-
16999
ᠡᠬᠡ ᠪᠠᠢᠭᠠᠯᠢ ᠪᠠᠨ ᠬᠠᠮᠠᠭᠠᠯᠠᠶ᠎ᠠ
2021-08-26 15:48
160
0
ᠡᠬᠡ ᠪᠠᠢᠭᠠᠯᠢ ᠪᠠᠨ ᠬᠠᠮᠠᠭᠠᠯᠠᠶ᠎ᠠ
6.5 ᠳᠡᠯᠡᠬᠡᠢ ᠶᠢᠨ ᠤᠷᠴᠢᠨ ᠲᠤᠭᠤᠷᠢᠨ ᠤ ᠡᠳᠦᠷ ᠲᠦ ᠵᠤᠷᠢᠭᠤᠯᠪᠠ᠃
ᠳ᠋ᠸᠴᠢᠨ
ᠲᠦᠷᠦᠯᠬᠢ ᠰᠠᠢᠬᠠᠨ ᠨᠤᠲᠤᠭ ᠢᠶᠠᠨ
ᠲᠤᠭᠲᠠᠭᠤᠨ ᠰᠠᠢᠬᠠᠨ ᠬᠠᠮᠠᠭᠠᠯᠠᠶ᠎ᠠ
ᠲᠤᠷᠮᠤᠭᠤᠷ ᠨᠢᠳᠦ ᠢᠶᠠᠨ ᠬᠠᠮᠠᠭᠠᠯᠠᠬᠤ ᠰᠢᠭ
ᠲᠤᠭᠤᠰᠤ ᠬᠦᠷᠭᠡᠯ ᠦᠭᠡᠢ ᠬᠠᠢᠷᠠᠯᠠᠶ᠎ᠠ᠃
ᠠᠭᠤᠳᠠᠮ ᠰᠠᠢᠬᠠᠨ ᠨᠤᠲᠤᠭ ᠢᠶᠠᠨ
ᠤᠩᠭᠤᠨ ᠳᠦᠷᠦᠬᠦ ᠪᠡᠷ ᠨᠢ ᠪᠠᠢᠯᠭᠠᠶ᠎ᠠ
ᠤᠰᠤ ᠠᠭᠠᠷ ᠬᠦᠷᠦᠰᠦ ᠪᠡᠨ
ᠦᠪᠡᠷ ᠦᠨ ᠪᠡᠶ᠎ᠡ ᠰᠢᠭ ᠢᠶᠡᠨ ᠨᠠᠨᠳᠢᠩᠨᠠᠶ᠎ᠠ᠃
ᠨᠤᠮᠢᠨ ᠴᠡᠩᠬᠡᠷ ᠨᠤᠲᠤᠭ ᠢᠶᠠᠨ
ᠨᠤᠭᠤᠭᠠᠨ ᠦᠩᠬᠡ ᠪᠡᠷ ᠨᠢ ᠬᠠᠮᠠᠭᠠᠯᠠᠶ᠎ᠠ
ᠨᠠᠰᠤᠨ ᠳᠤᠷᠰᠢᠲᠠ ᠳᠠᠭᠠᠨ ᠡᠳ᠋ᠯᠡᠬᠦ
ᠨᠠᠷᠠᠲᠦ ᠶᠢᠨ ᠬᠤᠷᠸ᠎ᠠ ᠡᠨᠡ ᠰᠢᠦ᠃
ᠪᠦᠮᠪᠦᠷᠴᠢᠭ ᠳᠡᠯᠡᠬᠡᠢ ᠨᠢᠭᠡ ᠯᠡ ᠰᠢᠦ
ᠪᠤᠬᠢᠷᠳᠤᠯ ᠦᠬᠡᠢ ᠬᠠᠮᠠᠭᠠᠯᠠᠶ᠎ᠠ
ᠪᠦᠭᠦᠳᠡ ᠤᠯᠠᠨ ᠢᠶᠠᠷ ᠢᠶᠠᠨ ᠬᠦᠳᠡᠯᠦᠯᠴᠡᠵᠦ
ᠪᠦᠲᠦᠨ ᠰᠠᠢᠬᠠᠨ ᠪᠠᠢᠯᠭᠠᠶ᠎ᠠ᠃
ᠪᠠᠢᠭᠠᠯᠢ ᠳᠡᠯᠡᠬᠡᠢ ᠶᠢᠨ ᠵᠢᠮ᠎ᠡ ᠶᠢ
ᠪᠠᠷᠢᠮᠲᠠᠯᠠᠵᠦ ᠬᠦᠨᠳᠦᠳᠭᠡᠵᠦ ᠶᠠᠪᠤᠶ᠎ᠠ
ᠪᠤᠯᠠᠭᠳᠠᠴᠠ ᠠᠭᠤᠷᠬᠠᠢ ᠶᠢ ᠨᠢ ᠬᠠᠮᠠᠭᠠᠯᠠᠵᠦ
ᠪᠢᠯᠢᠭ ᠤᠬᠠᠭᠠᠨ ᠳᠠᠭᠠᠨ ᠳᠡᠭᠡᠳᠦᠯᠡᠶ᠎ᠡ᠃
ᠬᠦᠮᠦᠨ ᠪᠠᠢᠭᠠᠯᠢ ᠵᠤᠬᠢᠴᠠᠯ ᠲᠠᠢ
ᠬᠦᠮᠦᠯᠢᠭ ᠦᠵᠡᠯ ᠶᠢ ᠡᠷᠬᠢᠮᠯᠡᠶ᠎ᠡ
ᠬᠦᠵᠢ ᠳᠡᠯᠡᠬᠡᠢ ᠪᠡᠨ ᠨᠠᠨᠳᠢᠩᠨᠡᠬᠦ ᠨᠢ
ᠬᠦᠮᠦᠨ ᠪᠦᠬᠦᠨ ᠦ ᠬᠠᠷᠢᠭᠤᠴᠠᠯᠭ᠎ᠠ ᠰᠢᠦ᠃