

ᠮᠢᠩᠭᠠᠨ ᠵᠢᠯ᠂ ᠮᠢᠩᠭᠠᠨ ᠦᠬᠡᠨ ‍ᠣ ᠲᠤᠪᠴᠢ ᠤᠷᠤᠰᠢᠪᠠᠢ

2019-05-08 15:40
  175
  0
   ᠮᠢᠩᠭᠠᠨ ᠵᠢᠯ᠂ ᠮᠢᠩᠭᠠᠨ ᠦᠬᠡᠨ ‍ᠣ ᠲᠤᠪᠴᠢ ᠤᠷᠤᠰᠢᠪᠠᠢ

   ᠾᠦᠩᠨᠦ᠂ ᠳ᠋ᠦᠩᠬᠤ᠂ ᠰᠢᠶᠠᠨᠪᠢ᠂ ᠷᠦ᠋ ᠿᠠᠨ᠂ ᠲᠦᠷᠦᠭ᠂ ᠤᠢᠭᠤᠷ ᠭᠡᠳ᠂ ᠮᠢᠩᠭᠠᠨ ᠵᠢᠯ᠃      
   ᠬᠠᠮᠤᠭ ᠢ ᠮᠡᠳᠡᠵᠦ ᠪᠠᠢᠭᠰᠠᠨ ᠾᠦᠩᠨᠦ ᠨᠠᠷ ᠤᠨ ᠬᠠᠮᠢᠭ᠎ᠠ ᠤᠴᠢᠭᠰᠠᠨ ᠢ ᠨᠢ ᠡᠰᠨ ᠮᠡᠳᠡᠪᠡ ᠬᠡᠮᠡᠨ ᠤᠬᠠᠭ᠎ᠠ ᠶᠢ ᠨᠢ ᠤᠯᠤᠭᠰᠠᠨ ᠦᠬᠡᠢ ᠳᠠᠭᠠᠨ ᠤᠷᠮ᠎ᠠ ᠬᠤᠭᠤᠷᠠᠭᠰᠠᠨ ᠬᠢᠲᠠᠳ ᠮᠠᠨᠢ ᠡᠢᠨᠬᠦ ᠦᠰᠦᠭᠯᠡᠨ ᠲᠡᠮᠳᠡᠭᠯᠡᠵᠡᠢ᠃     
   ᠳ᠋ᠦᠩᠬᠤ ᠠᠴᠠ ᠰᠤᠭᠤᠷᠠᠭᠠᠳ ᠦᠬᠤᠸᠠᠨ ᠰᠢᠶᠠᠨᠪᠢ ᠬᠡᠵᠤ ᠪᠤᠢ ᠪᠤᠯᠪᠠ᠂ ᠾᠦᠩᠨᠦ ᠶᠢᠨ ᠪᠠᠭᠤᠷᠢ ᠳᠡᠭᠡᠷ᠎ᠠ ᠰᠢᠶᠠᠨᠪᠢ ᠤᠯᠤᠰ ᠪᠤᠰᠪᠠ᠂ ᠡᠷ᠎ᠠ ᠬᠦᠮᠦᠨ ᠰᠢᠭ ᠲᠤᠭᠯᠠᠵᠤ᠂ ᠡᠯᠡᠰᠦ ᠰᠢᠭ ᠴᠠᠴᠤᠭᠳᠠᠵᠠᠢ᠃    
   ᠦᠨᠳᠦᠷ ᠲᠡᠷᠭᠡᠲᠤ ᠭᠡᠳ᠂ ᠦᠳᠦ ᠬᠤᠷᠤᠬᠠᠢ ᠶᠢᠨ ᠲᠦᠷᠦᠯᠳᠡᠨ ᠬᠡᠮᠡᠨ ᠰᠠᠢᠨ ᠮᠠᠭᠤ ᠨᠡᠷ᠎ᠠ ᠰᠤᠨᠤᠰᠤᠭᠰᠠᠨ ᠷᠦ᠋ ᠿᠠᠨ᠂ ᠲᠷᠦᠺ ᠭᠡᠳ ᠠᠷᠤ ᠠᠷᠤ ᠠᠴᠠ ᠪᠠᠨ ᠭᠠᠷᠴᠤ ᠢᠷᠡᠪᠡ᠂ ᠭᠤᠴᠢᠨ ᠤᠪᠤᠭᠲᠤ ᠲᠦᠷᠦᠭ᠂ ᠠᠷᠪᠠᠨ ᠤᠪᠤᠭᠲᠤ ᠤᠢᠭᠤᠷ᠂ ᠶᠢᠰᠦᠨ ᠤᠪᠤᠭᠲᠤ ᠤᠭᠤᠽ᠂ ᠶᠢᠰᠦᠨ ᠤᠪᠤᠭᠲᠤ ᠤᠢᠭᠤᠷ᠂ ᠭᠤᠴᠢᠨ ᠤᠪᠤᠭᠲᠤ ᠲᠠᠲ᠋ᠠᠷ ᠪᠤᠯᠤᠨ ᠶᠢᠰᠦᠨ ᠤᠪᠤᠭᠲᠤ ᠲᠠᠲ᠋ᠠᠷ ᠁ ᠭᠡᠰᠡᠨ ᠮᠠᠯ ᠠᠬᠤᠢ ᠲᠠᠢ ᠠᠢᠮᠠᠭ ᠤᠯᠤᠰ ᠤᠨ ᠨᠡᠷ᠎ᠠ ᠴᠤᠪᠤᠨ᠎ᠠ᠁ ᠲᠡᠮᠤᠷ ᠲᠤᠭᠤᠯᠭᠠᠲᠠᠨ ᠬᠡᠮᠡᠬᠦ ᠳᠠᠢᠴᠢᠨ ᠴᠤᠯᠨ ᠲᠠᠢ ᠲᠦᠷᠦᠭ ᠦᠳ ᠢ ᠲᠩᠷᠢ ᠳᠦ ᠲᠡᠬᠦᠯᠢᠭᠰᠡᠨ ᠱᠤᠩᠬᠤᠷ ᠰᠢᠪᠠᠭᠤ ᠪᠤᠯᠤᠭᠰᠠᠨ ᠤᠢᠭᠤᠷᠴᠤᠳ ᠨᠢ ᠦᠯᠳᠡᠵᠤ ᠬᠦᠭᠡᠭᠡᠳ ᠯᠠ᠁ ᠤᠢᠭᠤᠷ ᠦᠨ ᠬᠠᠭᠠᠳ ᠬᠠᠷᠠᠴᠤ ᠨᠤᠭᠤᠳ ᠬᠤᠭᠤᠷᠤᠨᠳᠤ ᠪᠠᠨ ᠲᠤᠷᠭ᠎ᠠ ᠬᠡᠮᠡᠷᠯᠢᠭ᠂ ᠲᠤᠭᠠᠳᠤ ᠬᠡᠳᠦᠨ ᠴᠤᠯᠨ ᠬᠡᠷᠬᠡᠮ ᠭᠡᠳ ᠬᠠᠭᠠᠷᠠᠯᠳᠤᠵᠤ ᠬᠢᠮᠦᠷᠠᠯᠳᠤᠭᠠᠳ ᠯᠠ᠁ᠠᠭᠤᠯᠠᠨ ‍ᠣ ᠪᠦᠷᠬᠦᠳ ᠪᠤᠯᠤᠭᠰᠠᠨ ᠬᠢᠷᠬᠢᠰ ᠦᠳ᠂ ᠬᠤᠢᠳᠦ ᠵᠦᠭ ᠡᠴᠡ ᠢᠷᠡᠵᠤ ᠬᠤᠢᠮᠦᠷ ᠲᠤ ᠨᠢ ᠵᠠᠯᠠᠷᠠᠭᠠᠳ ᠯᠠ᠁ ᠬᠢᠷᠦᠬᠡᠨ ᠰᠢᠳᠦ ᠵᠠᠷᠠᠭᠠᠨ ᠦᠰᠦ ᠪᠤᠯᠤᠭᠰᠠᠨ ᠢᠯᠳᠦ ᠵᠢᠳᠠ ᠶᠢᠨ ᠲᠤᠮᠳᠠᠭᠤᠷ᠂ ᠲᠡᠥᠬᠡ ᠲᠡᠬᠦᠰᠭᠡᠯ ᠦᠬᠡᠢ᠃     
᠁ ᠁ ᠁ ᠁ ᠁ ᠁ ᠁ ᠁      
   ᠠᠯᠲᠠᠢ ᠬᠠᠩᠭᠠᠢ ᠭᠡᠳ᠂ ᠠᠮᠠᠭᠠᠢ ᠵᠢᠯᠤᠭᠤ ᠪᠤᠯᠢᠶᠠᠯᠳᠦᠨ᠂ ᠠᠷᠤ ᠦᠪᠦᠷ ᠭᠡᠳ ᠲᠦᠷᠦᠭᠡ ᠬᠠᠷᠰᠢᠭᠤᠯᠤᠨ ᠳᠠᠪᠬᠢᠯᠳᠤᠭᠰᠠᠨ ᠲᠦᠷᠦᠭ ᠦᠳ᠂ ᠠᠯᠲᠠᠢ ᠳᠠᠪᠠᠨ ᠠᠯᠤᠰ ᠢ ᠵᠤᠷᠢᠪᠠ᠂ ᠠᠷᠤ ᠠᠴᠠ ᠨᠢ ᠤᠢᠭᠤᠷ᠂ ᠬᠢᠷᠬᠢᠰ ᠭᠡᠳ ᠤᠪᠤᠨ ᠴᠤᠪᠤᠨ ᠤᠳᠤᠪᠠ᠃     
