-
5601
ᠬᠡᠯᠡ ᠨᠢᠭᠡᠨ ᠴᠠᠭ ᠤᠨ ᠬᠦᠴᠦᠨ ᠪᠤᠯᠵᠤ ᠴᠢᠲᠠᠬᠤ ᠪᠢᠰᠢ
2013-05-04 13:01
607
3
ᠨᠢᠭᠡ ᠵᠢᠯ ᠰᠢᠬᠠᠤ ᠋ᠬᠤᠭᠤᠴᠠᠭᠠ ᠶᠢᠨ ᠋ᠡᠮᠤᠨᠠ ᠭᠠᠲᠠᠷ ᠮᠤᠵᠢ ᠶᠢᠨ ᠡᠯ᠎ᠡ ᠬᠤᠲᠠ ᠳᠤ ᠬᠡᠯᠡᠨ ᠦ ᠤᠯᠠᠨ ᠠᠩᠬᠢ ᠡᠬᠢᠯᠡᠵᠤ ᠪᠠᠢᠢᠭᠤᠯᠤᠭᠲᠠᠵᠤ ᠡᠬᠢᠯᠡᠭᠰᠡᠨ ᠶᠤᠮ(ᠪᠠᠭᠡᠵᠢᠩ ᠬᠡᠯᠡᠨ ᠋ ᠦ ᠠᠩᠭᠢ ᠬᠡᠳᠤᠨ ᠵᠢᠯ ᠪᠤᠯᠵᠤ ᠪᠠᠢᠢᠨ᠎ᠠ)᠃ᠮᠢᠨᠤ ᠮᠡᠲᠡᠵᠤ ᠪᠠᠢᠢᠬᠤ ᠪᠠᠷ ᠪᠡᠭᠡᠵᠢᠩ᠂ᠱᠠᠩᠬᠠᠢ᠂ᠦᠬᠠᠨ᠂ᠴᠦᠩᠴᠢᠩ᠂ᠭᠤᠸᠠᠩᠵᠸᠤ᠂ᠴᠢᠩᠳᠤᠤ᠂ᠨᠠᠨᠵᠢᠩ᠂ᠦᠷᠦᠮᠵᠢ᠂ᠲᠡᠯᠡᠭᠡᠢ ᠬᠤᠲᠠ᠂ᠲᠢᠶᠠᠨᠵᠢᠨ ᠵᠡᠷᠭᠡ ᠶᠡᠭᠡ ᠬᠤᠲᠠ ᠳᠤ ᠤᠳᠠᠭ᠎ᠠ ᠲᠠᠷᠠᠭᠠᠯᠠᠨ ᠤᠯᠠᠨ ᠬᠡᠯᠡᠨ ᠭᠠᠷᠴᠤ ᠢᠷᠡᠭᠰᠡᠨ ᠶᠤᠮ᠃ ᠪᠦᠷ ᠬᠠᠷᠠᠮᠵᠢ ᠦᠭᠡᠢ ᠪᠠᠷ ᠬᠢᠴᠢᠶᠠᠯ ᠤᠷᠤᠲᠠᠭ ᠠᠩᠬᠢ ᠶᠤᠮ᠃ᠭᠤᠤᠯᠲᠠᠭᠤ ᠶᠡᠭᠡ ᠰᠤᠷᠭᠠᠭᠤᠯᠢ ᠶᠢᠨ ᠤᠶᠤᠲᠡᠳ ᠬᠢᠵᠤ ᠪᠠᠢᠢᠲᠠᠭ᠃
ᠶᠠᠭ ᠡᠬᠢᠯᠡᠵᠤ ᠬᠢᠬᠦ ᠬᠡᠵᠤ ᠪᠡᠯᠡᠳᠭᠡᠵᠤ ᠪᠠᠢᠢᠬᠤ ᠳᠤ ᠲᠡᠲᠡᠭᠡᠷ ᠤᠯᠠᠨ ᠬᠢᠲᠡᠳ ᠬᠡᠯᠡ ᠪᠠᠷ ᠪᠢᠴᠢ᠍᠌᠍ᠭ᠌ ᠦᠵᠡᠭᠰᠡᠨ ᠶᠠᠭᠡ ᠯᠡ ᠪᠠᠢᠢᠭᠰᠠᠨ ᠶᠤᠮ᠃ ᠪᠢ ᠨᠠᠨᠵᠢᠩ ᠳᠤ ᠪᠢᠴᠢᠭ᠌ ᠦᠵᠡᠵᠤ ᠪᠠᠢᠢᠬᠤ ᠦᠶ᠎ᠡ ᠳᠤ ᠨᠡᠨᠵᠢᠩ ᠬᠡᠯᠡ ᠤ ᠠᠩᠬᠢ ᠡᠬᠢᠯᠡᠵᠤ ᠪᠠᠢᠢᠭᠤᠯᠤᠭᠰᠠᠨ ᠬᠡᠰᠢᠭᠦᠨ ᠤ ᠨᠢᠬᠡ ᠪᠤᠯᠵᠤ ᠶᠠᠪᠤᠭᠰᠡᠨ ᠶᠤᠮ ᠃ᠠᠵᠢᠯ ᠳᠤ ᠭᠠᠷᠴᠤ ᠲᠢᠶᠠᠨᠵᠢᠨ ᠳᠤ ᠢᠷᠡᠵᠤ ᠪᠠᠰᠠ ᠡᠨᠡ ᠬᠤᠲᠠ ᠬᠡᠳᠤᠨ ᠰᠢᠯᠢᠲᠡᠭ ᠤᠶᠤᠲᠡᠳ ᠲᠠᠢ ᠨᠡᠢᠢᠯᠡᠵᠤ ᠲᠢᠶᠠᠨᠵᠢᠨ ᠬᠡᠯᠡᠨ ᠤ ᠠᠩᠬᠢ ᠵᠢ ᠪᠠᠢᠢᠭᠤᠯᠪᠠ ᠂ᠣᠳᠣ ᠨᠢᠭᠡᠨᠲᠠ ᠬᠤᠶᠠᠳᠤᠭᠠᠷ ᠶᠢᠨ ᠬᠢᠴᠢᠶᠠᠯ ᠪᠠᠨ ᠣᠷᠣᠵᠣ ᠪᠠᠢᠢᠨ᠎ᠠ᠃
