-
2146611
ᠰᠠᠭᠠᠯᠢ ᠰᠢᠮ᠎ᠠ ᠶᠢᠨ ᠤᠷᠤᠯᠭ᠎ᠠ ᠲᠠᠢ ᠲᠡᠨᠢᠭᠦᠬᠡᠨ ᠠᠮᠢᠳᠤᠷᠠᠯ
2019-08-23 12:00
444
0
ᠮᠤᠩᠭᠤᠯᠴᠤᠳ ᠡᠷᠲᠡ ᠳᠡᠭᠡᠷ᠎ᠠ ᠦᠶ᠎ᠠ ᠠᠴᠠ ᠪᠠᠨ ᠡᠬᠡ ᠪᠠᠶᠢᠭᠠᠯᠢ ᠶᠢᠨ ᠦᠭᠭᠢᠶᠠᠮᠦᠷ ᠬᠡᠰᠢᠭ ᠢ ᠲᠠᠪᠠᠲᠠᠢ ᠡᠳ᠋ᠯᠠᠨ᠂ ᠡᠪᠡᠰᠤᠨ ᠤ ᠰᠤᠷᠭᠤᠭ ᠤᠰᠤᠨ ᠤ ᠲᠤᠩᠭᠠᠯᠠᠭ ᠢ ᠲᠠᠭᠠᠨ ᠲᠠᠪᠤᠨ ᠬᠤᠰᠢᠭᠤ ᠮᠠᠯ ᠢᠶᠠᠨ ᠮᠠᠯᠵᠢᠵᠤ᠂ ᠰᠦ ᠰᠠᠭᠠᠯᠢ ᠶᠢ ᠨᠢ ᠠᠪᠴᠤ ᠲᠡᠭᠦᠨ ᠢᠶᠠᠷ ᠢᠶᠠᠨ ᠠᠳᠠᠯᠢ ᠪᠤᠰᠤ ᠦᠨᠦᠷ ᠠᠮᠲᠠ ᠲᠠᠢ ᠤᠯᠠᠨ ᠲᠦᠷᠤᠯ ᠤᠨ ᠴᠠᠭᠠᠨ ᠢᠳᠡᠭᠡ ᠪᠤᠯᠪᠠᠰᠤᠷᠠᠭᠤᠯᠵᠤ ᠢᠷᠡᠭᠰᠡᠨ ᠨᠢ ᠭᠠᠶᠢᠬᠠᠯᠲᠠᠢ ᠪᠢᠯᠡ᠃ ᠬᠠᠷᠢᠨ ᠤᠳᠤ ᠪᠤᠯᠬᠤ ᠳᠤ ᠮᠤᠩᠭᠤᠯᠴᠤᠳ ᠡᠳᠡᠭᠡᠷ ᠤᠯᠠᠮᠵᠢᠯᠠᠯᠲᠤ ᠢᠳᠡᠭᠡᠨ ᠤᠮᠳᠠᠭᠠᠨ ᠢᠶᠠᠨ ᠠᠮᠰᠠᠵᠤ ᠵᠤᠭᠤᠭᠯᠠᠳᠠᠭ ᠪᠤᠯᠪᠠᠴᠤ ᠬᠡᠷᠬᠢᠨ ᠪᠤᠯᠪᠠᠰᠤᠷᠠᠭᠤᠯᠳᠠᠭ᠂ ᠶᠠᠮᠠᠷᠬᠠᠨ ᠶᠠᠪᠤᠴᠠ ᠪᠠᠷ ᠪᠤᠯᠪᠠᠰᠤᠷᠠᠭᠤᠯᠵᠤ ᠭᠠᠷᠭᠠᠳᠠᠭ ᠢ ᠲᠡᠳᠦ᠋ᠢᠯᠡ ᠲᠤᠳᠤᠷᠬᠠᠢ ᠮᠡᠳᠡᠬᠦ ᠦᠭᠡᠢ ᠪᠤᠯᠵᠠᠢ᠃