   ᠲᠦᠷᠦᠭ ᠦᠳ᠂ ᠤᠢᠭᠤᠷ᠂ ᠬᠢᠷᠬᠢᠰ ᠦᠳ ᠦᠨ ᠤᠨᠠᠭᠠᠨ ᠨᠤᠲᠤᠭ ᠭᠡᠵᠤ᠂ ᠠᠯᠲᠠᠢ ᠠᠴᠠ ᠪᠠᠷᠠᠭᠤᠨ᠂ ᠪᠠᠷᠠᠭᠤᠨ ᠬᠤᠢᠰᠢ ᠪᠠᠨ ᠪᠠᠢᠭᠰᠠᠨ ᠠᠵᠠᠢ᠂ ᠲᠦᠷᠦᠭ᠂ ᠤᠢᠭᠤᠷ᠂ ᠬᠢᠷᠬᠢᠰ ᠦᠳ ᠭᠡᠳ ᠪᠠᠷᠠᠭᠤᠨ ᠠᠴᠠ ᠮᠤᠩᠭᠤᠯ ᠤᠨ ᠦᠨᠳᠦᠷᠯᠢᠭ ᠤᠷᠤᠭᠤ ᠨᠡᠪᠲᠡᠷᠡᠭᠡᠳ᠂ ᠡᠷᠬᠢᠵᠦ ᠠᠯᠲᠠᠢ ᠳᠠᠪᠠᠨ ᠪᠤᠷᠤ ᠮᠦᠷ ᠢᠶᠡᠷ ᠢᠶᠡᠨ ᠪᠤᠴᠠᠭᠠᠳ ᠶᠠᠪᠤᠭᠰᠠᠨ ᠤᠯᠤᠰ ᠪᠠᠢᠨ᠎ᠠ᠃ ᠠᠯᠲᠠᠢ ᠠᠴᠠ ᠬᠢᠩᠭᠠᠨ ᠬᠦᠷᠲᠡᠯ᠎ᠠ᠂ ᠲᠷᠦᠺ ᠪᠤᠰᠤ ᠮᠤᠩᠭᠤᠯ ᠬᠡᠯᠡᠲᠠᠢ ᠤᠯᠤᠰ ᠤᠳ ᠠᠮᠢᠳᠤᠷᠠᠳᠠᠭ ᠪᠠᠢᠪᠠ᠃ ᠬᠡᠯᠡᠨ ‍ᠣ ᠢᠯᠭᠠᠭ᠎ᠠ ᠲᠡᠳᠦᠢ ᠦᠬᠡᠢ ᠬᠢᠯᠢ ᠶᠢᠨ ᠢᠯᠭᠠᠭ᠎ᠠ ᠪᠠᠢᠭᠰᠠᠨ ᠪᠤᠯᠪᠠ ᠦᠦ︖     
᠁ ᠁ ᠁ ᠁ ᠁ ᠁ ᠁ ᠁      
   ᠡᠷᠲᠡᠨ ‍ᠣ ᠢᠯ ᠬᠠᠭᠠᠨᠲᠤ ᠤᠯᠤᠰ ᠤᠨ ᠬᠠᠭᠠᠨ ‍ᠣ ᠤᠷᠳᠤᠨ ‍ᠣ ᠰᠤᠳᠤᠷᠴᠢ ᠲᠦᠰᠢᠮᠡᠯ ᠦᠨ ᠦᠰᠦᠭᠭᠯᠡᠭᠰᠡᠨ ᠬᠠᠭᠤᠳᠠᠰᠤᠨ ᠠᠴᠠ ᠡᠰᠢᠯᠠᠪᠠᠰᠤ᠄ ᠷᠠᠰᠢᠳ᠋ ᠠᠳ᠋ ᠳ᠋ᠢᠨ ‍ᠣ︽ᠰᠤᠳᠤᠷ ᠤᠨ ᠴᠢᠭᠤᠯᠭᠠᠨ︾︽ᠪᠠᠷᠤᠭᠴᠠᠭᠠᠯᠠᠪᠠᠯ᠂ ᠤᠳᠤᠨᠴᠨ ᠬᠤᠶᠠᠷ ᠮᠢᠩᠭᠠᠨ ᠵᠢᠯᠦᠨ ᠲᠡᠷᠲᠡᠭᠡ ᠡᠷᠳ᠋ᠨ ᠴᠠᠭᠲᠤ᠂ ᠮᠤᠩᠭᠤᠯ ᠬᠡᠮᠡᠨ ᠨᠡᠷᠡᠢᠳᠴᠤ ᠠᠭᠰᠠᠨ ᠲᠡᠷᠨ ᠠᠢᠮᠠᠭ᠂ ᠪᠤᠰᠤᠳ ᠲᠦᠷᠦᠭ ᠠᠢᠮᠠᠭ ᠲᠠᠢ ᠵᠦᠷᠢᠴᠠᠯ ᠲᠡᠮᠡᠴᠡᠭᠡᠨ ᠪᠤᠯᠵᠤ᠂ ᠳᠠᠢᠨ ᠰᠢᠪᠲᠤᠷᠠᠬᠤ ᠳᠤ᠂ ᠪᠤᠰᠤᠳ ᠠᠢᠮᠠᠭ ᠨᠢ ᠮᠤᠩᠭᠤᠯᠴᠤᠳ ᠢ ᠢᠯᠠᠨ ᠳᠠᠷᠤᠵᠤ ᠬᠢᠳᠤᠭᠠᠳ᠂ ᠬᠤᠰᠢᠶᠠᠳ ᠡᠷ᠎ᠠ ᠡᠮ᠎ᠠ ᠠᠮᠢᠳᠤ ᠦᠯᠡᠳᠡᠭᠰᠡᠨ ᠬᠡᠮᠡᠨ ᠬᠦᠨᠳᠦᠳᠦ ᠢᠲᠡᠬᠡᠮᠵᠢᠲᠠᠢ ᠬᠦᠮᠦᠰ ᠶᠠᠷᠢᠳᠠᠭ ᠶᠠᠷᠢᠶ᠎ᠠ ᠪᠤᠢ᠂ ᠬᠤᠶᠠᠷ ᠡᠷᠦᠬᠡ᠂ ᠳᠠᠢᠰᠦᠨ ᠠᠴᠠ ᠪᠡᠨ ᠵᠢᠭᠤᠳᠠᠭᠠᠳ᠂ ᠤᠴᠢᠬᠤ ᠳᠤ ᠪᠡᠷᠬᠡ ᠪᠠᠷᠲᠠᠭ᠎ᠠ ᠲᠠᠢ ᠭᠠᠵᠠᠷ ᠪᠦᠭᠡᠳ ᠭᠠᠭᠴᠨ ᠨᠠᠷᠢᠨ ᠵᠢᠮ ᠡᠴᠡ ᠦᠬᠡᠷ᠎ᠠ ᠤᠷᠤᠬᠤ ᠵᠠᠮ ᠦᠬᠡᠢ ᠠᠭᠤᠯᠨ ᠬᠠᠳ᠋ᠨ᠂ ᠶᠡᠬᠡ ᠤᠢ ᠪᠠᠷ ᠬᠦᠷᠢᠶᠠᠯᠠᠭᠳᠠᠭᠰᠠᠨ ᠬᠡᠴᠡᠬᠦᠦ ᠨᠤᠲᠤᠭ ᠲᠤ ᠤᠯᠴᠠᠢᠵᠠᠢ᠂ ᠲᠡᠷᠨ ᠨᠢ ᠠᠭᠤᠯᠨ ᠬᠠᠳ᠋ᠨ ᠲᠤᠮᠳᠠᠭᠤᠷ ᠡᠯᠪᠡᠭ ᠡᠪᠠᠰᠤ ᠲᠠᠢ ᠡᠷᠡᠬᠦᠯ ᠲᠠᠯ᠎ᠠ ᠨᠤᠲᠤᠭ ᠪᠠᠢᠵᠠᠢ᠂ ᠡᠨᠡ ᠭᠠᠵᠠᠷ ᠢ ᠡᠷᠬᠦᠨ᠎ᠡ ᠬᠤᠨ︵ᠬᠦᠨ︶ᠬᠡᠳᠡᠭ᠃︾ᠬᠡᠮᠡᠵᠠᠢ᠃     
   ᠮᠤᠩᠭᠤᠯ ᠨᠤᠲᠤᠭ ᠠᠴᠠ ᠵᠠᠢᠳᠠᠭᠤ ᠪᠠᠢᠭᠰᠠᠨ ᠢᠯ ᠬᠠᠭᠠᠨ ‍ᠣ ᠤᠷᠳᠦᠨ ᠳᠤ ᠪᠤᠯᠤᠳ ᠴᠢᠩᠰᠠᠩ᠂ ᠡᠪᠦᠭᠡ ᠳᠡᠭᠡᠳᠦᠰ ᠦᠨ ᠬᠢ ᠪᠡᠨ ᠦᠬᠦᠯ ᠮᠦᠬᠦᠯ ᠳᠦ ᠨᠢᠭᠤᠷᠯᠠᠭᠰᠠᠨ ᠦᠯᠢᠬᠡᠷ ᠢ ᠬᠠᠷᠢ ᠬᠦᠮᠦᠨ ᠳᠦ ᠬᠠᠴᠢᠨ ᠰᠤᠨᠢᠨ ᠪᠤᠯᠭᠠᠵᠤ ᠶᠠᠷᠢᠭᠰᠠᠨ ᠪᠢᠰᠢ ᠪᠠᠢᠬᠤ᠂ ᠫᠧᠷᠰ ᠭᠠᠵᠠᠷ ᠤᠨ ᠭᠠᠯ ᠮᠡᠲᠤ ᠰᠢᠲᠠᠭᠰᠠᠨ ᠡᠯᠡᠰᠦ ᠂ ᠭᠠᠯᠪᠠ ᠶᠡᠭᠦᠷᠴᠦ ᠪᠠᠢᠭ᠎ᠠ ᠮᠡᠲᠤ ᠡᠷᠬᠢ ᠪᠡᠨ ᠰᠠᠪᠠᠬᠤ ᠳᠠᠯᠠᠢ ᠶᠢᠨ ᠤᠰᠤ ᠶᠠᠭᠤ ᠨᠢᠬᠡ ᠶᠢ ᠪᠤᠳᠤᠭᠤᠯᠠᠭᠰᠠᠨ ᠪᠠᠢᠬᠤ᠃ ᠤᠨᠠᠭᠠᠨ ᠮᠤᠩᠭᠤᠯ ᠨᠤᠲᠤᠭ ᠲᠠᠭᠠᠨ ᠪᠢᠴᠢᠭᠳᠡᠭᠰᠡᠨ ᠬᠡᠮᠡᠬᠦ︽ᠨᠢᠭᠤᠴᠨ ᠲᠤᠪᠴᠢᠶᠠᠨ︾ᠳᠤ︽ᠳᠡᠭᠡᠷ᠎ᠠ ᠲᠩᠷᠢ ᠡᠴᠡ ᠢᠵᠠᠭᠤᠷᠲᠤ︾ᠬᠡᠮᠡᠨ ᠡᠬᠢᠯᠡᠳᠡᠭ ᠠᠲᠠᠯ᠎ᠠ ᠳᠡᠭᠡᠷᠡᠬᠢ ᠲᠤᠮᠤᠭ ᠢ ᠦᠯᠦ ᠳᠤᠷᠠᠳᠤᠨ᠎ᠠ᠂ ᠰᠤᠨᠢᠨ ᠪᠢᠵᠨ᠃     
   ᠲᠤᠭᠤᠰᠦ ᠲᠠᠲᠠᠭᠤᠯᠤᠨ ᠢᠷᠡᠵᠤ ᠤᠴᠢᠬᠤ ᠨᠡᠬᠦᠳᠡᠯ ᠦᠨ ᠴᠤᠪᠤᠭ᠎ᠠ᠂ ᠲᠤᠰᠤ ᠳᠠᠭᠠᠭᠠᠵᠤ ᠨᠠᠷᠠᠨ ᠳᠤ ᠡᠷᠴᠢ ᠨᠢ ᠴᠢᠩᠭᠠᠷᠠᠭᠰᠠᠨ ᠰᠤᠷ ᠤᠨ ᠵᠠᠩᠬᠢᠳᠤᠭ᠎ᠠ᠂ ᠪᠦᠮᠪᠦᠭᠡᠷ ᠴᠠᠭᠠᠨ ᠢᠰᠡᠬᠡᠢ ᠭᠡᠷ ᠲᠦ ᠬᠠᠩᠬᠢᠨᠠᠭᠰᠠᠨ ᠤᠷᠲᠤ ᠶᠢᠨ ᠲᠠᠭᠤᠤ᠂ ᠰᠠᠯᠬᠢ ᠰᠦᠷᠦᠨ ᠡᠪᠠᠰᠦᠨ ‍ᠣ ᠲᠤᠯᠤᠭᠠᠢ ᠬᠠᠵᠠᠯᠠᠬᠤ ᠬᠤᠨᠢ ᠦᠬᠡᠷ ᠦᠨ ᠰᠦᠷᠦᠭ᠂ ᠭᠤᠪᠢ ᠶᠢᠨ ᠵᠡᠷᠬᠡᠯᠡᠬᠡᠨ ᠳᠤ ᠬᠦᠪᠦᠯᠵᠡᠬᠦ ᠪᠦᠬᠦᠲᠤ ᠲᠡᠮᠡᠬᠡ᠂ ᠡᠨᠡ ᠪᠦᠬᠦᠨ ᠲᠤᠮᠳᠠᠳᠤ ᠤᠷᠤᠨ ‍ᠣ ᠪᠢᠴᠢᠭᠲᠡᠨ ᠳᠤ ᠦᠯᠦ ᠤᠢᠯᠠᠭᠠᠭᠳᠠᠬᠤ ᠶᠡᠷᠳᠢᠨᠴᠤ ᠮᠡᠲᠤ᠃     