ᠬᠠᠷᠠᠮᠰᠠᠯᠲᠠᠢ ᠨᠢ ᠨᠠᠨᠵᠢᠩ ᠬᠡᠯᠡᠨ ᠠᠩᠬᠢ ᠨᠢᠭᠡᠨᠲᠡ ᠲᠠᠷᠬᠠᠭᠠᠪᠠ᠂ ᠭᠤᠤᠯ ᠰᠢᠯᠲᠠᠭᠠᠨ ᠨᠢ ᠰᠤᠷᠤᠭᠴᠢ ᠤᠯᠠᠮ ᠶᠠᠪᠤᠬᠤ ᠳᠤᠳᠤᠮ ᠪᠠᠭᠠᠰᠴᠤ ᠵᠢᠷᠢᠮ ᠳᠠᠭᠠᠨ ᠭᠡᠳᠦᠬᠡᠨ ᠪᠤᠯᠲᠠᠭ ᠬᠡᠵᠤ ᠲᠡᠨᠲᠡᠬᠢ ᠬᠡᠳᠤᠨ ᠲᠡᠭᠦᠤ ᠨᠠᠷ ᠬᠡᠯᠡᠵᠤ ᠪᠠᠢᠢᠪᠠ᠃
ᠤᠳᠤ ᠲᠢᠶᠠᠨᠵᠢᠨ ᠬᠡᠯᠨ ᠤ ᠠᠩᠬᠢ ᠴᠤ ᠵᠠᠯᠭᠠᠵᠤ ᠰᠠᠢᠢᠬᠠᠨ ᠤᠷᠤᠵᠤ ᠪᠠᠢᠢᠬᠤ ᠨᠢ ᠲᠡᠪᠤ ᠬᠦᠮᠤᠨ ᠳᠤ ᠬᠦᠷᠬᠦ ᠦᠭᠡᠢ᠂ᠨᠡᠢᠢᠲᠡᠮ ᠳᠡᠭᠡᠨ ᠰᠢᠨ᠎ᠠ ᠰᠤᠷᠤᠭᠴᠢ ᠢᠷᠡᠵᠤ ᠂ᠲᠡᠬᠢᠵᠤ ᠡᠷᠬᠢᠯᠲᠡ ᠦᠭᠡᠢ ᠪᠠᠷ ᠶᠠᠪᠤᠲᠠᠭ ᠃ ᠡᠨᠡ ᠪᠠᠢᠢᠲᠠᠯ ᠪᠢᠲᠡ ᠤ ᠬᠡᠳᠤᠨ ᠪᠠᠭᠰᠢ ᠵᠢ ᠶᠠᠭᠡ ᠵᠤᠪᠠᠭᠠᠵᠤ ᠃ ᠡᠨᠡ ᠲᠤᠬᠠᠢ ᠰᠤᠷᠤᠭᠴᠢ ᠲᠠᠢ ᠪᠢᠲᠠ ᠰᠦᠯᠵᠢᠶᠡᠨ ᠲᠡᠭᠡᠷ᠎ᠡ ᠶᠠᠷᠢᠯᠴᠠᠬᠤ ᠳᠤ ᠂ᠲᠠᠲᠠ ᠬᠡᠯᠡᠬᠦ ᠋ ᠳᠡᠭᠡᠨ ᠬᠢᠴᠢᠶᠠᠯ ᠤᠷᠤᠵᠤ ᠪᠠᠢᠢᠭ᠎ᠠ ᠭᠠᠴᠠᠷ ᠬᠡᠳᠤ ᠬᠤᠯᠠ ᠬᠡᠬᠦ ᠰᠠᠨᠠᠯ ᠭᠠᠷᠴᠤ ᠪᠠᠢᠢᠭᠰᠠᠨ(ᠨᠢᠭᠡ ᠤᠳᠠᠭ᠎ᠠ ᠴᠤ ᠭᠢᠴᠢᠶᠠᠯ ᠤᠴᠢᠵᠤ ᠤᠷᠤᠭᠰᠡ ᠦᠭᠡᠢ ᠲᠡᠷᠡ ᠶᠠᠷᠢᠵᠤ ᠪᠠᠢᠢᠭᠰᠠᠨ᠂ᠬᠡ ᠬᠡ )᠃ᠨᠠᠷᠢᠨ ᠰᠢᠨᠵᠢᠭᠡᠳ ᠪᠠᠢᠢᠬᠤ ᠳᠤ ᠡᠲᠡᠭᠡᠷ ᠬᠢᠲᠡᠳᠵᠢᠭᠰᠡᠨ ᠵᠠᠯᠠᠭᠤᠴᠤᠳ ᠪᠦᠷ ᠦᠪᠡᠷᠲᠡᠭᠡᠨ ᠬᠢᠴᠢᠶᠠᠯ ᠤᠷᠤᠬᠤ ᠲᠤᠷ᠎ᠠ ᠦᠭᠡᠢ ᠴᠤ ᠂ ᠬᠡᠯᠡᠨ ᠤ ᠠᠩᠭᠢ ᠵᠢ ᠮᠢᠨᠤ ᠲᠠᠷᠬᠠᠭᠠᠬᠤ ᠲᠤᠷ᠎ᠠ ᠦᠭᠡᠢ ᠪᠠᠢᠢᠲᠠᠭ᠃ ᠡᠨᠡ ᠬᠠᠴᠢᠨ ᠰᠡᠳᠬᠢᠴᠠ ᠵᠢ ᠪᠢ ᠶᠡᠷᠤ ᠰᠡᠳᠬᠢᠬᠡᠳ ᠤᠯᠬᠤ ᠦᠭᠡᠢ᠃
