 

ᠾᠦᠩᠨᠦᠴᠤᠳ︽ᠯᠤᠤ︾ᠰᠢᠲᠦᠳᠡᠭ ᠦᠬᠡᠢ

2018-09-17 19:08
  211
  0
ᠾᠦᠩᠨᠦᠴᠤᠳ︽ᠯᠤᠤ︾ᠰᠢᠲᠦᠳᠡᠭ ᠦᠬᠡᠢ   
      
   1.ᠾᠦᠩᠨᠦᠴᠤᠳ ᠯᠤᠤ ᠰᠢᠲᠦᠵᠤ ᠳᠡᠭᠡᠳᠦᠯᠡᠵᠤ ᠪᠠᠢᠭᠰᠠᠨ ᠲᠡᠮᠳᠡᠭᠯᠡᠯ ᠪᠠᠢᠬᠤ ᠦᠬᠡᠢ᠂ ᠾᠦᠩᠨᠤᠴᠤᠳ ᠠᠴᠠ ᠬᠤᠢᠰᠢᠬᠢ ᠨᠡᠬᠦᠳᠡᠯᠴᠢᠳ ᠮᠦᠨ ᠯᠤᠤ ᠰᠢᠲᠦᠵᠤ ᠳᠡᠭᠡᠳᠦᠯᠡᠵᠤ ᠪᠠᠢᠭᠰᠠᠨ ᠵᠠᠩ ᠵᠠᠩᠰᠢᠯ ᠪᠠᠢᠬᠤ ᠦᠬᠡᠢ᠃ ᠰᠧ ᠮᠠ ᠴᠢᠶᠠᠨ ‍ᠣ︽ᠲᠡᠥᠬᠡᠨ ᠲᠡᠮᠳᠡᠭᠯᠡᠯ︾ᠳᠦ᠂ ᠾᠦᠩᠨᠦᠴᠤᠳ︽正月,諸首領小會單于庭,舉行春祭;五月,大會蘢城,祭其祖先 、天、地和鬼神︾ᠭᠡᠰᠡᠨ ᠲᠡᠮᠳᠡᠭᠯᠡᠯ ᠪᠤᠢ᠂ ᠯᠦᠨ ᠪᠤᠶᠤ ᠯᠦᠩ ᠬᠡᠮᠡᠬᠦ ᠬᠤᠳ᠋ᠨ︵ ᠭᠠᠵᠠᠷ︖︶ᠪᠤᠢ ᠪᠦᠬᠡᠳ ᠲᠡᠨᠳ᠋ᠨ ᠲᠤᠮᠤ ᠬᠡᠮᠵᠢᠶᠠᠨ ‍ᠣ ᠲᠠᠬᠢᠯᠭ᠎ᠠ ᠬᠢᠳᠡᠭ᠂ ᠲᠠᠬᠢᠯᠭ᠎ᠠ ᠨᠢ ᠡᠪᠦᠬᠡ ᠳᠡᠭᠡᠳᠦ᠂ ᠲᠩᠷᠢ᠂ ᠭᠠᠵᠠᠷ ᠪᠤᠯᠤᠨ ᠨᠠᠪᠳᠠᠭ ᠰᠠᠪᠳᠠᠭ ᠳᠦ ᠵᠤᠷᠢᠭᠤᠯᠤᠭᠳᠠᠭᠰᠠᠨ ᠪᠠᠢᠨ᠎ᠠ᠂ ᠡᠨᠡ ᠦᠬᠦᠯᠡᠪᠤᠷᠢ ᠶᠢ ᠶᠠᠭᠠᠬᠢᠵᠤ ᠤᠩᠰᠢᠭᠰᠠᠨ ᠴᠤ ᠯᠤᠤ ᠰᠢᠲᠦᠨ᠎ᠠ ᠭᠡᠰᠡᠨ ᠦᠬᠡ ᠬᠠᠷᠠᠭᠳᠠᠬᠤ ᠦᠬᠡᠢ ᠯᠠ ᠪᠠᠢᠨ᠎ᠠ᠃   
  2.ᠬᠢᠲᠠᠳ ᠤᠨ ᠰᠤᠳᠤᠯᠭᠠᠴᠢᠳ ᠠᠴᠠ︵蘢lóng︶ᠬᠡᠳᠡᠭ ᠦᠰᠦᠭ ᠢ ᠬᠢᠲᠠᠳ ᠤᠨ ᠯᠤᠤ︵龍 lóng︶ᠪᠤᠯᠭᠠᠨ ᠲᠠᠢᠯᠪᠤᠷᠢᠯᠠᠬᠤ ᠶᠢ ᠬᠢᠴᠢᠶᠠᠳᠠᠭ ᠪᠦᠬᠡᠳ ᠾᠦᠩᠨᠦ ᠶᠢᠨ ᠭᠤᠤᠯ ᠰᠢᠲᠦᠬᠡᠨ ᠨᠢ ᠯᠤᠤ ᠪᠠᠢᠭᠰᠠᠨ ᠬᠡᠮᠡᠨ ᠳ᠋ᠦᠩᠨᠡᠳᠡᠭ᠃ ᠶᠠᠫᠥᠨ ‍ᠣ ᠬᠢᠲᠠᠳ ᠰᠤᠳᠤᠯᠭᠠᠴᠢ ᠲᠠᠺᠢᠭᠠᠪᠠ ᠺᠠᠮᠢᠲ᠋ᠠᠷᠤᠤ︵たきがわかめたろうTakigawa Kametaro 1865-1946︶ᠡᠴᠡ ᠬᠢᠲᠠᠳ ᠰᠤᠳᠤᠯᠭᠠᠴᠢᠳ ᠤᠨ ᠡᠨᠡᠬᠦ ᠦᠵᠡᠯᠳ᠋ᠨ ᠨᠢ ᠪᠤᠷᠤᠭᠤ ᠪᠠᠢᠨ᠎ᠠ᠂︵蘢lóng︶ᠭᠡᠵᠤ ᠤᠳᠬ᠎ᠠ ᠶᠢ ᠨᠢ ᠲᠤᠳᠤᠯᠠᠭᠠᠳ ᠦᠬᠡᠢ ᠭᠠᠯᠢᠭᠴᠢᠯᠠᠨ ᠪᠠᠭᠤᠯᠭᠠᠭᠰᠠᠨ ᠦᠬᠡ ᠭᠡᠵᠦ ᠦᠵᠡᠭᠰᠡᠨ ᠪᠦᠭᠡᠳ ᠬᠢᠲᠠᠳ ᠰᠤᠳᠤᠯᠭᠠᠴᠢᠳ ᠤᠨ ᠬᠡᠯᠡᠭᠡᠳ ᠪᠠᠢᠳᠠᠭ ᠯᠤᠤ︵龍lóng) ᠲᠠᠢ ᠶᠠᠮᠠᠷᠴᠤ ᠬᠤᠯᠪᠤᠭ᠎ᠠ ᠪᠠᠢᠬᠤ ᠦᠬᠡᠢ᠂ ᠬᠠᠷᠢᠨ ᠡᠨᠡ ᠦᠬᠡᠨ ‍ᠣ︵ᠾᠦᠩᠨᠦ ᠬᠡᠯᠡᠨ ᠳᠡᠬᠢ︶ᠲᠠᠭᠤᠳᠠᠯᠭ᠎ᠠ ᠨᠢ ᠡᠷᠲᠡᠨ ‍ᠣ ᠬᠢᠲᠠᠳ ᠬᠡᠯᠡᠨ ‍ᠣ ᠯᠤᠤ︵龙 lóng) ᠠᠳᠠᠯᠢ ᠪᠠᠢᠨ᠎ᠠ᠂ ᠡᠢᠮᠦ ᠡᠴᠡ ᠡᠷᠲᠡᠨ ‍ᠣ ᠬᠢᠲᠠᠳ ᠤᠨ ᠲᠦᠷᠦ ᠶᠢᠨ ᠰᠤᠳᠤᠷᠴᠢ ᠲᠦᠰᠢᠮᠡᠯ ᠡᠴᠡ 艹ᠡᠪᠠᠰᠦ ᠪᠤᠶᠤ 竹ᠬᠤᠯᠤᠰᠤ ᠭᠡᠰᠡᠨ ᠲᠤᠯᠤᠭᠠᠢ ᠨᠡᠮᠡᠵᠤ ᠬᠠᠳᠠᠭᠠᠳ᠂ 蘢lóng ᠪᠤᠶᠤ 籠lóng ᠪᠤᠯᠭᠠᠨ ᠲᠡᠮᠳᠡᠭᠯᠡᠭᠰᠡᠨ ᠨᠢ ᠬᠢᠲᠠᠳ ᠤᠨ ᠯᠤᠤ︵龍lóng)  ᠡᠴᠡ ᠲᠤᠳᠤᠷᠬᠠᠢ ᠢᠯᠭᠠᠪᠤᠷᠢᠯᠠᠭᠰᠠᠨ ᠪᠠᠢᠬᠤ ᠵᠤᠷᠢᠯᠭ᠎ᠠ ᠲᠠᠢ ᠭᠡᠵᠤ ᠲᠤᠳᠤᠷᠬᠠᠢᠯᠠᠵᠠᠢ᠃ ᠲᠠᠺᠢᠭᠠᠪᠠ ᠺᠠᠮᠢᠲ᠋ᠠᠷᠤᠤ ᠶᠢᠨ ᠦᠵᠡᠯᠳ᠋ᠨ ᠢ ᠺᠠᠨᠠᠳ᠋ᠨ ᠶᠢᠨ ᠬᠢᠲᠠᠳ ᠰᠤᠳᠤᠯᠭᠠᠴᠢ E.G.Pulleyblank ᠶᠡᠬᠡ ᠲᠠᠭᠠᠯᠠᠭᠰᠠᠨ ᠪᠦᠬᠡᠳ ᠦᠪᠡᠷ ᠦᠨ ᠬᠢ ᠪᠡᠨ ᠰᠤᠳᠤᠯᠭᠠᠨ ‍ᠣ ᠪᠦᠲᠦᠬᠡᠯ ᠪᠤᠯᠬᠤ ᠢᠵᠠᠭᠤᠷ ᠬᠢᠲᠠᠳ ᠦᠰᠦᠭ ᠦᠨ ᠬᠡᠢᠬᠦᠯᠦᠭᠴᠢ ᠠᠪᠢᠶᠠᠨ ‍ᠣ ᠰᠢᠰᠲ᠋ᠧᠮ The Consonantal System of Old Chinese︶ᠭᠡᠬᠦ ᠨᠤᠮ ᠳᠠᠭᠠᠨ ᠬᠠᠪᠰᠤᠷᠠᠯᠳ᠋ᠨ ᠮᠠᠶ᠋ᠢᠭ ᠢᠶᠠᠷ ᠤᠷᠤᠭᠤᠯᠤᠭᠰᠠᠨ ᠪᠠᠢᠨ᠎ᠠ᠃    
   ᠳᠡᠭᠡᠷᠡᠬᠢ ᠵᠦᠢᠯ ᠡᠴᠡ ᠬᠠᠷᠠᠬᠤ ᠳᠤ᠂ ᠲᠠᠺᠢᠭᠠᠪᠠ ᠺᠠᠮᠢᠲ᠋ᠠᠷᠤᠤ ᠦᠨ ᠦᠵᠡᠯᠳ᠋ᠨ ᠢᠶᠡᠷ ᠪᠤᠯ 蘢ᠨᠢ ᠬᠢᠲᠠᠳ ᠬᠡᠯᠡᠨ ᠳᠦ ᠭᠠᠯᠢᠭᠴᠢᠯᠠᠨ ᠪᠠᠭᠤᠯᠭᠠᠭᠰᠠᠨ ᠾᠦᠩᠨᠦ ᠦᠬᠡ ᠭᠡᠰᠡᠨ ᠨᠢ ᠲᠤᠳᠤᠷᠬᠠᠢ᠃   