ᠠᠵᠠ ᠲᠠᠭᠠᠷᠠᠵᠤ᠂ ᠠᠶᠢᠷᠠᠭ ᠴᠠᠭ᠎ᠠ ᠱᠠᠭᠢᠵᠤ᠂ ᠠᠭᠠᠷᠴᠠ ᠬᠤᠷᠤᠳ ᠤᠨ ᠦᠨᠦᠷ ᠬᠠᠨᠭ᠍ᠬᠤᠯᠤᠭᠰᠠᠨ ᠳᠡᠯᠭᠡᠷ ᠵᠤᠨ ᠢᠶᠠᠷ ᠪᠢᠳᠡ ᠠᠷᠤ ᠬᠤᠷᠴᠢᠨ ᠬᠤᠰᠢᠭᠤᠨ ᠤ ᠬᠠᠨᠰᠦ᠋ᠮ᠎ᠠ ᠰᠤᠮᠤ ᠶᠢᠨ ᠵᠢᠷᠦᠭᠡ ᠭᠠᠴᠠᠭ᠎ᠠ ᠶᠢᠨ ᠮᠠᠯᠴᠢᠨ ᠰᠡᠴᠡᠨᠪᠠᠲᠤ ᠶᠢᠨ ᠬᠢᠨ ᠳᠤ ᠪᠠᠭᠤᠬᠤ ᠳᠤ ᠲᠡᠳᠡᠨ ᠤ ᠬᠢᠨ ᠶᠠᠭ ᠰᠢᠷ᠎ᠠ ᠲᠤᠰᠤ ᠰᠢᠷᠭᠠᠭᠠᠵᠤ ᠪᠠᠶᠢᠬᠤ ᠲᠠᠢ ᠲᠠᠭᠠᠷᠠᠯᠳᠤᠭᠰᠠᠨ ᠪᠢᠯᠡ᠃ ᠡᠶᠢᠨ ᠬᠦ ᠪᠢᠳᠡ ᠴᠤᠯᠤ ᠪᠠᠶᠢᠭᠠᠯᠢᠯᠢᠭ ᠰᠢᠷ᠎ᠠ ᠲᠤᠰᠤ ᠶᠢ ᠬᠡᠷᠬᠢᠨ ᠰᠢᠷᠭᠠᠭᠠᠵᠤ ᠪᠤᠯᠪᠠᠰᠤᠷᠠᠭᠤᠯᠬᠤ ᠲᠤᠬᠠᠢ ᠪᠠᠶᠠᠴᠢᠯᠡᠨ ᠤᠢᠢᠯᠠᠭᠠᠭᠰᠠᠨ ᠶᠤᠮ᠃
ᠰᠢᠷ᠎ᠠ ᠲᠤᠰᠤ ᠭᠡᠳᠡᠭ ᠪᠤᠯ ᠵᠦᠭᠡᠭᠡᠢ ︵ᠲᠦᠭᠦᠭᠡᠢ ᠦᠷᠦᠮ᠎ᠠ︶᠂ ᠴᠠᠭᠠᠨ ᠲᠤᠰᠤ ᠪᠠᠨ ᠲᠤᠭᠤᠭᠠᠨ ᠳᠤ ᠭᠢᠵᠤ ᠬᠠᠶᠢᠯᠤᠭᠤᠯᠤᠭᠠᠳ ᠢᠯᠭᠠᠷᠠᠭᠤᠯᠵᠤ ᠠᠪᠳᠠᠭ ᠴᠡᠪᠡᠷ ᠲᠤᠩᠭᠠᠯᠠᠭ ᠰᠢᠷ᠎ᠠ ᠦᠡᠭᠭᠡᠲᠡᠢ ᠰᠢᠩᠭᠡᠨ ᠪᠤᠳᠠᠰ ᠢ ᠬᠡᠯᠡᠳᠡᠭ᠃ ᠮᠤᠩᠭᠤᠯᠴᠤᠳ ᠰᠢᠷ᠎ᠠ ᠲᠤᠰᠤ ᠶᠢ ᠬᠤᠶᠠᠷ ᠵᠦᠢᠯ ᠤᠨ ᠠᠷᠭ᠎ᠠ ᠪᠠᠷ ᠰᠢᠷᠭᠠᠭᠠᠳᠠᠭ᠃ ᠨᠢᠭᠡ ᠨᠢ ᠰᠦ ᠪᠠᠷ ᠠᠶᠢᠷᠠᠭ ᠪᠦᠯᠢᠵᠤ᠂ ᠴᠠᠭᠠᠨ ᠲᠤᠰᠤ ᠶᠢ ᠨᠢ ᠢᠯᠭᠠᠷᠠᠭᠤᠯᠤᠨ ᠠᠪᠤᠭᠠᠳ ᠲᠡᠭᠦᠨ ᠢᠶᠠᠨ ᠬᠠᠶᠢᠯᠤᠭᠤᠯᠵᠤ ᠰᠢᠷ᠎ᠠ ᠲᠤᠰᠤ ᠰᠢᠷᠭᠠᠭᠠᠨ ᠠᠪᠳᠠᠭ᠃ ᠨᠦᠭᠦᠭᠡ ᠨᠢ ᠦᠷᠦᠮ᠎ᠠ ᠪᠠᠨ ᠡᠷᠴᠢᠭᠡᠨ ᠬᠠᠶᠢᠯᠤᠭᠤᠯᠵᠤ ᠰᠢᠷ᠎ᠠ ᠲᠤᠰᠤ ᠰᠢᠷᠭᠠᠭᠠᠨ ᠠᠪᠳᠠᠭ᠃ ᠳᠠᠷᠤᠢ ᠦᠷᠦᠮ᠎ᠠ ᠪᠠᠨ ᠬᠠᠮᠤᠵᠤ ᠰᠠᠶᠢᠮᠡᠬᠡᠢ ᠪᠦᠰ ᠤᠭᠤᠲᠠᠨ ᠳᠤ ᠬᠢᠵᠤ ᠱᠦᠭᠦᠷᠡᠭᠦᠯᠤᠨᠠ᠃ ᠳᠠᠷᠠᠭ᠎ᠠ ᠨᠢ ᠱᠦᠬᠦᠷᠡᠭᠰᠡᠨ ᠦᠷᠦᠮ᠎ᠠ ᠪᠠᠨ ᠲᠤᠭᠤᠭᠠᠨ ᠳᠤ ᠬᠢᠵᠤ ᠭᠠᠨᠭ᠍ᠵᠤᠨ ᠮᠤᠳᠤ ᠪᠠᠷ ᠨᠢᠭᠡ ᠯᠡ ᠴᠢᠭᠯᠡᠯ ᠢᠶᠠᠷ ᠡᠷᠭᠢᠬᠦᠯᠦᠨ ᠬᠤᠳᠬᠤᠵᠤ ᠤᠢᠷᠦᠮᠠ ᠪᠠᠨ ᠡᠷᠴᠢᠭᠡᠨᠠ᠃ ᠦᠷᠦᠮ᠎ᠠ ᠰᠠᠶᠢᠬᠠᠨ ᠡᠷᠴᠢᠭᠰᠡᠨ ᠤ ᠳᠠᠷᠠᠭ᠎ᠠ ᠭᠦᠢᠲᠡᠨ ᠤᠰᠤ ᠬᠢᠵᠤ ᠦᠷᠦᠮ᠎ᠠ ᠪᠠᠨ ᠠᠭᠰᠢᠭᠠᠵᠤ ᠪᠠᠵᠢᠵᠤ ᠠᠪᠤᠨ᠎ᠠ᠃ ᠳᠠᠷᠠᠭ᠎ᠠ ᠨᠢ ᠲᠤᠭᠤᠭᠠᠨ ᠳᠤ ᠬᠢᠵᠤ ᠵᠦᠭᠡᠯᠡᠨ ᠭᠠᠯ ᠢᠶᠠᠷ ᠴᠠᠭ ᠰᠢᠬᠠᠮ ᠪᠤᠴᠠᠯᠭᠠᠵᠤ᠂ ᠵᠦᠭᠡᠯᠡᠨ ᠰᠠᠮᠤᠷᠴᠤ᠂ ᠰᠢᠷ᠎ᠠ ᠲᠤᠰᠤ ᠪᠠᠨ ᠰᠢᠷᠭᠠᠭᠠᠨ ᠠᠪᠳᠠᠭ᠃
︽ᠰᠠᠶᠢᠬᠠᠨ ᠰᠢᠷ᠎ᠠ ᠲᠤᠰᠤ ᠨᠢ ᠬᠢᠬᠦ ᠶᠠᠪᠤᠴᠠ ᠲᠠᠢ ᠬᠤᠯᠪᠤᠭᠳᠠᠬᠤ ᠪᠠᠷ ᠪᠠᠷᠠᠬᠤ ᠦᠭᠡᠢ ᠦᠨᠢᠶᠠᠨ ᠤ ᠪᠠᠯᠴᠢᠭᠡᠷ ᠤᠰᠤ᠂ ᠲᠠᠷᠭᠤ ᠬᠦᠴᠤ ᠲᠠᠢ ᠴᠤ ᠨᠢᠭᠲᠠ ᠬᠤᠯᠪᠤᠭ᠎ᠠ ᠲᠠᠢ ᠪᠠᠶᠢᠳᠠᠭ᠂ ᠪᠡᠯᠴᠢᠭᠡᠷ ᠤᠰᠤ ᠲᠠᠩᠴᠠᠵᠤ᠂ ᠲᠠᠷᠭᠤ ᠬᠦᠴᠤ ᠰᠠᠶᠢᠨ ᠦᠨᠢᠶᠠᠨ ᠤ ᠰᠦ ᠪᠠᠷ ᠰᠢᠷᠭᠠᠭᠠᠭᠰᠠᠨ ᠰᠢᠷ᠎ᠠ ᠲᠤᠰᠤ ᠨᠢ ᠴᠤ ᠰᠢᠨ᠎ᠠ ᠰᠤᠷᠭᠤᠭ᠂ ᠦᠨᠦᠷ ᠠᠮᠲᠠ ᠨᠢ ᠰᠠᠶᠢᠬᠠᠨ ᠪᠤᠯᠳᠠᠭ᠃ ᠮᠠᠨ ᠤ ᠰᠢᠷ᠎ᠠ ᠲᠤᠰᠤ ᠴᠤᠯᠤ ᠪᠠᠶᠢᠭᠠᠯᠢᠯᠢᠭ ᠪᠤᠯᠬᠤᠷ ᠬᠦᠮᠦᠰ ᠲᠤ ᠶᠡᠭᠡ ᠲᠠᠭᠠᠯᠠᠭᠳᠠᠳᠠᠭ ᠶᠤᠮ᠃ ᠬᠦᠷᠰᠢ ᠵᠡᠷᠭᠡᠯᠡᠳᠡᠭᠡ᠂ ᠬᠤᠯᠠ ᠤᠢᠢᠷ᠎ᠠ ᠶᠢᠨ ᠲᠠᠨᠢᠬᠤ ᠲᠠᠨᠢᠬᠤ ᠦᠭᠡᠢ ᠬᠦᠮᠦᠰ ᠤᠪᠤᠨ ᠴᠤᠪᠤᠨ ᠢᠷᠡᠭᠡᠳ ᠠᠪᠤᠭᠠᠳ ᠯᠡ ᠶᠠᠪᠤᠳᠠᠭ︾ ᠭᠡᠵᠤ ᠬᠠᠳᠠᠮ ᠡᠵᠢ᠂ ᠪᠡᠷᠢ ᠬᠤᠶᠠᠭᠤᠯᠠ ᠰᠢᠷ᠎ᠠ ᠲᠤᠰᠤ ᠪᠠᠨ ᠰᠢᠷᠭᠠᠭᠠᠬᠤ ᠶᠢᠨ ᠳᠠᠭᠠᠤ ᠪᠠᠶᠠᠷᠲᠠᠶᠢᠬᠠᠨ ᠶᠠᠷᠢᠯᠴᠠᠨ᠎ᠠ᠃
ᠰᠡᠴᠡᠨᠪᠠᠲᠤ ᠶᠢᠨ ᠬᠢ 120 ᠰᠢᠬᠠᠮ ᠦᠭᠡᠷ ᠲᠠᠢ᠃ ᠡᠨᠡ ᠵᠢᠯ ᠵᠢᠷᠠᠨ ᠬᠡᠳᠤᠨ ᠦᠨᠢᠶ᠎ᠠ ᠲᠤᠭᠤᠯᠯᠠᠵᠤ᠂ ᠠᠷᠪᠠᠭᠠᠳ ᠢ ᠨᠢ ᠰᠠᠭᠠᠵᠤ᠂ ᠰᠦ ᠰᠠᠭᠠᠯᠢ ᠠᠪᠴᠤ᠂ ᠰᠢᠷ᠎ᠠ ᠲᠤᠰᠤ ᠰᠢᠷᠭᠠᠭᠠᠨ ᠠᠪᠴᠤ ᠪᠠᠶᠢᠭ᠎ᠠ ᠨᠢ ᠡᠨᠡ ᠠᠵᠢ᠃ ᠡᠳᠡᠨ ᠤ ᠬᠢ ᠵᠢᠯ ᠳᠤ ᠪᠠᠷᠤᠭ 70-80 ᠵᠢᠩ ᠰᠢᠷ᠎ᠠ ᠲᠤᠰᠤ ᠰᠢᠷᠭᠠᠭᠠᠵᠤ᠂ ᠵᠢᠩ ᠪᠦᠷᠢ ᠶᠢ 70 ᠲᠦᠬᠦᠷᠢᠭ ᠢᠶᠠᠷ ᠬᠤᠳᠠᠯᠳᠤᠳᠠᠭ᠃ ᠬᠤᠷᠤᠳ ᠪᠠ ᠰᠢᠷ᠎ᠠ ᠲᠤᠰᠤᠨ ᠤ ᠪᠤᠷᠤᠯᠠᠭᠤᠯᠭ᠎ᠠ ᠶᠢᠨ ᠤᠷᠤᠯᠭ᠎ᠠ ᠨᠢ ᠰᠠᠷ᠎ᠠ ᠳᠤ 5000-6000 ᠲᠦᠬᠦᠷᠢᠭ ᠲᠤ ᠬᠦᠷᠴᠤ᠂ ᠵᠢᠯ ᠳᠤ 5- 6 ᠲᠦᠮᠡᠨ ᠲᠦᠬᠦᠷᠢᠭ ᠲᠤ ᠬᠦᠷᠳᠡᠭ᠃
ᠤᠬᠠᠭᠠᠨ ᠢᠶᠠᠷ ᠬᠦᠯᠵᠢᠵᠤ᠂ ᠬᠦᠳᠡᠯᠮᠦᠷᠢ ᠪᠠᠷ ᠢᠶᠠᠨ ᠬᠦᠷᠦᠩᠭᠡᠵᠢᠳᠡᠭ ᠨᠢ ᠮᠠᠯᠴᠢᠨ ᠤᠬᠠᠭᠠᠨ᠂ ᠮᠠᠯ ᠤᠨ ᠠᠰᠢᠭ ᠰᠢᠮ᠎ᠠ ᠪᠠᠷ ᠢᠶᠠᠨ ᠪᠠᠶᠠᠨ ᠲᠠᠩᠰᠤᠭ ᠠᠮᠢᠳᠤᠷᠠᠬᠤ ᠨᠢ ᠮᠠᠯᠴᠢᠨ ᠬᠦᠮᠦᠨ ᠤ ᠵᠢᠷᠭᠠᠯ᠃ ᠰᠡᠴᠡᠨᠪᠠᠲᠤ ᠶᠢᠨ ᠬᠢ ᠢᠡᠭᠭᠢᠵᠤ ᠯᠡ ᠠᠷᠢᠭᠤᠨ ᠴᠠᠭᠠᠨ ᠬᠦᠳᠡᠯᠮᠦᠷᠢ ᠪᠠᠷ ᠢᠶᠠᠨ ᠦᠨᠢᠷ ᠲᠠᠩᠰᠤᠭ ᠠᠮᠢᠳᠤᠷᠠᠯ ᠢᠶᠠᠨ ᠴᠤᠭᠴᠠᠯᠠᠵᠤ ᠶᠠᠪᠤᠭ᠎ᠠ ᠠᠵᠢ᠃ ᠪᠦᠰᠡᠭᠦᠢ ᠨᠢ ᠭᠡᠷ ᠤᠨ ᠭᠠᠳᠠᠨ᠎ᠠ ᠳᠤᠲᠤᠨᠠᠬᠢ ᠠᠵᠢᠯ ᠳᠤ ᠪᠤᠷᠪᠢ ᠪᠤᠬᠢᠰᠬᠢᠯ ᠦᠭᠡᠢ ᠶᠠᠭᠠᠷᠠᠬᠤ ᠳᠤ ᠰᠡᠴᠡᠨᠪᠠᠲᠤ ᠴᠦ ᠵᠢᠷᠦᠭᠡ ᠭᠠᠴᠠᠭ᠎ᠠ ᠶᠢᠨ ᠢᠶᠠᠨ ᠨᠠᠮ ᠤᠨ ᠡᠭᠦᠷ ᠤᠨ ᠱᠦᠵᠢ ᠶᠢᠨ ᠲᠤᠰᠢᠶᠠᠯ ᠢ ᠬᠠᠷᠢᠭᠤᠴᠠᠵᠤ᠂ ᠭᠠᠴᠠᠭ᠎ᠠ ᠶᠢᠨ ᠮᠠᠯᠴᠢᠨ ᠲᠦᠮᠡᠨ ᠢᠶᠠᠨ ᠳᠠᠭᠠᠭᠤᠯᠤᠨ ᠶᠠᠳᠠᠭᠤ ᠠᠴᠠ ᠠᠩᠭᠢᠵᠢᠷᠠᠬᠤ ᠪᠠᠷ ᠪᠤᠷᠪᠢ ᠪᠤᠬᠢᠰᠬᠢᠯ ᠦᠭᠡᠢ ᠶᠠᠭᠠᠷᠠᠨ᠎ᠠ᠃ ᠤᠨᠴᠠᠯᠠᠨ ᠳᠤᠷᠠᠳᠤᠭᠤᠰᠢᠲᠠᠢ ᠨᠢ ᠰᠡᠴᠡᠨᠪᠠᠲᠤ 2017 ᠤᠨ ᠳᠤ ᠦᠪᠡᠷᠲᠡᠭᠡᠨ ᠵᠠᠰᠠᠬᠤ ᠤᠷᠤᠨ ᠤ ᠦᠨᠳᠦᠰᠦᠲᠡᠨ ᠤ ᠪᠦᠯᠬᠦᠮᠳᠡᠯ ᠳᠠᠪᠰᠢᠯᠲᠠ ᠶᠢᠨ ᠲᠡᠷᠢᠭᠦᠨ ᠤ ᠬᠤᠪᠢ ᠬᠦᠮᠦᠨ ᠢᠶᠠᠷ ᠰᠤᠩᠭᠤᠭᠳᠠᠵᠤ᠂ ᠲᠤᠬᠠᠢ ᠶᠢᠨ ᠵᠢᠯ ᠳᠤ ᠦᠪᠡᠷᠲᠡᠭᠡᠨ ᠵᠠᠰᠠᠬᠤ ᠤᠷᠤᠨ ᠪᠠᠶᠢᠭᠤᠯᠤᠭᠳᠠᠭᠰᠠᠨ 70 ᠵᠢᠯ ᠤᠨ ᠤᠢ ᠶᠢ ᠪᠡᠯᠭᠡᠯᠡᠬᠦ ᠵᠩᠡ ᠬᠤᠷᠠᠯ ᠳᠡᠭᠡᠷ᠎ᠠ ᠴᠦᠭᠡᠨ ᠲᠤᠭᠠᠲᠤ ᠦᠨᠳᠦᠰᠦᠲᠡᠨ ᠤ ᠤᠯᠠᠨ ᠲᠦᠮᠡᠨ ᠢᠶᠠᠨ ᠲᠦᠯᠦᠭᠡᠯᠡᠨ ᠦᠭᠡ ᠬᠡᠯᠡᠭᠰᠡᠨ ᠴᠤᠷ ᠤᠨ ᠭᠠᠭᠴᠠ ᠲᠦᠯᠦᠭᠡᠯᠡᠭᠴᠢ ᠪᠤᠯᠬᠤ ᠶᠤᠮ᠃
ᠦᠨᠳᠦᠷ ᠨᠠᠰᠤᠲᠠᠢ ᠠᠪᠤ ᠡᠵᠢ ᠪᠠᠨ ᠠᠰᠠᠷᠠᠨ᠂ ᠦᠷ᠎ᠠ ᠬᠡᠤᠭᠡᠳ ᠢᠶᠠᠨ ᠰᠤᠷᠭᠠᠭᠤᠯᠢ ᠰᠤᠶᠤᠯ ᠤᠨ ᠮᠦᠷ ᠬᠦᠭᠡᠭᠡᠯᠭᠡᠭᠰᠡᠨ ᠡᠳᠡᠨ ᠤ ᠠᠮᠢᠳᠤᠷᠠᠯ ᠠᠴᠠ ᠰᠢᠷ᠎ᠠ ᠲᠤᠰᠤᠨ ᠤ ᠰᠠᠶᠢᠬᠠᠨ ᠦᠨᠦᠷ ᠬᠠᠨᠭ᠍ᠬᠤᠯᠤᠨ ᠠᠵᠠ ᠵᠢᠷᠭᠠᠯ ᠤᠨ ᠢᠨᠢᠶᠠᠳᠤ ᠬᠦᠷ ᠴᠤᠤᠷᠢᠶᠠᠳᠤᠨ᠎ᠠ ᠁
ᠵᠣᠬᠢᠶᠠᠭᠴᠢ᠄ ᠦᠨᠢᠷ ᠯᠢ ᠰᠠᠷᠠᠭᠤᠯ ᠮᠦᠷᠡᠨ