ᠵᠠ ᠂ ᠪᠢ ᠡᠨᠡ ᠪᠠᠢᠢᠲᠠᠯ ᠳᠤ ᠦᠪᠡᠷ ᠤᠨ ᠬᠡᠳᠤᠨ ᠪᠤᠳᠤᠭᠰᠠᠨ ᠰᠠᠨᠠᠭᠰᠠᠨ ᠪᠠᠨ ᠲᠡᠪᠰᠢᠬᠦᠯᠬᠦ ᠬᠡᠵᠤ ᠪᠠᠢᠢᠨ᠎ᠠ᠃ᠬᠠᠵᠠᠭᠠᠢ ᠨᠠᠵᠠᠭᠠᠢ ᠴᠤ ᠶᠠᠷᠢᠬᠤ ᠮᠠᠭᠠᠳ᠃ ᠶᠠᠭᠤ ᠴᠤ ᠭᠡᠰᠡᠨ ᠡᠨᠡ ᠪᠤᠯ ᠮᠢᠨᠤ ᠬᠤᠶᠠᠷ ᠵᠢᠯ ᠰᠢᠬᠠᠮ ᠂ᠭᠠᠲᠠᠷ ᠭᠠᠵᠠᠷ ᠬᠢᠲᠡᠳᠵᠢᠭᠰᠡᠨ ᠵᠢ ᠲᠡᠬᠢᠨ ᠬᠡᠯᠡ ᠲᠠᠢ ᠪᠤᠯᠭᠠᠬᠤ ᠭᠡᠵᠤ ᠴᠢᠷᠮᠠᠢᠢᠵᠤ ᠶᠠᠪᠤᠭ᠎ᠠ ᠬᠡᠰᠡᠭ ᠮᠤᠩᠭᠤᠯ ᠰᠠᠢᠢᠬᠠᠨ ᠵᠠᠯᠠᠭᠤᠴᠤᠳ ᠤᠨ ᠵᠢᠷᠤᠬᠡᠨ ᠤᠷᠢᠶ᠎ᠠ ᠮᠦᠨ ᠭᠡᠵᠤ ᠪᠤᠳᠤᠵᠤ ᠪᠠᠢᠢᠨ᠎ᠠ᠃ ᠪᠢ《ᠶᠠᠭᠠᠬᠢᠭᠠᠳ ᠪᠢᠲᠡ ᠬᠠᠭᠠᠰ ᠵᠤᠭᠰᠤᠬᠤ ᠳᠤ ᠬᠦᠷᠪᠠ ᠶᠠᠭᠠᠬᠢᠵᠤ ᠬᠢᠪᠡᠯ ᠵᠤᠬᠢᠰ ᠲᠠᠢ ᠪᠤᠢ 》ᠬᠡᠬᠦ ᠬᠤᠶᠠᠷ ᠠᠰᠠᠭᠤᠲᠠᠯ ᠪᠠᠷ ᠶᠠᠷᠢᠬᠤ ᠭᠡᠵᠤ ᠪᠠᠢᠢᠨ᠎ᠠ᠃
ᠶᠠᠭᠠᠬᠢᠭᠠᠳ ᠪᠢᠲᠡ ᠬᠠᠭᠠᠰ ᠵᠤᠭᠰᠤᠬᠤ ᠳᠤ ᠬᠦᠷᠪᠠ ᠶᠠᠭᠠᠬᠢᠭᠠᠳ ᠪᠠᠭᠰᠢ ᠬᠡᠳᠤᠨ ᠴᠠᠭ ᠤᠨ ᠴᠠᠭ ᠭᠠᠷᠭᠠᠵᠤ ᠬᠤᠯᠠ ᠵᠠᠮ ᠶᠠᠪᠤᠵᠤ ᠬᠢᠴᠢᠶᠠᠯ ᠤᠷᠤᠵᠤ ᠪᠤᠯᠲᠠᠯ᠎ᠠ᠂ᠰᠤᠷᠤᠭᠴᠢ ᠨᠢᠭᠡ ᠭᠡᠳᠤ ᠤᠳᠠᠭ᠎ᠠ ᠢᠷᠡᠭᠡᠳ ᠲᠡᠬᠢᠨ ᠡᠷᠬᠢᠵᠤ ᠬᠠᠨᠳᠤᠬᠤ ᠦᠭᠡᠢ ᠪᠤᠢ
ᠨᠢᠬᠡ ᠄ ᠬᠠᠮᠤᠭ ᠭᠤᠤᠯ ᠰᠢᠯᠲᠠᠭᠠᠨ ᠪᠤᠯ ᠡᠲᠡᠭᠡᠷ ᠬᠢᠲᠡᠳᠵᠢᠭᠰᠡᠨ ᠬᠤᠭᠡᠳ ᠤᠨ ᠦᠪᠡᠷ ᠤᠨ ᠦᠨᠳᠤᠰᠦᠲᠡᠨ ᠤ ᠰᠤᠶᠤᠯ ᠢᠶᠠᠨ ᠪᠠᠬᠠᠷᠬᠠᠬᠤ ᠰᠡᠳᠭᠢᠯᠭᠡ ᠪᠢᠰᠢ᠃ ᠨᠢᠭᠡ ᠬᠦᠮᠤᠨ ᠬᠡᠷᠪᠡ ᠦᠨᠡᠨᠬᠦ ᠪᠠᠬᠠᠷᠬᠠᠵᠤ ᠦᠨᠡᠮᠰᠢᠬᠦ ᠦᠭᠡᠢ ᠪᠤᠯ ᠶᠠᠭᠠᠬᠢᠨ ᠵᠠᠭᠤᠨ ᠬᠤᠪᠢ ᠪᠠᠷ ᠰᠡᠳᠬᠢᠯ ᠰᠢᠭᠤᠳᠴᠤ ᠬᠦᠴᠦ ᠲᠠᠯᠪᠢᠨ ᠰᠤᠷᠬᠤ ᠪᠤᠢ ᠶᠠᠭᠤᠨ ᠳᠤ ᠠᠩᠭᠢᠯᠢ ᠬᠡᠯᠡ ᠵᠢ ᠰᠤᠷᠬᠤ ᠳᠤ ᠲᠡᠳᠤᠢ ᠶᠡᠭᠡ ᠪᠠᠷ ᠰᠢᠮᠲᠡᠨ ᠰᠤᠷᠴᠤ ᠴᠢᠲᠠᠬᠤ ᠪᠤᠢ ᠦᠭᠡᠷ᠎ᠡ ᠪᠠᠷ ᠬᠡᠯᠡᠪᠡᠯ ᠲᠡᠲᠡ ᠡᠩᠭᠢᠯᠢ ᠬᠡᠯᠡ ᠰᠤᠶᠤᠯ ᠵᠢ ᠲᠡᠷᠢᠬᠦᠨ ᠤ ᠬᠡᠯᠡ ᠰᠤᠶᠤᠯ ᠬᠡᠵᠤ ᠪᠠᠬᠠᠷᠬᠠᠬᠤ ᠲᠠᠢ ᠰᠢᠭᠤᠳ ᠬᠤᠯᠪᠤᠭ᠎ᠠ ᠲᠠᠢ ᠶᠤᠮ ᠃
ᠬᠤᠶᠡᠷ ᠄ᠪᠢᠲᠡᠨ ᠤ ᠬᠢᠴᠢᠶᠡᠯ ᠤᠷᠤᠬᠤ ᠠᠷᠭ᠎ᠠ ᠬᠡᠯᠪᠠᠷᠢ ᠲᠡᠲᠨᠨ ᠤ ᠰᠤᠷᠬᠤ ᠬᠡᠯᠪᠠᠷᠢ ᠨᠡᠢᠢᠴᠡᠭᠰᠡᠨ ᠦᠭᠡᠢ ᠮᠠᠭᠠᠳ ᠃ ᠰᠠᠶᠢᠬᠠᠨ ᠬᠢᠴᠢᠶᠡᠯ ᠵᠢᠭᠠᠵᠤ ᠪᠠᠢᠢᠬᠤ ᠡᠴᠡ ᠶᠠᠭᠠᠬᠢᠵᠤ ᠵᠢᠭᠠᠪᠠᠯ ᠰᠤᠷᠤᠭᠴᠢ ᠬᠠᠮᠤᠭ ᠰᠠᠢᠢᠬᠠᠨ ᠡᠵᠡᠮᠰᠢᠵᠤ ᠴᠢᠲᠡᠬᠤ ᠲᠤᠬᠠᠢ ᠪᠢᠲᠡ ᠲᠤᠲᠠᠮᠠᠭ᠃
ᠭᠤᠷᠪᠠ᠄ ᠡᠲᠡᠭᠡᠷ ᠰᠤᠷᠤᠬᠴᠢ ᠶᠢᠨ ᠶᠡᠷᠤ ᠶᠢᠨ ᠬᠡᠴᠢᠶᠡᠯ ᠠᠮᠢᠳᠤᠷᠠᠯ ᠶᠠᠭᠠᠷᠡᠤ ᠂ᠡᠢᠢᠮᠤ ᠡᠴᠡ ᠠᠯᠢ ᠠᠯᠢ ᠳᠠᠭᠠᠨ ᠵᠠᠪᠲᠤᠬᠤ ᠦᠭᠡᠢ᠃
ᠲᠦᠷᠪᠡ᠄ᠵᠠᠮ ᠬᠤᠯᠠ ᠰᠢᠯᠲᠠᠭᠠᠨ᠂ ᠬᠡᠶ᠎ᠡ ᠂ᠡᠨᠡ ᠲᠡᠢᠢᠮᠤ ᠭᠤᠤᠯ ᠰᠢᠯᠲᠠᠭᠠᠨ ᠪᠤᠯᠵᠤ ᠴᠢᠲᠠᠬᠤ ᠦᠭᠡᠢ᠃ᠤᠴᠢᠷ ᠨᠢ ᠨᠠᠨᠵᠢᠩ ᠬᠡᠯᠨ ᠤ ᠠᠩᠬᠢ ᠬᠤᠲᠠ ᠶᠢᠨ ᠲᠤᠮᠳᠠ ᠂ᠵᠠᠮ ᠬᠠᠷᠢᠯᠴᠠᠭ᠎ᠠ ᠬᠠᠮᠤᠭ ᠲᠦᠬᠦᠮ ᠭᠠᠵᠠᠷ (ᠨᠠᠨᠵᠢᠩ ᠶᠡᠭᠡ ᠰᠤᠷᠭᠠᠭᠤᠯᠢ)
ᠳᠤ ᠤᠷᠤᠵᠤ ᠪᠠᠢᠢᠭᠰᠠᠨ᠂ᠡᠴᠦᠰ ᠲᠡᠭᠡᠨ ᠵᠢᠯ ᠢᠯᠡᠬᠦᠤ ᠪᠤᠯᠵᠤ ᠲᠠᠷᠬᠠᠪᠠ᠃
ᠲᠡᠪᠤ ᠄ᠰᠠᠶᠢ ᠰᠤᠷᠬᠤ ᠬᠦᠮᠤᠰ ᠳᠤ ᠬᠡᠯᠡ ᠪᠤᠯ ᠨᠢᠭᠡ ᠬᠠᠲᠠᠭᠤ ᠦᠢᠯᠡ ᠮᠦᠨ ᠂ᠬᠡᠷᠪᠡ ᠨᠡᠯᠢᠶᠡᠳ ᠦᠪᠡᠷᠲᠡᠭᠡᠨ ᠬᠦᠴᠤ ᠲᠠᠯᠪᠢᠬᠤ ᠦᠭᠡᠢ ᠪᠤᠯ ᠪᠠᠭᠰᠢ ᠵᠢ ᠲᠠᠭᠠᠵᠤ ᠠᠮᠵᠢᠬᠤ ᠦᠭᠡᠢ ᠶᠤᠮ ᠃ ᠬᠡᠳᠤ ᠤᠲᠠᠭ᠎ᠠ ᠰᠤᠨᠤᠰᠴᠤ ᠪᠢᠴᠢᠭᠡᠳ ᠮᠡᠲᠡᠭᠰᠡᠨ ᠂ ᠬᠢᠴᠢᠶᠡᠯ ᠤᠨ ᠲᠠᠷᠠᠭ᠎ᠠ ᠨᠢᠭᠡ ᠴᠤ ᠬᠦᠴᠤ ᠲᠠᠯᠪᠢᠨ ᠲᠠᠪᠲᠠᠵᠤ ᠦᠭᠡᠢ᠃ᠰᠠᠮᠪᠠᠷ᠎ᠠ ᠲᠡᠭᠡᠷ᠎ᠡ ᠭᠠᠷᠤᠭᠠᠳ ᠶᠠᠭᠤ ᠴᠤ ᠪᠢᠴᠢᠵᠤ ᠴᠢᠲᠠᠬᠤ ᠦᠭᠡᠢ᠃
ᠵᠢᠷᠭᠤᠭ᠎ᠠ᠄ ᠬᠢᠲᠡᠳ ᠶᠠᠭᠡ ᠰᠤᠷᠭᠠᠭᠤᠯᠢ ᠳᠤ ᠨᠠᠢᠢᠲᠡᠮ ᠳᠡᠭᠡᠨ ᠪᠠᠢᠢᠬᠤ ᠠᠷᠬᠠᠭ(ᠬᠡᠳᠤ ᠠᠷᠪᠢᠨ ᠬᠡᠷᠡᠭᠲᠠᠢ ᠭᠡᠷᠡᠭ ᠦᠭᠡᠢ ᠬᠢᠴᠢᠶᠡᠯ ᠵᠢ ᠨᠢᠭᠡ ᠲᠡᠭᠡᠷ᠎ᠡ ᠤᠷᠤᠵᠤ ᠂ ᠵᠦᠪᠭᠡᠨ ᠰᠢᠯᠭᠠᠯᠲᠠ ᠪᠠᠷ ᠪᠠᠷᠢᠮᠵᠢᠶᠠᠯᠠᠬᠤ ᠰᠡᠳᠬᠢᠴᠡ ᠬᠡᠳᠤ ᠬᠦᠨᠳᠤ ᠨᠤᠴᠢᠲᠠᠢ)᠃
ᠲᠤᠯᠤ᠍ᠭᠠ᠄ᠲᠡᠲᠡᠨ ᠳᠤ ᠪᠢᠲᠡ ᠬᠡᠳᠤ ᠶᠡᠭᠡ ᠬᠦᠰᠡᠯ ᠲᠠᠯᠪᠢᠭᠰᠠᠨ᠂ ᠬᠠᠷᠢᠭᠤ ᠳᠦᠨᠢ ᠰᠤᠷᠤᠭᠴᠢ ᠶᠢᠨ ᠪᠠᠢᠢᠲᠠᠯ ᠪᠠᠭᠰᠢ ᠨᠡᠷ ᠤᠨ ᠰᠠᠨᠠᠭᠰᠠᠨ ᠲᠠᠢ ᠬᠡᠳᠤ ᠵᠦᠷᠢᠵᠤ ᠪᠠᠭᠰᠢ ᠴᠤ ᠪᠠᠭ᠎ᠠ ᠰᠤᠯᠠᠷᠠᠵᠤ ᠡᠬᠢᠯᠡᠰᠡᠨ᠃
ᠨᠠᠢᠮᠠ᠄ ᠵᠤᠭᠤᠰ ᠮᠦᠩᠭᠦ ᠶᠢᠨ ᠠᠰᠠᠭᠤᠲᠠᠯ ᠪᠠᠰᠠ ᠪᠠᠢᠢᠵᠤ ᠮᠡᠲᠡᠨ᠎ᠠ᠃ ᠪᠦᠷ ᠰᠤᠷᠤᠭᠴᠢ ᠶᠤᠮ ᠴᠢᠨᠢ ᠂ᠨᠢᠭᠡ ᠤᠳᠠᠭᠠᠨ ᠵᠠᠮ ᠤᠨ ᠵᠤᠭᠤᠰ ᠠᠷᠪᠠᠨ ᠬᠡᠳᠤᠨ ᠃
ᠬᠡᠯᠡ ᠰᠤᠷᠬᠤ (ᠭᠤᠤᠯᠲᠠᠭᠤ ᠬᠢᠲᠡᠳ ᠢᠶᠠᠷ ᠪᠢᠴᠢᠭ᠌ ᠦᠵᠡᠭᠰᠡᠨ ᠬᠦᠮᠤᠰ ᠳᠤ )ᠪᠢᠲᠡ ᠶᠠᠭᠠᠬᠢᠵᠤ ᠬᠢᠪᠠᠯ ᠵᠤᠬᠢᠰ ᠲᠠᠢ ᠪᠤᠢ
ᠨᠢᠭᠡ᠄ ᠭᠤᠤᠯ ᠡᠴᠡ ᠭᠤᠤᠯ ᠠᠰᠠᠭᠤᠲᠠᠯ - ᠬᠡᠷᠪᠡ ᠬᠡᠯᠡ ᠲᠡᠬᠢᠨ ᠨᠡᠢᠢᠭᠡᠮ ᠳᠤ ᠭᠤᠤᠯᠴᠢᠯᠡᠬᠲᠠᠨ ᠬᠡᠷᠡᠭᠯᠡᠲᠡᠬᠦ ᠦᠭᠡᠢ ᠪᠤᠯ ᠪᠢᠲᠡ ᠦᠭᠡᠷ᠎ᠡ ᠭᠠᠷᠬᠤ ᠵᠠᠮ ᠦᠭᠡᠢ᠃ ᠵᠦᠪᠭᠡᠨ ᠤᠷᠤᠨ ᠤ ᠬᠡᠪᠴᠢᠶᠠᠨ ᠳᠤ ᠨᠡᠢᠢᠭᠡᠮ ᠲᠠᠶᠠᠭᠠᠷ ᠬᠡᠯᠡ ᠪᠠᠷ ᠶᠠᠷᠢᠵᠤ ᠂ ᠡᠯ᠎ᠡ ᠵᠦᠢᠯ ᠤᠨ ᠰᠢᠯᠭᠠᠯᠲᠠ ᠵᠢ ᠲᠤᠰᠭᠠᠷ ᠰᠡᠳᠤᠪ ᠭᠠᠷᠭᠠᠵᠤ ᠰᠢᠯᠭᠠᠵᠤ ᠂ ᠰᠤᠷᠤᠪᠠᠯ ᠠᠳᠠᠭ ᠳᠠᠭᠠᠨ ᠬᠢᠲᠡᠳ ᠰᠤᠷᠤᠭᠰᠠᠨ ᠰᠢᠭ ᠠᠰᠢᠭ ᠰᠢᠮ᠎ᠠ ᠬᠦᠷᠲᠡᠵᠤ ᠴᠢᠲᠠᠨ᠎ᠠ᠂ᠡᠰᠡᠬᠦᠯ᠎ᠡ ᠬᠢᠲᠡᠳ ᠢᠶᠠᠷ ᠦᠵᠡᠭᠰᠡᠨ ᠡᠴᠡ ᠬᠤᠯᠠ ᠲᠠᠪᠠᠭᠤᠯᠢᠭ ᠢ ᠨᠡᠢᠢᠭᠡᠮ ᠲᠠᠶᠠᠭᠠᠷ ᠲᠠᠨᠢᠭᠤᠯᠬᠤ ᠬᠡᠷᠡᠭᠲᠡᠢ᠃ᠬᠠᠷᠢᠨ ᠤᠳᠤ ᠪᠠᠢᠢᠲᠠᠯ ᠰᠢᠭ ᠬᠤᠶᠠᠷ ᠴᠢᠭ᠌ ᠲᠠᠪᠤᠨ ᠬᠤᠪᠢ ᠨᠡᠮᠡᠭᠡᠳ ᠯᠡ ᠪᠤᠯᠲᠠᠭ ᠪᠢᠰᠢ ᠃ ᠪᠢᠲᠡ ᠬᠢᠲᠡᠳ ᠰᠢᠯᠭᠠᠯᠲᠠ ᠵᠢ ᠰᠢᠭᠤᠳ ᠦᠬᠦᠮᠡᠯ ᠢᠶᠠᠷ ᠤᠷᠴᠢᠭᠤᠯᠵᠤ ᠲᠡᠬᠢᠨ ᠬᠤᠶᠡᠷ ᠴᠢᠭ᠌ ᠲᠠᠪᠤᠨ ᠬᠤᠪᠢ ᠨᠡᠮᠡᠭᠡᠳ ᠯᠡ ᠬᠤᠨᠵᠢᠭᠰᠡᠨ ᠰᠢᠭ ᠪᠠᠶᠠᠷᠯᠠᠭᠠᠳ ᠰᠠᠭᠤᠵᠤ ᠪᠤᠯᠲᠠᠭ ᠪᠢᠰᠢ᠃ ᠦᠬᠦᠭᠡᠳ ᠴᠢ ᠬᠤᠨᠵᠢᠵᠤ ᠪᠠᠢᠢᠭ᠎ᠠ ᠪᠢᠰᠢ ᠰᠢᠤ ᠳᠠ᠃ᠦᠭᠡᠷ᠎ᠡ ᠪᠠᠷ ᠬᠡᠯᠡᠪᠠᠯ ᠬᠡᠯᠡ ᠰᠤᠷᠪᠠᠯ ᠠᠰᠢᠭ ᠬᠦᠷᠲᠡᠵᠤ ᠲᠠᠨᠢᠯᠲᠠ ᠦᠭᠡᠢ ᠪᠤᠯ ᠡᠲᠡᠭᠡᠷ ᠨᠢᠭᠡᠨᠲᠡ ᠬᠢᠲᠡᠳᠭᠵᠢᠭᠰᠡᠨ ᠬᠦᠮᠤᠨ ᠳᠤ ᠬᠡᠯᠡ ᠵᠢᠭᠠᠵᠤ ᠲᠡᠬᠢᠨ ᠬᠡᠯᠡ ᠲᠠᠢ ᠪᠤᠯᠭᠠᠬᠤ ᠬᠡᠵᠤ ᠬᠡᠴᠡᠭᠦᠦ ᠳᠠ᠃ ᠡᠭᠦᠨ ᠳᠤ ᠡᠢᠢᠮᠤ ᠠᠰᠠᠭᠤᠲᠠᠯ ᠭᠠᠷᠴᠤ ᠢᠷᠡᠬᠦ ᠪᠤᠯᠤᠨ᠎ᠠ᠂ᠲᠠᠷᠤᠢ《 ᠶᠠᠭᠠᠬᠢᠨ ᠦᠨᠡᠨᠬᠦ ᠢᠶᠠᠷ ᠰᠤᠷᠪᠠᠯ ᠬᠢᠲᠡᠳ ᠡᠴᠡ ᠲᠠᠪᠠᠭᠤᠯᠢᠭ 》ᠭᠡᠲᠡᠭ ᠠᠰᠠᠭᠤᠲᠠᠯ᠃ᠤᠳᠤᠬᠢ ᠪᠠᠢᠢᠲᠠᠯ ᠡᠴᠡ ᠬᠠᠷᠠᠪᠠᠯ ᠡᠢᠢᠮᠤ ᠲᠠᠪᠠᠭᠤᠯᠢᠭ ᠬᠡᠳᠤ ᠴᠦᠭᠡᠨ ᠬᠡᠵᠤ ᠮᠡᠲᠡᠷᠡᠬᠦ ᠦᠭᠡᠢ ᠪᠠᠢᠢᠬᠤ ᠶᠢᠨ ᠠᠷᠭ᠎ᠠ ᠦᠭᠡᠢ᠃ ᠡᠰᠡᠬᠦᠯ᠎ᠡ ᠂ᠲᠡᠲᠡᠭᠡᠷ ᠠᠪᠤ ᠡᠵᠢ ᠶᠠᠭᠤᠨ ᠪᠠᠰᠠ ᠤᠳᠤ ᠬᠤᠭᠡᠳ ᠵᠢ ᠬᠢᠲᠡᠳ ᠰᠤᠷᠭᠠᠭᠤᠯᠢ ᠳᠤ ᠬᠦᠷᠭᠡᠵᠤ ᠪᠠᠢᠢᠬᠤ ᠪᠤᠢ ᠡᠢᠢᠮᠤ ᠡᠴᠡ ᠪᠢᠲᠡ ᠡᠨᠡ ᠲᠠᠪᠠᠭᠤᠯᠢᠭ ᠵᠢ ᠤᠯᠬᠤ ᠶᠢᠨ ᠲᠦᠯᠦᠭᠡ ᠲᠡᠮᠡᠴᠡᠬᠦ ᠬᠡᠷᠡᠭᠲᠡᠢ᠃
ᠬᠤᠶᠠᠷ ᠄ᠪᠢᠲᠡ ᠲᠠᠷᠤᠢ ᠲᠦᠷᠭᠡᠨ 《new concept english新概念英语》ᠰᠢᠭ ᠨᠤᠮ ᠪᠢᠴᠢᠬᠦ ᠬᠡᠷᠡᠭᠲᠡᠢ᠂ ᠬᠡᠬᠦ ᠡᠨᠡ ᠨᠤᠮ ᠡᠷᠬᠡᠪᠠᠰᠢ new concept englishᠰᠢᠭ ᠰᠦᠯᠵᠢᠶᠠᠨ ᠲᠡᠭᠡᠷ᠎ᠡ ᠰᠢᠭᠤᠳ ᠦᠵᠡᠵᠤ ᠪᠤᠯᠬᠤ ᠪᠤᠶᠤ ᠰᠢᠭᠤᠳ ᠪᠠᠭᠤᠯᠭᠠᠵᠤ ᠦᠪᠡᠷᠲᠡᠭᠡᠨ ᠰᠤᠷᠴᠤ ᠴᠢᠲᠡᠬᠤ CDDVDᠵᠤᠬᠢᠶᠠᠬᠤ ᠬᠡᠷᠡᠭᠲᠡᠢ᠃
ᠭᠤᠷᠪᠠ᠄ᠤᠳᠤᠬᠢ ᠰᠢᠨ᠎ᠠ ᠺᠣᠮᠫᠢᠦ᠋ᠲ᠋ᠧᠷ ᠤᠨ ᠠᠷᠭ᠎ᠠ ᠵᠢ ᠬᠡᠷᠡᠭᠯᠡᠵᠤ ᠬᠢᠴᠢᠶᠡᠯ ᠤᠷᠤᠵᠤ ᠂ ᠵᠠᠮ ᠬᠤᠯᠠ ᠬᠦᠮᠤᠰ ᠰᠦᠯᠵᠢᠶᠡᠨ ᠲᠡᠭᠡᠷ᠎ᠡ ᠰᠢᠭᠤᠳ ᠬᠢᠴᠢᠶᠠᠯ ᠤᠷᠤᠵᠤ ᠴᠢᠲᠠᠬᠤ ᠪᠤᠯᠤᠮᠵᠢ ᠵᠢ ᠪᠦᠷᠢᠳᠤᠬᠦᠯᠬᠦ ᠬᠡᠷᠡᠭᠲᠡᠢ᠃ᠤᠳᠤ ᠲᠡᠭᠡᠷ᠎ᠡ ᠡᠨᠡ ᠪᠤᠯᠤᠮᠵᠢ ᠪᠠᠢᠢᠨ᠎ᠠ᠂ᠮᠦᠷᠲᠡᠭᠡᠨ ᠬᠡᠰᠡᠭ ᠬᠦᠮᠤᠰ YY语音ᠬᠡᠰᠡᠨ ᠰᠤᠹᠲ ᠵᠢ ᠵᠠᠷᠤᠵᠤ ᠰᠦᠯᠵᠢᠶᠠᠨ ᠲᠡᠭᠡᠷ᠎ᠡ ᠰᠢᠭᠤᠳ ᠬᠡᠯᠡᠨ ᠤ ᠭᠡᠴᠢᠶᠡᠯ ᠤᠷᠤᠵᠤ ᠪᠠᠢᠢᠨ᠎ᠠ᠃
