 

    

2017-06-05 09:13
  923
  0
    
ᠠᠯᠬᠤᠬᠤ – ᠬᠦᠮᠦᠨ ᠦ ᠬᠤᠪᠢ ᠳᠤ ᠡᠩ ᠦᠨ ᠯᠠ ᠵᠦᠢᠯ᠃ ᠪᠡᠶ᠎ᠡ ᠡᠷᠬᠡᠲᠡᠨ ᠦ ᠶᠠᠮᠠᠷ ᠨᠢᠭᠡᠨ ᠭᠠᠵᠢᠭ ᠡᠰᠡᠪᠡᠯ ᠠᠯᠬᠤᠵᠤ ᠪᠠᠶᠢᠭ᠎ᠠ ᠭᠠᠵᠠᠷ ᠨᠢ ᠲᠠᠭ᠎ᠠ ᠦᠭᠡᠢ ᠯᠠ ᠪᠢᠰᠢ ᠪᠣᠯ ᠪᠢᠳᠡ ᠪᠦᠭᠦᠳᠡ ᠬᠡᠪ ᠦᠨ ᠬᠦᠯᠢᠶᠡᠵᠦ ᠠᠪᠤᠨ᠎ᠠ᠃ ᠹᠷᠠᠨᠼᠢ ᠶᠢᠨ ᠨᠢᠭᠡᠨ ᠰᠤᠳᠤᠯᠭᠠᠨ ᠠᠴᠠ ᠭᠠᠷᠤᠭᠰᠠᠨ ᠦᠷ᠎ᠡ ᠳᠦᠩ ᠢ ᠦᠨᠳᠦᠰᠦᠯᠡᠨ ᠠᠯᠬᠤᠬᠤ ᠶᠢ ᠵᠥᠪᠯᠡᠵᠦ ᠪᠠᠶᠢᠨ᠎ᠠ᠃ ᠢᠯᠠᠩᠭᠤᠶ᠎ᠠ ᠨᠠᠰᠤ ᠥᠨᠳᠥᠷ ᠪᠣᠯᠤᠭᠰᠠᠨ ᠪᠣᠯ ᠠᠩᠬᠠᠷᠤᠯ ᠳᠤ ᠪᠠᠨ ᠠᠪᠤᠨ᠎ᠠ ᠤᠤ᠃
ᠠᠯᠬᠤᠬᠤ ᠶᠢᠨ ᠠᠴᠢ ᠲᠤᠰᠠ
ᠠᠯᠬᠤᠭ᠎ᠠ ᠨᠢ ᠬᠦᠮᠦᠨ ᠦ ᠪᠡᠶ᠎ᠡ ᠳᠦ ᠬᠡᠷᠬᠢᠨ ᠨᠥᠯᠦᠭᠡᠯᠡᠵᠦ ᠪᠠᠶᠢᠭ᠎ᠠ ᠶᠢ ᠰᠤᠳᠤᠯᠤᠭᠰᠠᠨ ᠰᠤᠳᠤᠯᠭᠠᠨ ᠠᠴᠠ ᠬᠠᠷᠠᠬᠤ ᠳᠤ᠂ 65 ᠨᠠᠰᠤᠨ ᠠᠴᠠ ᠳᠡᠭᠡᠭᠰᠢ ᠬᠦᠮᠦᠰ ᠲᠦ ᠭᠠᠶᠢᠬᠠᠯᠲᠠᠢ ᠦᠷ᠎ᠡ ᠳᠦᠩ ᠥᠭᠴᠦ ᠪᠠᠶᠢᠭ᠎ᠠ ᠶᠢ ᠲᠣᠭᠲᠠᠭᠠᠴᠠᠢ᠄ ᠡᠳᠦᠷ ᠪᠣᠯᠭᠠᠨ 15 ᠮᠢᠨᠦ᠋ᠲ ᠠᠯᠬᠤᠬᠤ ᠳᠤ ᠨᠠᠰᠤ ᠪᠠᠷᠠᠬᠤ ᠮᠠᠭᠠᠳᠯᠠᠯ ᠢ 22% ᠍ ᠢ ᠪᠠᠷ ᠪᠠᠭᠤᠷᠠᠭᠤᠯᠵᠤ ᠪᠠᠶᠢᠨ᠎ᠠ᠃ ᠢᠯᠡᠭᠦᠦ ᠤᠳᠠᠭᠠᠨ᠂ ᠪᠠᠶᠢᠩᠭᠤ ᠠᠯᠬᠤᠪᠠᠯ ᠤᠭ ᠲᠣᠭ᠎ᠠ ᠨᠡᠮᠡᠭᠳᠡᠵᠦ ᠪᠠᠶᠢᠭ᠎ᠠ ᠶᠢ ᠴᠤ ᠲᠣᠭᠲᠠᠭᠠᠴᠠᠢ᠃
ᠰᠤᠳᠤᠯᠭ᠎ᠠ ᠶᠢ ᠤᠳᠤᠷᠢᠳᠤᠭᠰᠠᠨ ᠬᠦᠮᠦᠨ ᠦ ᠵᠦᠭ ᠡᠴᠡ ᠬᠡᠯᠡᠬᠦ ᠳᠦ ᠪᠡᠨ᠄ 《ᠥᠨᠳᠥᠷ ᠨᠠᠰᠤ ᠪᠡᠶ᠎ᠡ ᠶᠢᠨ ᠬᠦᠴᠦᠨ ᠦ ᠳᠠᠰᠬᠠᠯ ᠬᠢᠬᠦ ᠦᠭᠡᠢ ᠪᠠᠶᠢᠬᠤ ᠰᠢᠯᠲᠠᠭᠠᠨ ᠪᠣᠯᠬᠤ ᠦᠭᠡᠢ᠃ ᠪᠠᠶᠢᠩᠭᠤ ᠶᠢᠨ ᠳᠠᠰᠬᠠᠯ ᠰᠤᠷᠭᠠᠭᠤᠯᠢᠯᠲᠠ ᠨᠢ ᠡᠷᠡᠭᠦᠯ ᠮᠡᠨᠳᠦ ᠳᠦ ᠰᠠᠶᠢᠨ ᠢᠶᠠᠷ ᠨᠥᠯᠦᠭᠡᠯᠡᠳᠡᠭ ᠢ ᠪᠠᠲᠤᠯᠠᠭᠰᠠᠨ᠃ ᠡᠨᠡ ᠨᠢ ᠠᠨᠠᠭᠠᠬᠤ ᠶᠢᠨ ᠡᠮᠴᠢᠯᠡᠭᠡᠨ ᠡᠴᠡ ᠴᠤ ᠢᠯᠡᠭᠦᠦ ᠦᠷ᠎ᠡ ᠳ᠋ᠦᠩ ᠲᠡᠢ᠃ ᠬᠠᠷᠠᠮᠰᠠᠯᠲᠠᠢ ᠨᠢ ᠴᠥᠭᠡᠨ ᠲᠣᠭᠠᠨ ᠤ ᠥᠨᠳᠦᠷ ᠨᠠᠰᠤᠲᠠᠨ ᠨᠤᠭᠤᠳ ᠳᠣᠯᠣᠭ᠎ᠠ ᠬᠣᠨᠣᠭ ᠲᠤ ᠪᠠᠨ ᠠᠪᠬᠤ ᠶᠣᠰᠣᠲᠠᠢ ᠪᠡᠶ᠎ᠡ ᠶᠢᠨ ᠠᠴᠢᠶᠠᠯᠠᠯ ᠤᠨ ᠢᠶᠠᠨ ᠲᠠᠯ᠎ᠠ ᠬᠤᠪ ᠢ ᠯᠠ ᠠᠪᠴᠤ ᠪᠠᠶᠢᠨ᠎ᠠ》 ᠭᠡᠵᠡᠢ᠃
ᠭᠠᠭᠴᠠᠬᠠᠨ ᠰᠤᠳᠤᠯᠭᠠᠨ ᠤ ᠦᠷ᠎ᠡ ᠳᠦᠩ – ᠮᠡᠳᠡᠭᠡ ᠪᠢᠰᠢ
ᠠᠯᠬᠤᠭ᠎ᠠ ᠶᠢ ᠬᠦᠮᠦᠨ ᠦ ᠡᠷᠡᠭᠦᠯ ᠠᠮᠢᠳᠤᠷᠠᠯ ᠤᠨ ᠬᠡᠪ ᠮᠠᠶ᠋ᠢᠭᠲᠤ ᠬᠡᠪᠰᠢᠭᠦᠯᠬᠦ ᠠᠰᠠᠭᠤᠳᠠᠯ ᠢ ᠡᠷᠳᠡᠮᠲᠡᠳ ᠡᠷᠲᠡᠨ ᠡᠴᠡ ᠰᠤᠳᠤᠯᠵᠤ ᠡᠬᠢᠯᠡᠭᠰᠡᠨ᠃ ᠬᠦᠮᠦᠰ ᠦᠨ ᠶᠡᠬᠡᠩᠬᠢ ᠨᠢ ᠠᠯᠬᠤᠭ᠎ᠠ ᠶᠢ ᠠᠶᠢᠷᠣᠪᠧᠺ ᠲᠡᠢ ᠠᠳᠠᠯᠢᠬᠠᠨ ᠰᠫᠣᠷᠲ ᠭᠡᠵᠦ ᠬᠦᠯᠢᠶᠡᠵᠦ ᠠᠪᠬᠤ ᠦᠭᠡᠢ ᠪᠠᠶᠢᠭ᠎ᠠ ᠤᠴᠢᠷ ᠠᠴᠠ ᠠᠩᠬᠠᠷᠬᠤ ᠦᠭᠡᠢ ᠪᠠᠶᠢᠭ᠎ᠠ ᠪᠣᠯᠪᠠ ᠤᠤ. 