  3.ᠮᠤᠩᠭᠤᠯ ᠤᠯᠤᠰ ᠤᠨ ᠶᠡᠬᠡ ᠰᠤᠷᠭᠠᠭᠤᠯᠢ ᠶᠢᠨ ᠵᠦᠪᠯᠡᠬᠦ ᠫᠷᠦᠹᠧᠰᠰᠦᠷ ᠷᠠᠪᠳᠠᠨ ᠪᠠᠭᠰᠢ ᠶᠢᠨ ᠬᠤᠪᠢ ᠶᠢᠨ ᠮᠠᠲ᠋ᠧᠷᠢᠶᠠᠯ ᠠᠴᠠ ᠦᠵᠡᠪᠡᠯ᠂ ᠮᠤᠩᠭᠤᠯ ᠤᠯᠤᠰ ᠤᠨ ᠨᠤᠲᠤᠭ ᠳᠡᠪᠢᠰᠭᠡᠷ ᠲᠦ ᠤᠳᠤᠬᠠᠨ ᠪᠦᠷᠢᠳᠬᠡᠭᠰᠡᠨ ᠭᠠᠵᠠᠷ ᠤᠰᠤᠨ ‍ᠣ ᠨᠠᠷ᠎ᠠ ᠳᠤᠲᠤᠷ᠎ᠠ᠂ ᠯᠦᠨ ᠪᠤᠶᠤ ᠯᠦᠩ ᠭᠡᠰᠡᠨ ᠲᠠᠭᠤᠳᠠᠯᠭ᠎ᠠ ᠲᠠᠢ᠂ ᠠᠭᠤᠯᠨ᠂ ᠲᠤᠯᠤᠭᠠᠢ᠂ ᠬᠤᠤᠨᠳᠤᠭ ᠭᠡᠳ ᠬᠤᠷᠢᠨ ᠳᠤᠯᠤᠭᠠᠨ ᠭᠠᠵᠠᠷ ᠪᠤᠢ ᠠᠵᠠᠢ᠂ ᠠᠷᠤᠬᠠᠩᠭᠠᠢ ᠠᠢᠮᠠᠭ ᠤᠨ ᠬᠠᠷᠠᠬᠤᠷᠢᠨ ᠠᠴᠠ ᠳᠤᠭᠤᠭᠰᠢ 5 ᠺᠢᠯᠥᠮᠸ᠋ᠲᠷ ᠤᠷᠴᠢᠮ᠂ ᠤᠷᠬᠤᠨ ᠭᠤᠤᠯ ᠤᠨ ᠵᠡᠬᠦᠨ ᠡᠷᠬᠢ︵ ᠬᠠᠰᠢᠶᠠᠲᠤ ᠰᠤᠮᠤᠨ ‍ᠣ ᠨᠤᠲᠤᠭ ᠳᠡᠪᠢᠰᠬᠡᠷ ᠲᠦ︶ᠯᠦᠨ ᠲᠤᠯᠤᠭᠠᠢ ᠭᠡᠵᠤ ᠪᠠᠢᠭ᠎ᠠ ᠨᠢ ᠡᠷᠲᠡᠨ ‍ᠣ ᠬᠢᠲᠠᠳ ᠲᠡᠥᠬᠡᠴᠢᠳ ᠦᠨ ᠲᠡᠮᠳᠡᠭᠯᠡᠭᠰᠡᠨ ( 蘢城lóng chéng) ᠪᠠᠢᠬᠤ ᠪᠤᠯᠪᠠ ᠦᠦ ᠬᠡᠮᠡᠨ ᠪᠢᠳᠡ ᠲᠠᠭᠠᠮᠠᠭᠯᠠᠵᠤ ᠪᠠᠢᠨ᠎ᠠ᠂ 2017 ᠤᠨ ᠳᠤ᠂ ᠮᠤᠩᠭᠤᠯ ᠤᠯᠤᠰ ᠲᠤᠮᠳᠠᠳᠤ ᠤᠯᠤᠰ ᠤᠨ ᠬᠠᠮᠲᠤᠷᠠᠭᠰᠠᠨ ᠠᠷᠬᠢᠯᠦᠬᠢ ᠶᠢᠨ ᠠᠵᠢᠯᠯᠠᠭᠠᠨ ᠳᠤ᠂ ᠤᠷᠬᠤᠨ ᠭᠤᠤᠯ ᠤᠨ ᠬᠦᠨᠳᠠᠢ ᠠᠴᠠ ᠲᠤᠮᠤ ᠬᠡᠯᠪᠡᠷᠢ ᠶᠢᠨ ᠪᠠᠷᠢᠯᠭ᠎ᠠ ᠪᠠᠢᠭᠤᠯᠤᠮᠵᠢ ᠤᠯᠳᠠᠭᠰᠠᠨ ᠪᠠᠢᠳᠠᠭ᠂ ᠡᠬᠦᠨ ᠢ ᠡᠷᠳᠡᠮᠲᠡᠳ ᠰᠤᠳᠤᠯᠭᠠᠴᠢᠳ᠂ ᠾᠦᠩᠨᠦ ᠶᠢᠨ ᠱᠠᠨ ᠢᠥᠢ ᠶᠢᠨ ᠯᠦᠩ ᠬᠤᠳ᠋ᠨ ᠪᠠᠢᠬᠤ ᠮᠠᠭᠠᠳᠯᠠᠯ ᠶᠡᠬᠡ ᠪᠠᠢᠨ᠎ᠠ ᠬᠡᠵᠤ ᠤᠯᠠᠨ ᠨᠡᠢᠳ᠋ᠨ ᠳᠦ ᠵᠠᠷᠯᠠᠵᠤ ᠪᠠᠢᠪᠠ᠂ ᠤᠷᠬᠤᠨ ᠭᠤᠤᠯ ᠤᠨ ᠬᠦᠨᠳᠠᠢ ᠨᠢ ᠾᠦᠩᠨᠦ ᠶᠢᠨ ᠱᠠᠨ ᠢᠥᠢ ᠶᠢᠨ ᠦᠷᠬᠦᠭᠡ ᠪᠠᠢᠭᠰᠠᠨ ᠭᠡᠵᠤ ᠡᠷᠳᠡᠮᠲᠡᠳ ᠰᠤᠳᠤᠯᠭᠠᠴᠢᠳ ᠦᠵᠡᠳᠡᠭ᠂ ᠪᠢᠳᠡᠨ ᠤ ᠠᠵᠢᠭᠯᠠᠭᠰᠠᠨ ᠢᠶᠠᠷ ᠮᠤᠩᠭᠤᠯ ᠤᠯᠤᠰ ᠲᠤ ᠪᠠᠢᠭ᠎ᠠ ᠬᠤᠷᠢᠨ ᠳᠤᠯᠤᠭᠠᠨ ᠯᠦᠨ ᠪᠤᠶᠤ ᠯᠦᠩ ᠬᠡᠬᠦ ᠭᠠᠵᠠᠷ ᠡᠴᠡ ᠲᠠᠪᠤ ᠨᠢ ᠤᠷᠬᠤᠨ ᠤ ᠬᠦᠨᠳᠠᠢ ᠳᠤ ᠲᠦᠪᠯᠡᠷᠡᠴᠤ ᠪᠠᠢᠨ᠎ᠠ᠃    
  4.ᠠᠷᠤᠬᠠᠩᠭᠠᠢ ᠠᠢᠮᠠᠭ ᠤᠨ ᠦᠨᠳᠦᠷ ᠤᠯᠠᠭᠠᠨ ᠰᠤᠮᠤ ᠳᠠᠬᠢ ᠾᠦᠩᠨᠦ ᠶᠢᠨ ᠱᠠᠨ ᠢᠥᠢ ᠶᠢᠨ ᠪᠤᠯᠠᠰᠢ ᠠᠴᠠ ᠰᠤᠨᠢᠨ ᠳᠦᠷᠰᠦ ᠲᠠᠢ ᠰᠢᠢᠯᠡᠮᠡᠯ ᠤᠯᠳᠠᠵᠠᠢ᠂ ᠢᠷᠪᠢᠰ ᠦᠨ ᠲᠤᠯᠤᠭᠠᠢ ᠴᠤ ᠬᠡᠮᠡᠷ᠂ ᠬᠢᠲᠠᠳ ᠤᠨ ᠯᠤᠤ ᠶᠢᠨ ᠲᠤᠯᠤᠭᠠᠢ ᠴᠤ ᠬᠡᠮᠡᠷ᠂ ᠬᠤᠶᠠᠷ ᠡᠪᠡᠷᠲᠠᠢ᠂ ᠪᠠᠰᠨ ᠵᠢᠬᠦᠷ ᠲᠠᠢ ᠠᠯᠲᠠᠨ ᠰᠢᠢᠯᠡᠮᠡᠯ ᠪᠠᠢᠭᠰᠠᠨ ᠢ ᠪᠠᠷᠤᠭ ᠯᠠ ᠾᠦᠩᠨᠦ ᠶᠢᠨ ᠱᠠᠨ ᠢᠥᠢ ᠶᠢᠨ ᠤᠨᠤᠭᠰᠠᠨ ᠬᠦᠯᠦᠭ ᠤᠨ ᠴᠢᠮᠡᠭᠯᠡᠯ ᠬᠡᠵᠤ ᠪᠠᠢᠨ᠎ᠠ᠂ ᠭᠠᠭᠴᠨ ᠡᠪᠡᠷᠲᠠᠢ ᠶᠠᠩᠬᠢᠷ ᠳᠦᠷᠰᠦ ᠲᠠᠢ ᠮᠦᠩᠬᠦᠨ ᠰᠢᠢᠯᠡᠮᠡᠯ ᠪᠠᠢᠭᠰᠠᠨ ᠢ ᠱᠠᠨ ᠢᠥᠢ ᠶᠢᠨ ᠬᠠᠲᠤᠨ ᠤ ᠤᠨᠤᠭᠰᠠᠨ ᠬᠦᠯᠦᠭ ᠦᠨ ᠴᠢᠮᠡᠭᠯᠡᠯ ᠭᠡᠵᠤ ᠦᠵᠡᠵᠤ ᠪᠠᠢᠨ᠎ᠠ᠂ ᠠᠯᠲᠠᠨ ᠰᠢᠢᠯᠡᠮᠡᠯ ᠳᠡᠭᠡᠷᠡᠬᠢ ᠲᠡᠷᠡᠬᠦ ᠬᠠᠴᠢᠨ ᠠᠮᠢᠲᠠᠨ ᠢ ᠰᠢᠭᠤᠳ ᠯᠤᠤ ᠭᠡᠵᠤ ᠬᠡᠯᠡᠬᠦ ᠳᠦ ᠬᠡᠴᠡᠬᠦᠦ᠃   
  5. ᠲᠦᠷᠦᠭ ᠬᠡᠯᠡᠲᠡᠨ ‍ᠣ ᠭᠡᠬᠦ︽ᠤᠭᠤᠽ ᠤᠨ ᠲᠤᠤᠯᠢ︾ᠳᠤ᠂ ᠤᠭᠤᠽ ᠦᠰᠦᠵᠦ ᠲᠤᠮᠤ ᠪᠤᠯᠤᠮᠠᠭᠴᠨ᠂ ᠺᠢᠶᠠᠭᠠᠳ ᠬᠡᠮᠡᠬᠦ ᠭᠠᠭᠴᠨ ᠡᠪᠡᠷᠲᠠᠢ ᠠᠷᠢᠶᠠᠲᠠᠨ ᠢ ᠠᠯᠠᠳᠠᠭ᠂ ᠤᠭᠤᠽ ᠢ ᠬᠦᠬᠡ ᠰᠠᠷᠠᠯ ᠴᠢᠨᠦ᠎ᠠ ᠳᠠᠭᠠᠭᠤᠯᠵᠤ ᠢᠯᠠᠯᠳ᠋ᠨ ᠠᠴᠠ ᠢᠯᠠᠯᠳ᠋ᠨ ᠳᠤ ᠬᠦᠷᠭᠡᠳᠡᠭ᠂ ᠡᠷᠲᠡᠨ ‍ᠣ ᠬᠢᠲᠠᠳ ᠲᠡᠥᠬᠡᠨ ᠰᠤᠷᠪᠤᠯᠵᠢ ᠳᠤ ᠲᠦᠷᠦᠭ ᠦᠨ ᠡᠪᠦᠭᠡ ᠳᠡᠭᠡᠳᠦᠰ ᠢ ᠴᠢᠨᠦ᠎ᠠ ᠡᠴᠡ ᠭᠠᠷᠤᠯ ᠲᠠᠢ ᠬᠡᠮᠡᠨ ᠲᠡᠮᠳᠡᠭᠯᠡᠭᠰᠡᠨ ᠪᠤᠢ᠃︽᠁ ᠰᠡᠳᠬᠢᠬᠦᠯ᠎ᠠ᠂ ᠡᠨᠡ ᠨᠢ ᠮᠠᠨ ‍ᠣ ᠴᠠᠨ ᠢᠥᠢ ᠶᠢᠨ ᠤᠯᠤᠰ ᠲᠤ ᠮᠢᠩᠭᠠᠨ ᠤᠨ᠂ ᠵᠠᠭᠤᠨ ᠦᠶ᠎ᠡ ᠳᠦ᠁︾ ᠬᠡᠮᠡᠨ᠂ ᠾᠦᠩᠨᠦ ᠶᠢᠨ ᠬᠤᠢᠴᠢᠰ ᠬᠡᠳᠡᠭ ᠢ ᠪᠡᠨ ᠲᠤᠳᠤᠳᠬᠠᠭᠰᠠᠨ ᠴᠢᠩᠬᠢᠰ ᠬᠠᠭᠠᠨ᠂ ᠭᠠᠭᠴᠨ ᠡᠪᠡᠷᠲᠤ ᠪᠢᠯᠢᠭᠲᠦ ᠬᠦᠷᠦᠭᠡᠰᠦ ᠲᠠᠢ ᠶᠠᠷᠢᠯᠴᠠᠵᠤ ᠶᠡᠬᠡ ᠳᠠᠢᠨ ᠠᠴᠠ ᠴᠡᠷᠢᠭ ᠢᠶᠡᠨ ᠲᠠᠲᠠᠭᠰᠠᠨ ᠲᠤᠮᠤᠭ ᠪᠤᠢ᠃ ᠾᠦᠩᠨᠦ ᠶᠢᠨ ᠱᠠᠨ ᠢᠥᠢ ᠶᠢᠨ ᠤᠯᠳᠠᠪᠤᠷᠢ ᠠᠴᠠ ᠭᠠᠷᠤᠭᠰᠠᠨ ᠬᠤᠶᠠᠷ ᠡᠪᠡᠷᠲᠠᠢ ᠠᠮᠢᠲᠠᠨ᠂ ᠭᠠᠭᠴᠨ ᠡᠪᠡᠷᠲᠡᠢ ᠶᠠᠩᠬᠢᠷ ᠢᠶᠡᠷ ᠪᠤᠯ ᠲᠦᠷᠦᠭ ᠦᠳ ᠤᠨ ᠡᠪᠦᠭᠡ ᠳᠡᠭᠡᠳᠦᠰ᠂ ᠾᠦᠩᠨᠦ ᠶᠢᠨ ᠳᠠᠢᠰᠦᠨ ᠪᠠᠢᠵᠤ ᠲᠠᠭᠠᠷᠤᠨ᠎ᠠ᠂ ᠮᠤᠩᠭᠤᠯᠴᠤᠳ ᠴᠢᠨᠦ᠎ᠠ ᠰᠢᠲᠦᠵᠤ ᠳᠡᠭᠡᠳᠦᠯᠡᠵᠤ ᠪᠠᠢᠭᠰᠠᠨ ᠪᠤᠯ ᠾᠦᠩᠨᠦ ᠶᠢᠨ ᠬᠤᠢᠴᠢᠰ ᠪᠢᠰᠢ ᠪᠠᠢᠬᠤ ᠶᠤᠰᠤᠲᠠᠢ᠃ ᠠᠰᠠᠭᠤᠳᠠᠯ ᠮᠠᠰᠢ ᠲᠤᠳᠤᠷᠬᠠᠢ᠂ ᠬᠠᠷᠢᠭᠤᠯᠳ᠋ᠨ ᠨᠢ ᠴᠤ ᠲᠤᠳᠤᠷᠬᠠᠢ᠃   
 



  
     
     