   ︽ᠬᠠᠭᠤᠴᠢᠨ ᠲᠠᠩ ᠤᠯᠤᠰ ᠤᠨ ᠪᠢᠴᠢᠭ᠂ ᠪᠸᠢ ᠳ᠋ᠢ ᠶᠢᠨ ᠱᠠᠰᠲᠢᠷ︾ᠲᠤ᠂蒙兀室韦 ᠭᠡᠵᠤ ᠲᠡᠮᠳᠡᠭᠯᠡᠭᠰᠡᠨ ᠢ︽ᠮᠤᠩᠭᠤᠯ︾ᠬᠡᠮᠡᠬᠦ ᠦᠭᠡ᠂ ᠲᠡᠥᠬᠡᠨ ᠰᠤᠷᠪᠤᠯᠵᠢ ᠳᠤ ᠠᠩᠬ᠎ᠠ ᠲᠡᠮᠳᠡᠭᠯᠡᠭᠳᠡᠭᠰᠡᠨ ᠪᠠᠷᠢᠮᠳ᠋ᠨ ᠬᠡᠮᠡᠨ ᠰᠤᠳᠤᠯᠠᠭᠠᠴᠢᠳ ᠦᠵᠡᠳᠡᠭ᠂︽ᠮᠤᠩᠭᠤᠯ ᠤᠨ ᠨᠢᠭᠤᠴᠨ ᠲᠤᠪᠴᠢᠶᠠᠨ ︾  ᠲᠡᠮᠳᠡᠭᠯᠡᠭᠰᠡᠨ ᠢᠶᠡᠷ ᠪᠤᠯ᠂ ᠴᠢᠩᠬᠢᠰ ᠦᠨ ᠳᠡᠭᠡᠳᠦᠰ ᠨᠢ ᠲᠡᠩᠬᠢᠰ ᠳᠠᠯᠠᠢ︵ᠬᠦᠯᠦᠨ ᠨᠠᠭᠤᠷ︶ ᠬᠡᠲᠦᠯᠡᠵᠦ᠂ ᠬᠡᠨᠳᠠᠢ ᠶᠢᠨ ᠡᠬᠢ ᠪᠡᠷ ᠨᠤᠲᠤᠭᠯᠠᠭᠰᠠᠨ ᠬᠡᠳᠡᠭ᠂ ᠡᠨᠡ ᠲᠡᠥᠬᠡᠨ ᠤᠴᠢᠷ ᠢ ᠪᠠᠷᠤᠭ ᠲᠠᠪᠤᠳᠤᠭᠠᠷ ᠵᠠᠭᠤᠨ ‍ᠣ ᠦᠶ᠎ᠡ ᠪᠤᠯᠤᠭᠰᠠᠨ ᠪᠠᠢᠬ᠎ᠠ ᠭᠡᠵᠤ ᠰᠤᠳᠤᠯᠭᠠᠴᠢᠳ ᠦᠵᠡᠳᠡᠭ᠂ ᠴᠢᠩᠬᠢᠰ ᠦᠨ ᠳᠡᠭᠡᠳᠦᠰ ᠨᠢ ᠬᠢᠩᠭᠠᠨ ᠠᠭᠤᠯᠨ ᠪᠤᠶᠤ ᠬᠦᠯᠦᠨ ᠪᠦᠢᠷ ᠦᠨ ᠤᠷᠴᠢᠮ ᠠᠴᠠ ᠪᠠᠷᠠᠭᠤᠨ ᠪᠤᠶᠤ ᠪᠠᠷᠠᠭᠤᠨ ᠬᠤᠢᠰᠢ ᠪᠠᠨ ᠨᠡᠬᠦᠵᠦ᠂ ᠬᠡᠨᠳᠡᠢ ᠶᠢᠨ ᠡᠬᠢᠨ ᠳᠦ ᠤᠴᠢᠵᠦ ᠨᠤᠲᠤᠭᠯᠠᠭᠰᠠᠨ ᠨᠢ ᠨᠡᠯᠢᠶᠡᠳ ᠦᠬᠡᠢ ᠴᠠᠭ ᠬᠤᠭᠤᠴᠠᠭ᠎ᠠ ᠶᠢ ᠦᠩᠬᠡᠷᠡᠬᠦᠯᠦᠭᠰᠡᠨ ᠪᠤᠯᠤᠯᠲᠠᠢ᠃     
   ︽ᠸᠸᠢ ᠤᠯᠤᠰ ᠤᠨ ᠪᠢᠴᠢᠭ︾ᠲᠦ᠂ ᠱᠢ ᠸᠸᠢ᠂︽ᠰᠦᠢ ᠤᠯᠤᠰ ᠤᠨ ᠪᠢᠴᠢᠭ︾᠂︽ᠬᠠᠭᠤᠴᠢᠨ ᠲᠠᠩ ᠤᠯᠤᠰ ᠤᠨ ᠪᠢᠴᠢᠭ︾᠂︽ᠰᠢᠨ᠎ᠠ ᠲᠠᠩ ᠤᠯᠤᠰ ᠤᠨ ᠪᠢᠴᠢᠭ︾ᠲᠦ ᠭᠡᠳ ᠱᠢ ᠸᠸᠢ ᠲᠠᠢ ᠬᠤᠯᠪᠤᠭ᠎ᠠ ᠲᠠᠢ ᠶᠢᠰᠦᠨ ᠠᠢᠮᠠᠭ ᠤᠨ ᠨᠡᠷ᠎ᠠ ᠳᠤᠷᠠᠳᠤᠭᠳᠠᠬᠤ ᠪᠦᠭᠡᠳ ᠬᠢᠩᠭᠠᠨ ᠳᠠᠪᠠᠭ᠎ᠠ︵山  岭︶᠂ ᠡᠷᠬᠦᠨ᠎ᠡ ᠬᠤᠨ︵望建河᠂ᠡᠧᠨᠩᠬᠢ  ᠢᠶᠠᠷhonkirnaur  ᠮᠤᠩᠭᠤᠯ ᠢᠶᠠᠷErgünee gol︶ᠬᠦᠯᠦᠨ ᠨᠠᠭᠤᠷ︵俱轮泊︶  ᠪᠠᠭᠲᠠᠭᠠᠭᠰᠠᠨ ᠭᠠᠵᠠᠷ ᠨᠤᠲᠤᠭ ᠢᠶᠠᠷ ᠤᠷᠤᠰᠢᠨ ᠠᠮᠢᠳᠤᠷᠠᠳᠠᠭ ᠪᠠᠢᠵᠠᠢ᠃      
   ᠬᠤᠯᠪᠤᠭᠳᠠᠯᠲᠠᠢ ᠦᠰᠦᠭ ᠪᠢᠴᠢᠭ ᠦᠨ ᠪᠠᠷᠢᠮᠳ᠋ᠨ ᠠᠴᠠ ᠦᠵᠡᠬᠦ ᠳᠦ᠂ ᠱᠢ ᠸᠸᠢ ᠪᠤᠯᠤᠨ ᠬᠢᠳᠠᠨ ᠢᠵᠠᠭᠤᠷ ᠨᠢᠬᠡᠨᠲᠠᠢ᠂ ᠲᠡᠳᠡᠨ ‍ᠣ ᠳᠡᠭᠡᠳᠦᠰ ᠢ ᠳᠡᠭᠡᠭᠰᠢ ᠪᠡᠨ ᠦᠬᠤᠸᠠᠨ ᠰᠢᠶᠠᠨᠪᠢ᠂ ᠦᠬᠤᠸᠠᠨ ᠰᠢᠶᠠᠨᠪᠢ ᠠᠴᠠ ᠳᠡᠭᠡᠭᠰᠢ ᠪᠡᠨ ᠳ᠋ᠦᠩᠬᠤ ᠬᠡᠮᠡᠵᠡᠢ᠂ ᠭᠠᠵᠠᠷ ᠵᠦᠢ ᠶᠢᠨ ᠪᠠᠢᠷᠢᠰᠢᠯ ᠤᠨ ᠬᠤᠪᠢ ᠳᠤ᠂ ᠳ᠋ᠦᠩᠬᠤ᠂ ᠦᠬᠤᠸᠠᠨ ᠰᠢᠶᠠᠨᠪᠢ᠂ ᠮᠧᠩ ᠦ᠋ ᠱᠢ ᠸᠸᠢ᠂ ᠬᠢᠳᠠᠨ ᠨᠠᠷ ᠨᠢ ᠮᠤᠩᠭᠤᠯ ᠤᠨ ᠦᠨᠳᠦᠷᠯᠢᠭ ᠦᠨ ᠵᠡᠬᠦᠨ ᠬᠡᠰᠡᠭ᠂ ᠵᠡᠬᠦᠨ ᠬᠤᠢᠭᠤᠷ ᠨᠤᠲᠤᠭᠯᠠᠳᠠᠭ ᠪᠠᠢᠪᠠ᠃     