《ᠠᠶᠢᠷᠣᠪ》 ᠲᠥᠷᠥᠯ ᠦᠨ ᠰᠫᠣᠷᠲᠣᠳ ᠴᠤᠬᠤᠮ ᠵᠢᠷᠦᠬᠡᠨ ᠦ ᠬᠡᠮᠨᠡᠯ ᠢ ᠲᠣᠭᠪᠤᠷᠢᠵᠢᠭᠤᠯᠬᠤ᠂ ᠪᠤᠯᠴᠢᠩ ᠢ ᠨᠡᠮᠡᠯᠲᠡ ᠬᠦᠴᠢᠯᠲᠥᠷᠦᠭᠴᠢ ᠪᠡᠷ ᠬᠠᠩᠭᠠᠬᠤ ᠲᠡᠶᠢᠮᠦ ᠳᠠᠰᠬᠠᠯ ᠤᠳ ᠢ ᠬᠠᠮᠤᠷᠤᠭᠤᠯᠳᠠᠭ᠃ ᠡᠨᠡ ᠦᠷ᠎ᠡ ᠳᠠᠭᠠᠪᠤᠷᠢ ᠳᠤ ᠤᠳᠠᠭᠠᠨ ᠠᠯᠬᠤᠭ᠎ᠠ ᠴᠤ ᠬᠦᠷᠭᠡᠵᠦ ᠴᠢᠳᠠᠨ᠎ᠠ᠃ ᠬᠤᠷᠳᠤᠨ ᠠᠯᠬᠤᠬᠤ ᠲᠤᠰᠤᠮ ᠠᠶᠢᠷᠣᠪ ᠳᠠᠰᠬᠠᠯ ᠢ ᠢᠳᠡᠪᠬᠢᠲᠡᠢ ᠬᠢᠵᠦ ᠪᠠᠶᠢᠨ᠎ᠠ ᠭᠡᠵᠦ ᠦᠵᠡᠨ᠎ᠡ᠃
ᠰᠢᠮ᠎ᠡ ᠲᠡᠵᠢᠭᠡᠯ ᠲᠡᠢ ᠪᠣᠳᠠᠰ ᠬᠠᠮᠢᠭ᠎ᠠ ᠱᠠᠭᠠᠷᠳᠠᠯᠭ᠎ᠠ ᠲᠠᠢ ᠪᠠᠶᠢᠨ᠎ᠠ ᠲᠡᠰᠢ ᠪᠡᠨ ᠠᠩᠬᠠᠷᠤᠯ ᠢᠶᠠᠨ ᠬᠠᠩᠳᠠᠭᠤᠯᠬᠤ ᠪᠠᠷ ᠬᠦᠮᠦᠨ ᠦ ᠪᠡᠶ᠎ᠡ ᠵᠣᠬᠢᠴᠠᠭᠤᠯᠤᠯᠲᠠ ᠬᠢᠳᠡᠭ᠃ ᠥᠭᠡᠬᠦ ᠲᠣᠰᠣ ᠪᠣᠯᠤᠨ ᠥᠭᠡᠷ᠎ᠡ ᠪᠤᠰᠤᠳ ᠰᠢᠮ᠎ᠡ ᠲᠡᠵᠢᠭᠡᠯ ᠲᠡᠢ ᠪᠣᠳᠠᠰ ᠢ ᠬᠤᠷᠠᠮᠲᠤᠯᠠᠭᠤᠯᠬᠤ ᠶᠢᠨ ᠣᠷᠣᠨ ᠳᠤ ᠡᠨᠧᠷᠭᠢ ᠵᠠᠷᠤᠴᠠᠭᠤᠯᠵᠤ ᠵᠥᠪ ᠬᠡᠰᠡᠭ ᠲᠦ ᠨᠢ ᠬᠤᠪᠢᠶᠠᠷᠢᠯᠠᠯᠲᠠ ᠬᠢᠯᠭᠡᠬᠦ ᠬᠡᠷᠡᠭᠲᠡᠢ᠂ ᠡᠭᠦᠨ ᠡᠴᠡ ᠭᠠᠳᠠᠨ᠎ᠠ ᠪᠤᠯᠴᠢᠩ᠂ ᠶᠠᠰᠤ ᠪᠡᠬᠢᠵᠢᠬᠦ ᠠᠵᠡᠢ᠃ ᠪᠢᠳᠡᠨ ᠦ ᠪᠡᠶ᠎ᠡ ᠡᠷᠬᠡᠲᠡᠨ ᠬᠥᠳᠡᠯᠬᠦ ᠶᠣᠰᠣᠲᠠᠢ ᠶᠢ ᠮᠠᠷᠲᠠᠵᠤ ᠪᠣᠯᠬᠤ ᠦᠭᠡᠢ᠃
ᠬᠥᠳᠡᠯᠭᠡᠭᠡᠨ ᠦᠭᠡᠢ᠂ ᠢᠳᠡᠪᠬᠢ ᠦᠭᠡᠢ ᠠᠮᠢᠳᠤᠷᠠᠯ ᠤᠨ ