-
9763
ᠠᠮᠠᠷᠠᠭ ᠨᠤᠮ
2016-02-23 20:55
235
2
ᠤᠶᠤᠳᠠᠨ ᠠᠬᠤᠢ ᠶᠢᠨ ᠠᠩᠬᠠᠨ ᠤ ᠡᠳᠤᠷ ᠤᠳ ᠲᠤ
ᠤᠷᠤᠭᠰᠢᠯᠠᠬᠤ ᠬᠦᠴᠦᠨ ᠦ ᠤᠭᠤᠰᠤᠷ ᠲᠠᠰᠤᠷᠠᠬᠤ ᠳᠤ
ᠤᠮᠤᠭᠤᠯᠠᠩ ᠬᠠᠶᠢᠷᠠᠬᠠᠨ ᠠᠮᠠᠷᠠᠭ ᠤᠨ ᠬᠠᠷᠠᠴᠠ ᠪᠠᠷ
ᠤᠬᠠᠭᠠᠨ ᠪᠤᠳᠤᠯ ᠢ ᠳᠠᠯᠠᠯᠤᠭᠰᠠᠨ ᠮᠢᠨᠤ ᠠᠮᠠᠷᠠᠭ
ᠪᠠᠭᠰᠢ ᠶᠢᠨ ᠳᠠᠭᠤᠯᠠᠬᠤ ᠬᠢᠴᠢᠶᠡᠯ ᠦᠳ ᠨᠢ
ᠪᠠᠷ᠎ᠠ ᠶᠢᠨ ᠠᠯᠤᠰ ᠲᠤ ᠴᠤᠤᠷᠢᠶᠠᠳᠤᠬᠤ ᠳᠤ
ᠪᠠᠶᠠᠨ ᠬᠠᠨᠭᠭᠠᠢ ᠤᠶᠤᠨ ᠤ ᠴᠡᠭᠡᠵᠢ ᠪᠷ ᠢᠶᠠᠨ
ᠪᠠᠬ᠎ᠠ ᠤᠷᠮ᠎ᠠ ᠶᠢ ᠪᠡᠯᠴᠢᠭᠡᠭᠰᠡᠨ ᠮᠢᠨᠤ ᠠᠮᠠᠷᠠᠭ
ᠢᠨᠠᠭ ᠬᠠᠯᠠᠭᠤᠨ ᠦᠭᠡᠨ ᠳᠦ ᠨᠢ ᠰᠤᠭᠳᠤᠨ
ᠠᠳᠤᠭᠤᠨ ᠨᠤᠶᠢᠷ ᠲᠠᠢ ᠮᠠᠨᠠᠭ᠎ᠠ ᠵᠤᠭᠰᠤᠬᠤ ᠳᠤ ᠪᠠᠨ
ᠢᠯᠳᠠᠮ ᠬᠣᠨᠭ᠍ᠭᠣᠷ ᠵᠢᠷᠤᠬᠡᠨ ᠣ ᠬᠢᠨᠢ
ᠦᠨᠡᠨ ᠢ ᠨᠢ ᠣᠯᠬᠤ ᠭᠡᠵᠤ ᠲᠡᠮᠡᠤᠯᠡᠵᠤ ᠶᠠᠪᠤᠯ᠎ᠠ ᠃
ᠭᠠᠯ ᠬᠠᠯᠠᠭᠤᠨ ᠰᠡᠳᠭᠢᠯ ᠳᠦ ᠨᠢ ᠳᠤᠭᠳᠤᠯᠤᠨ
ᠦᠳᠡ ᠶᠢᠨ ᠴᠠᠪᠠ ᠪᠠᠨ ᠦᠷᠲᠡᠭᠡ ᠬᠠᠶᠠᠬᠤ ᠳᠤ ᠪᠠᠨ
ᠭᠠᠯᠵᠠᠭᠤ ᠬᠡᠶᠢᠮᠤᠷᠢ ᠲᠠᠢ ᠦᠷᠤᠴᠡᠨ ᠤ ᠬᠢᠨᠢ
ᠦᠯᠢᠭᠡᠷ ᠢ ᠨᠢ ᠲᠤᠭᠤᠯᠠᠬᠤ ᠭᠡᠵᠤ ᠮᠡᠷᠡᠶᠢᠵᠦ ᠶᠠᠪᠤᠯ᠎ᠠ ᠃
ᠬᠤᠷᠸ᠎ᠠ ᠶᠢᠨ ᠵᠢᠷᠭᠠᠯ ᠢ ᠨᠠᠳᠠ ᠳᠤ ᠰᠢᠪᠡᠨᠡᠬᠦ ᠳᠦ ᠴᠢᠨᠢ
ᠬᠠᠯᠠᠭᠤᠨ ᠮᠦᠰᠢᠶᠡᠳᠤ ᠪᠠᠨ ᠴᠢᠮ᠎ᠠ ᠳᠤ ᠪᠡᠯᠡᠭᠯᠡᠭᠰᠡᠨ ᠶᠤᠮ ᠂
ᠬᠤᠮᠠᠬᠢ ᠶᠢᠨ ᠭᠠᠰᠠᠯᠤᠯ ᠢ ᠨᠠᠳᠠ ᠳᠤ ᠲᠤᠭᠠᠴᠢᠬᠤ ᠳᠤ ᠴᠢᠨᠢ
ᠬᠠᠷᠠᠰᠠᠯ ᠤᠨ ᠨᠢᠯᠪᠤᠰᠤ ᠪᠠᠨ ᠴᠢᠮ᠎ᠠ ᠳᠤ ᠦᠯᠡᠳᠡᠭᠡᠭᠰᠡᠨ ᠶᠤᠮ ᠃
ᠳᠡᠯᠡᠬᠡᠢ ᠬᠠᠷᠠᠭᠰᠠᠨ ᠰᠡᠴᠡ ᠤᠶᠤᠨ ᠳᠤ ᠴᠢᠨᠢ
ᠨᠠᠰᠤᠯᠠᠨ ᠵᠢᠷᠭᠠᠶ᠎ᠠ ᠬᠤᠶᠠᠭᠤᠯᠠ ᠪᠠᠨ ᠠᠮᠠᠷᠠᠭ ᠮᠢᠨᠢ ᠂
ᠳᠡᠭᠷᠢ ᠪᠠᠷᠠᠭᠠᠯᠠᠭᠰᠠᠨ ᠤᠮᠤᠭ ᠢᠲᠡᠭᠡᠯ ᠳᠦ ᠴᠢᠨᠢ
ᠨᠠᠶᠢᠵᠠᠯᠠᠨ ᠠᠮᠠᠷᠠᠭᠯᠠᠶᠠ ᠬᠤᠶᠠᠭᠤᠯᠠ ᠪᠠᠨ ᠠᠮᠠᠷᠠᠭ ᠮᠢᠨᠢ ᠃