶᠢ ᠮᠠᠯᠳᠠᠯᠬᠢᠯᠠᠨ ᠭᠠᠳᠠᠮ᠎ᠠ ᠦᠨᠦᠷ ᠲᠦ ᠨᠢ ᠬᠣᠷᠣᠰᠬᠤ ᠬᠣᠩᠰᠢᠶᠠᠷ ᠢᠶᠠᠨ ᠰᠠᠮᠠᠷᠳᠠᠨ ᠲᠣᠷᠭᠢᠵᠦ ᠬᠠᠮᠠᠷ ᠢᠶᠠᠨ ᠠᠳᠣᠷᠢᠰᠬᠢᠨ ᠠᠷᠬᠢᠷᠠᠭᠰᠠ ᠢᠶᠡᠨ ᠬᠣᠭᠣᠯᠠᠢ ᠨᠢ ᠬᠠᠬᠠᠭᠰᠠᠨ ᠮᠡᠳᠦ ᠲᠣᠷᠭᠢᠭᠰᠠᠭᠠᠷ ᠴᠢᠨᠠᠭᠰᠢ ᠬᠠᠨᠳᠣᠨ ᠬᠤᠷᠳᠤᠯᠠᠪᠠ᠃
︱ᠬᠤᠭ ᠤᠨ ᠣᠪᠣᠭ᠎ᠠ ᠶᠢ ᠭᠦᠯᠦᠭᠡ ᠴᠦ ᠰᠢᠩᠰᠢᠯᠡᠬᠦ ᠪᠠᠨ ᠪᠤᠯᠢᠵᠠᠢ ᠬᠦᠭᠡᠷᠦᠬᠦᠢ ᠃
︱ᠪᠢ ᠡᠨᠡ ᠴᠠᠭᠠᠨ ᠬᠤᠭ ᠢ ᠬᠠᠷᠠᠬᠤ ᠪᠦᠷᠢ ᠪᠠᠭ᠎ᠠ ᠶᠢᠨ ᠦᠶ᠎ᠡ ᠶᠢᠨ ᠬᠤᠭ ᠤᠨ ᠣᠪᠣᠭ᠎ᠠ ᠪᠠᠨ ᠰᠠᠨᠠᠴᠢᠬᠠᠳᠠᠭ ᠶᠣᠮ᠃ ᠬᠤᠭ ᠯᠠᠢ ᠂ ᠦᠯᠡᠳᠡᠪᠦᠷᠢ ᠲᠣᠰᠠᠪᠦᠷᠢ᠂ ᠮᠠᠯ ᠤᠨ ᠦᠳᠦᠭ ᠰᠢᠭᠡᠭ᠂ ᠢᠯᠭᠠᠳᠠᠰᠣ᠃᠃ ᠵᠡᠷᠭᠡ ᠶᠢ ᠬᠤᠭ ᠤᠨ ᠣᠪᠣᠭᠠᠨ ᠳᠠᠭᠠᠨ ᠵᠠᠯᠠᠴᠢᠬᠠᠳᠠᠭ ᠶᠤᠮ ᠰᠢᠤ᠃ ᠬᠠᠷᠢᠨ ᠦᠨᠡᠰᠦ ᠴᠦᠬᠦᠷᠡᠰᠦ ᠵᠡᠷᠭᠡ ᠭᠠᠯ ᠲᠠᠢ ᠬᠣᠯᠪᠣᠭ᠎ᠠ ᠲᠠᠢ ᠬᠤᠭ ᠪᠠᠨ ᠬᠤᠭ ᠤᠨ ᠣᠪᠣᠭᠠᠨ ᠳᠤ ᠬᠤᠯᠢᠵᠦ ᠦᠭᠡᠢ ᠨᠢ ᠮᠠᠨ ᠤ ᠲᠡᠭᠡᠳᠦᠰ ᠦᠨ ᠭᠠᠯ ᠢ ᠲᠠᠬᠢᠵᠦ ᠭᠠᠯ ᠢ ᠲᠡᠭᠡᠳᠦᠯᠡᠳᠡᠭ ᠲᠠᠢ ᠬᠤᠯᠪᠤᠭ᠎ᠠ ᠲᠠᠢ ᠪᠢᠯᠡ᠃ ᠪᠣᠵᠠᠷ ᠣᠭᠢᠶᠠᠳᠠᠰᠣ᠂ ᠰᠢᠩᠭᠡᠨ ᠰᠢᠪᠬᠠᠷᠣ ᠪᠠᠨ ᠴᠤ ᠬᠤᠭ ᠤᠨ ᠣᠪᠣᠭᠠᠨ ᠳᠠᠭᠠᠨ ᠠᠰᠬᠠᠵᠦ ᠲᠣᠭᠳᠠᠪᠦᠷᠢᠵᠢᠭᠤᠯᠤᠭᠠᠳ ᠬᠤᠮᠠᠭ ᠬᠡᠶᠢᠰᠬᠦ ᠡᠴᠡ ᠰᠡᠷᠭᠡᠶᠢᠯᠡᠵᠣ ᠪᠠᠶᠢᠳᠠᠭ᠃ ᠬᠤᠭ ᠤᠨ ᠣᠪᠣᠭ᠎ᠠ ᠮᠢᠨᠢ ᠵᠢᠯ ᠠᠴᠠ ᠵᠢᠯ ᠳᠦ ᠲᠡᠭᠡᠭᠰᠢ ᠦᠰᠬᠦ ᠲᠣᠳᠣᠮ ᠲᠡᠭᠡᠷ᠎ᠡ ᠨᠢ ᠭᠠᠷᠴᠦ ᠬᠤᠨᠢ ᠮᠠᠯ ᠢᠶᠠᠨ ᠠᠵᠢᠭᠯᠠᠬᠤ ᠪᠤᠶᠤ ᠬᠣᠯᠠ ᠶᠢᠨ ᠠᠶᠢᠯᠴᠢᠳ ᠢ ᠪᠠᠷᠠᠯᠠᠵᠤ ᠰᠠᠭᠤᠳᠠᠭ ᠶᠣᠮᠰᠠᠨ᠃ ᠲᠡᠭᠡᠵᠦ ᠪᠠᠶᠢᠳᠠᠯ᠎ᠠ ᠡᠮᠦᠨ᠎ᠡ ᠲᠣᠰᠬᠤᠨ ᠤ ᠲᠠᠷᠢᠶᠠᠴᠢᠳ ᠬᠤᠭ ᠶᠢᠨ ᠣᠪᠣᠭ᠎ᠠ ᠶᠢ ᠲᠤᠭᠤᠷᠢᠵᠤ ᠦᠨ᠎ᠡ ᠬᠠᠶᠠᠯᠴᠠᠳᠠᠭ ᠪᠠᠶᠢᠨ᠎ᠠ᠃ ᠢᠩᠬᠢᠭᠡᠳ ᠬᠤᠭ ᠣᠪᠣᠭ᠎ᠠ ᠶᠢ ᠲᠣᠮᠳᠠᠷᠠᠳᠠᠯᠠ ᠲᠡᠭᠡᠭᠡᠪᠦᠷᠢᠯᠡᠵᠦ ᠲᠠᠷᠢᠶ᠋ᠶᠠᠨ ᠳᠠᠭᠠᠨ ᠪᠤᠷᠳᠣᠭᠤᠷ ᠪᠤᠯᠭᠠᠨ ᠠᠰᠬᠠᠴᠢᠬᠠᠳᠠᠭ ᠪᠠᠶᠢᠭᠰᠠᠨ᠃
︱ᠬᠤᠭ ᠤᠨ ᠣᠪᠤᠭ᠎ᠠ ᠨᠢ ᠨᠠᠷᠠ ᠰᠠᠯᠬᠢ ᠂ ᠴᠠᠰᠣ ᠪᠣᠷᠤᠭᠠᠨ ᠤ ᠣᠭᠢᠶᠠᠯᠳᠠ ᠴᠡᠪᠡᠷᠰᠢᠭᠦᠯᠳᠡ ᠶᠢ ᠲᠠᠮᠵᠢᠵᠦ ᠲᠠᠷᠢᠶᠠᠯᠠᠩ ᠳᠤ ᠠᠰᠢᠭᠳᠠᠢ ᠪᠤᠷᠳᠣᠭᠤᠷ ᠪᠤᠯᠵᠤ ᠬᠦᠮᠦᠨ ᠠᠮᠢᠳᠠᠨ ᠤ ᠬᠦᠨᠦᠰᠦ ᠬᠣᠭᠣᠯᠠ ᠳᠤ ᠪᠠᠶᠢᠨ᠎ᠠ᠃ ᠲᠡᠷᠡ ᠴᠢᠨᠢ ᠨᠠᠭᠠᠨᠠᠳᠣᠭᠠᠳ ᠬᠤᠭ ᠤᠨ ᠤᠪᠤᠭ᠎ᠠ᠂ ᠴᠠᠭᠠᠨᠠᠳᠣᠭᠠᠳ ᠠᠮᠢᠳᠠᠨ ᠣᠷᠭᠤᠮᠠᠯ ᠢ ᠬᠣᠣᠷ ᠦᠭᠡᠢ ᠯᠡ ᠣᠪᠣᠭ᠎ᠠ ᠪᠠᠶᠢᠨ᠎ᠠ᠃ ᠢᠩᠬᠢᠭᠡᠳ ᠡᠬᠡ ᠪᠠᠶᠢᠭᠠᠯᠢ ᠲᠡᠩᠴᠡᠭᠦᠷᠢᠰᠢᠯ ᠢᠶᠡᠨ ᠣᠯᠵᠣ ᠠᠰᠢᠭᠳᠣ ᠣᠷᠴᠢᠯ ᠢᠶᠠᠷ ᠠᠮᠢᠵᠢᠷᠠᠳᠠᠭ ᠪᠠᠶᠢᠭᠰᠠᠨ ᠡ᠃
︱ᠨᠡᠶᠢᠭᠡᠮ ᠬᠦᠭᠵᠢᠬᠦ ᠲᠣᠳᠣᠮ ᠴᠠᠭᠠᠨ ᠤ ᠭᠠᠢ ᠪᠣᠯᠵᠣ ᠡᠬᠢᠯᠡᠯ᠎ᠡ᠃ ᠡᠨᠡ ᠰᠦᠯᠢᠶᠣᠣ ᠣᠭᠣᠳᠠ ᠴᠢᠨᠢ ᠢᠳᠡᠰᠢ ᠣᠣᠭᠣᠰᠢ ᠪᠠᠨ ᠰᠠᠪᠠᠯᠠᠬᠤ ᠳᠤ ᠴᠡᠪᠡᠷᠬᠡᠨ ᠭᠡᠭᠴᠢ ᠨᠢ ᠬᠡᠯᠡᠬᠦ ᠶᠢᠨ ᠭᠠᠵᠠᠷ ᠦᠭᠡᠢ ᠰᠠᠶᠢᠨ ᠡᠳ᠋ ᠪᠤᠯᠪᠠᠴᠣ ᠦᠯᠡᠳᠡᠪᠦᠷᠢ ᠰᠢᠩᠭᠡᠨ ᠢᠶᠡᠨ ᠴᠤ ᠡᠭᠦᠨ ᠳᠦ ᠰᠠᠪᠠᠯᠠᠴᠢᠬᠠᠭᠠᠳ ᠲᠠᠪᠬᠤᠷ ᠲᠠᠪᠬᠤᠷ ᠪᠠᠳᠣ ᠪᠡᠬᠢᠯᠡᠭᠡᠳ ᠯᠠ ᠪᠠᠶᠢᠭᠠᠯᠢ ᠳᠠᠭᠠᠨ ᠦᠨᠢᠳᠡ ᠪᠣᠴᠠᠰᠢ ᠦᠭᠡᠢ ᠪᠠᠷ ᠬᠣᠣᠷ ᠦᠨ ᠣᠭᠣᠳᠠ ᠪᠣᠯᠭᠠᠭᠠᠳ ᠬᠤᠭ ᠤᠨ ᠣᠪᠣᠭᠠᠨ ᠳᠠᠭᠠᠨ ᠣᠷᠬᠢᠴᠢᠬᠠᠳᠠᠭ ᠨᠢ ᠬᠠᠷᠠᠮᠰᠠᠯᠳᠠᠢ ᠯᠠ ᠶᠠᠪᠤᠳᠠᠯ ᠪᠠᠶᠢᠨ᠎ᠠ ᠳ᠋ᠠ᠃ ᠰᠠᠯᠬᠢᠨ ᠭᠠᠷᠪᠠᠯ ᠲᠡᠷᠪᠡᠯᠵᠡᠨ ᠫᠦᠷᠴᠢᠬᠢᠨᠡᠭᠡᠳ ᠯᠠ ᠴᠢᠬᠢᠨ ᠦ ᠴᠢᠬᠢᠷ᠎ᠡ ᠪᠤᠯᠵᠣ᠂ ᠬᠠᠮᠬᠤᠤᠯ ᠠᠳᠠᠯᠢ ᠬᠠᠮᠢᠭ᠎ᠠ ᠪᠣᠯᠭᠠᠨ ᠳᠤ ᠪᠣᠳᠠᠷᠠᠭᠠᠳ ᠨᠢᠳᠣᠨ ᠤ ᠪᠣᠯᠠᠢ ᠴᠤ ᠪᠣᠯᠵᠣ ᠭᠦᠢᠴᠡᠯ᠎ᠡ᠃
︱ᠬᠦᠮᠦᠨ ᠲᠦᠷᠦᠯᠬᠢᠳᠠᠨ ᠤ ᠪᠣᠯᠪᠠᠰᠣᠨ ᠠᠮᠢᠳᠣᠷᠠᠯ ᠢᠩᠬᠢᠵᠦ ᠪᠠᠶᠢᠭᠠᠯᠢ ᠶᠢᠨ ᠪᠣᠷᠣᠭᠤ ᠣᠷᠴᠢᠯ ᠳᠤ ᠣᠷᠣᠴᠢᠬᠠᠭᠠᠳ ᠪᠣᠴᠠᠯᠳᠠ ᠦᠭᠡᠢ ᠬᠤᠬᠢᠷᠠᠭᠠᠳ ᠪᠠᠶᠢᠨ᠎ᠠ᠃ ᠡᠨᠡᠬᠦ ᠴᠠᠭᠠᠨ ᠬᠣᠭ ᠨᠢ ᠴᠠᠰᠣᠨ ᠪᠦᠮᠪᠦᠭᠡᠯᠢᠭ ᠪᠦᠮᠪᠦᠷᠢᠬᠦ ᠮᠡᠳᠤ ᠦᠩᠬᠦᠷᠢᠬᠦ ᠲᠣᠳᠣᠮ ᠲᠣᠮᠣᠷᠠᠵᠣ᠂ ᠲᠣᠮᠣᠷᠠᠬᠣ ᠲᠣᠳᠣᠮ ᠴᠠᠭᠠᠨ ᠤ ᠰᠦᠷᠳᠡᠭᠦᠯᠦᠯ ᠪᠤᠯᠵᠤ ᠪᠠᠶᠢᠨ᠎ᠠ᠃
︱ ᠭᠡᠲᠡᠯ᠎ᠡ ᠵᠢᠶᠠᠩᠰᠦ ᠮᠣᠵᠢ ᠠᠴᠠ ᠴᠠᠭᠠᠨ ᠤ ᠴᠡᠪᠡᠷᠰᠢᠭᠦᠯᠦᠯᠳᠡ ᠶᠢ ᠡᠬᠢᠯᠡᠭᠦᠯᠵᠦ᠂ ᠨᠡᠶᠢᠭᠡᠮ ᠠᠮᠢᠳᠣᠷᠠᠯ ᠳᠤ ᠦᠢᠯᠡᠴᠢᠯᠡᠭᠦᠯᠵᠦ ᠡᠬᠢᠯᠡᠯ᠎ᠡ᠃ ᠢᠩᠬᠢᠭᠡᠳ ᠪᠣᠷᠣᠭᠣᠰᠢ ᠪᠠᠨ ᠪᠣᠴᠠᠭᠰᠠᠨ ᠣᠷᠴᠢᠯ ᠵᠦᠪ ᠢᠶᠡᠷ ᠡᠷᠭᠢᠬᠦ ᠪᠣᠯᠣᠭᠠᠰᠠᠢ ᠳ᠋ᠠ ᠃