ᠲᠦᠷᠪᠠ᠄ᠰᠦᠯᠵᠢᠶᠡᠡ ᠂ ᠰᠤᠪᠠᠭ ᠡᠨᠡ ᠲᠠᠯ᠎ᠠ ᠪᠠᠷ ᠠᠩᠬᠠᠷᠴᠤ ᠢᠯᠡᠭᠦᠭᠡᠨ ᠮᠡᠲᠡᠭᠡᠯᠡᠵᠤ ᠪᠠᠢᠢᠬᠤ ᠭᠡᠷᠡᠭᠲᠡᠢ ᠃ ᠬᠡᠳᠤᠨ ᠡᠳᠤᠷ ᠤᠨ ᠡᠮᠤᠨ᠎ᠠ ᠦᠪᠦᠷ ᠤᠳᠤᠨ ᠰᠤᠪᠠᠭ ᠡᠨᠡ ᠲᠤᠬᠠᠢ ᠮᠡᠲᠡᠭᠡᠯᠡᠭᠰᠡᠨ ᠃ ᠤᠳᠤᠨ ᠰᠤᠪᠠᠭ ᠡᠨᠡ ᠦᠢᠯᠡ ᠵᠢ ᠪᠢᠳᠡ ᠶᠠᠭᠡ ᠪᠠᠶᠠᠷᠯᠠᠨ ᠬᠦᠯᠢᠶᠠᠵᠤ
ᠲᠡᠪᠤ᠄ᠨᠡᠢᠢᠭᠡᠮ ᠲᠡᠭᠡᠷ᠎ᠡ ᠨᠡᠷ᠎ᠡ ᠲᠠᠢ ᠲᠦᠷᠤ ᠲᠠᠢ ᠰᠠᠢᠢᠬᠠᠨ ᠶᠠᠪᠤᠵᠤ ᠪᠠᠢᠢᠬᠤ ᠬᠦᠮᠤᠰ ᠡᠬᠢᠯᠡᠵᠤ ᠰᠡᠭᠡᠭᠡᠷᠡᠵᠤ ᠡᠨᠡ ᠲᠠᠯ᠎ᠠ ᠪᠠᠷ ᠠᠩᠬᠠᠷᠤᠯ ᠪᠠᠨ ᠲᠠᠯᠪᠢᠵᠤ ᠢᠯᠡᠬᠦᠬᠡᠨ ᠦᠨᠡᠨᠬᠦ ᠪᠤᠲᠠᠲᠠᠢ ᠦᠢᠯᠡ ᠬᠢᠬᠦ ᠭᠡᠵᠤ ᠬᠦᠰᠡᠵᠤ ᠪᠠᠢᠢᠨ᠎ᠠ(ᠵᠤᠭᠤᠰ ᠵᠡᠷᠭᠡ ᠪᠠᠷ ᠲᠡᠮᠵᠢᠬᠦ ᠭᠡᠷᠡᠭᠲᠡᠢ)᠃
ᠵᠢᠷᠭᠤᠭ᠎ᠠ᠄ᠰᠤᠷᠤᠭᠴᠢ ᠶᠢᠨ ᠬᠤᠪᠢ ᠪᠡᠶᠡᠨ ᠡᠴᠡ ᠠᠪᠴᠤ ᠬᠡᠯᠡᠪᠠᠯ ᠂ ᠡᠭᠡ ᠬᠡᠯᠡ ᠲᠠᠢ ᠬᠦᠮᠤᠨ ᠪᠤᠯᠬᠤ ᠶᠢᠨ ᠲᠦᠯᠦᠭᠡ ᠢᠯᠡᠬᠦᠭᠡᠨ ᠴᠠᠭ ᠭᠠᠷᠭᠠᠵᠤ ᠲᠡᠪᠲᠡᠨ ᠲᠡᠪᠲᠡᠨ ᠰᠠᠢᠢᠬᠠᠨ ᠰᠤᠷᠬᠤ ᠬᠡᠷᠡᠭᠲᠢ᠃
ᠬᠠᠮᠤᠭ ᠰᠡᠭᠦᠯ ᠳᠦᠨᠢ ᠲᠠᠶᠠᠭᠠᠷ ᠢᠶᠠᠷ ᠮᠠᠨ ᠤ ᠡᠨᠡ ᠦᠢᠯᠡ ᠵᠢ ᠲᠡᠮᠵᠢᠵᠤ ᠂ ᠡᠬᠡ ᠬᠡᠯᠡ ᠦᠭᠡᠢ ᠬᠤᠭᠡᠳ ᠳᠤ ᠡᠬᠡ ᠬᠡᠯᠡ ᠵᠢ ᠨᠢ ᠤᠯᠭᠤᠬᠤ ᠵᠠᠪᠰᠢᠶᠠᠨ ᠵᠢ ᠪᠢᠲᠠ
-
2013-05-11
UNICODE google
-
2013-05-11
UNICODE
-
2013-05-05
windows 7 windows xp