   ᠡᠨᠳᠡ ᠡᠴᠡ ᠳᠡᠭᠡᠭᠰᠢ ᠪᠡᠨ ᠬᠤᠶᠠᠷ ᠮᠢᠩᠭᠠᠨ ‍ᠣ ᠲᠡᠷᠲᠡᠭᠡ ᠬᠦᠷᠲᠡᠯ᠎ᠠ ᠬᠠᠷᠠᠭᠤᠯᠳᠠᠪᠠᠰᠤ᠂︽ᠲᠡᠥᠬᠡᠨ ᠲᠡᠮᠳᠡᠭᠯᠡᠯ︾᠂︽ᠬᠠᠨ ᠤᠯᠤᠰ ᠤᠨ ᠪᠢᠴᠢᠭ︾᠂︽ᠬᠤᠵᠢᠭᠤ ᠬᠠᠨ ᠤᠯᠤᠰ ᠤᠨ ᠪᠢᠴᠢᠭ︾᠂︽ᠭᠤᠷᠪᠠᠨ ᠤᠯᠤᠰ ᠤᠨ ᠤᠢᠯᠠᠯᠭ᠎ᠠ︾᠂ ᠾᠦᠩᠨᠦ ᠳ᠋ᠦᠩᠬᠤ ᠶᠢᠨ ᠮᠦᠷᠬᠦᠯᠳᠦᠭᠡᠨ᠂ ᠪᠠᠷᠲᠠᠭᠠᠲᠤ ᠠᠭᠤᠯᠨ ᠤ ᠪᠢᠲᠡᠬᠦᠦ ᠤᠢ ᠶᠢᠨ ᠲᠤᠳᠤᠷ᠎ᠠ ᠨᠢᠭᠤᠭᠳᠠᠭᠰᠠᠨ ᠦᠬᠤᠸᠠᠨ ᠰᠢᠶᠠᠨᠪᠢ᠂ ᠦᠬᠡᠨ ‍ᠣ ᠰᠡᠵᠢᠬᠦᠷ ᠦᠯᠢᠭᠡᠷ ᠦᠨ ᠤᠴᠢᠭ ᠢ ᠬᠤᠯᠪᠤᠬᠤ ᠮᠡᠲᠤ᠁ᠦᠨᠡᠨ ᠢ ᠦᠬᠦᠯᠡᠬᠦ ᠦᠰᠦᠭ ᠪᠢᠴᠢᠭ ᠦᠨ ᠲᠡᠮᠳᠡᠭᠯᠡᠯ ᠳᠦ ᠪᠤᠳᠤᠯ ᠲᠤᠨᠤᠬᠤ ᠭᠱᠠᠨ᠎ᠠ ᠦᠯᠢᠭᠡᠷ ᠳᠤᠮᠤᠭ ᠤᠨ ᠡᠷᠬᠦᠨ᠎ᠠ ᠬᠤᠨ᠂ ᠲᠡᠥᠬᠡᠨ ᠤᠢ ᠰᠠᠨᠠᠮᠵᠢ ᠪᠤᠯᠬᠤ ᠶᠢ ᠦᠬᠦᠯᠡᠬᠦ ᠠᠵᠠᠢ᠃     
   ᠾᠦᠩᠨᠦ᠂ ᠰᠢᠶᠠᠨᠪᠢ᠂ ᠮᠤᠩᠭᠤᠯ ᠭᠡᠵᠤ ᠢᠵᠠᠭᠤᠷ ᠭᠠᠷᠤᠯ ᠨᠢᠬᠡᠲᠡᠨ᠂ ᠬᠡᠯᠨ ᠨᠢᠬᠡᠳᠡᠨ ‍ᠣ ᠠᠩᠬᠠᠨ ‍ᠣ᠂ ᠳᠠᠷᠠᠭ᠎ᠠ ᠶᠢᠨ᠂ ᠰᠡᠬᠦᠯᠴᠢ ᠶᠢᠨ ᠨᠢᠬᠡᠳᠦᠯ ᠢ ᠬᠦᠢᠴᠡᠳᠬᠡᠭᠰᠡᠨ ᠠᠷᠠᠳ ᠲᠦᠮᠡᠨ ᠪᠤᠯᠤᠨ᠎ᠠ᠂ ᠡᠳᠡᠨᠦᠰ ᠮᠤᠩᠭᠤᠯ ᠤᠨ ᠭᠡᠬᠦ ᠦᠨᠳᠦᠷᠯᠢᠭ ᠦᠨ ᠲᠦᠪ ᠪᠦᠰᠡ᠂ ᠵᠡᠬᠦᠨ ᠪᠦᠰᠨ ᠡᠴᠡ ᠡᠬᠦᠳᠦᠯᠲᠠᠢ ᠮᠠᠯ ᠠᠬᠤᠢᠲᠠᠨ ᠪᠤᠯᠵᠤ ᠬᠠᠷᠠᠭᠳᠠᠨ᠎ᠠ᠃     
 



  
     
     