-
138786
ᠨᠠᠪᠴᠢᠰ ᠡᠪᠡᠳᠦᠳᠡᠭ ᠭᠡᠨ᠎ᠡ
2018-10-27 10:33
325
1
ᠨᠠᠪᠴᠢᠰ ᠡᠪᠡᠳᠦᠳᠡᠭ ᠭᠡᠨ᠎ᠡ
ᠨᠠᠪᠴᠢᠰ ᠡᠪᠡᠳᠦᠳᠡᠭ ᠭᠡᠨ᠎ᠡ
ᠨᠠᠮᠠᠭᠠᠨ ᠠᠴᠠ ᠪᠡᠨ ᠰᠠᠯᠬᠤ ᠳ᠋ᠥ
ᠬᠤᠶᠠᠷ ᠡᠪᠡᠳᠦᠳᠡᠭ ᠭᠡᠨ᠎ᠡ
ᠳᠠᠰᠤᠷᠴᠤ ᠤᠶᠢᠴᠢᠬᠤ ᠳ᠋ᠥ
ᠡᠰᠢ ᠨᠢ ᠨᠢᠭᠡ ᠡᠪᠡᠳᠦᠳᠡᠭ ᠭᠡᠨ᠎ᠡ
ᠳᠠᠬᠢᠵᠤ ᠳᠡᠯᠭᠡᠬᠦ ᠦᠭᠡᠢ ᠭᠡᠵᠤ
ᠡᠯᠢᠭᠡ ᠨᠢ ᠨᠢᠭᠡ ᠡᠪᠡᠳᠦᠳᠡᠭ ᠭᠡᠨ᠎ᠡ
ᠨᠠᠪᠴᠢᠰ ᠡᠪᠡᠳᠦᠳᠡᠭ ᠭᠡᠨ᠎ᠡ
ᠨᠠᠮᠤᠷ ᠤᠨ ᠴᠡᠪᠳᠡᠭ ᠬᠦᠷᠦᠰᠦᠨ ᠳᠡᠭᠡᠷ᠎ᠡ ᠤᠨᠠᠵᠤ
ᠪᠠᠰᠠ ᠬᠤᠶᠠᠷ ᠡᠪᠡᠳᠦᠳᠡᠭ ᠭᠡᠨ᠎ᠡ
ᠳᠤᠷᠭᠢᠲᠠᠯᠠ ᠳᠤᠰᠴᠤ
ᠰᠤᠳᠠᠰᠤ ᠨᠢ ᠨᠢᠭᠡ ᠡᠪᠡᠳᠦᠳᠡᠭ ᠭᠡᠨ᠎ᠡ
ᠳᠤᠰᠤᠯ ᠰᠢᠭ᠋ ᠰᠢᠩᠭᠡᠴᠢᠬᠡᠨᠡ ᠭᠡᠵᠤ
ᠵᠢᠷᠦᠬᠡ ᠨᠢ ᠨᠢᠭᠡ ᠡᠪᠡᠳᠦᠳᠡᠭ ᠭᠡᠨ᠎ᠡ
ᠨᠠᠪᠴᠢᠰ ᠢ ᠬᠠᠷᠠᠭᠠᠳ
ᠬᠦᠮᠦᠨ ᠪᠠᠰᠠ ᠡᠪᠡᠳᠦᠳᠡᠭ ᠭᠡᠨ᠎ᠡ
ᠰᠠᠯᠬᠤ ᠶᠢᠨ ᠭᠡᠴᠡᠭᠦᠦ ᠶᠢ ᠮᠡᠳᠡᠷᠡᠵᠤ
ᠬᠥᠭᠡᠷᠦᠬᠦᠶᠢᠯᠡᠵᠤ ᠨᠢᠭᠡ ᠡᠪᠡᠳᠦᠳᠡᠭ ᠭᠡᠨ᠎ᠡ
ᠰᠠᠨᠠᠭ᠎ᠠ ᠪᠠᠷ ᠪᠤᠯᠳᠠᠭ ᠦᠭᠡᠢ ᠶᠢ ᠲᠠᠨᠢᠵᠤ
ᠭᠠᠩᠰᠠᠷᠠᠵᠤ ᠨᠢᠭᠡ ᠡᠪᠡᠳᠦᠳᠡᠭ ᠭᠡᠨ᠎ᠡ
2018.10.22
ᠰᠢᠯᠢ ᠶᠢᠨ ᠬᠤᠳᠠ ᠳ᠋ᠥ
-
2018-10-27
windows ᠶᠢᠨ ᠰᠢᠨ᠎ᠡ ᠪᠠᠷ ᠳᠡᠭᠡᠷ᠎ᠡ ᠰᠢᠭᠤᠳ ᠪᠢᠴᠢᠭᠡᠳ ᠪᠤᠯᠴᠢᠬᠠᠵᠤ ᠰᠢᠳᠡ ᠂ ᠂ ᠂ ᠭᠤᠶᠤ ᠡ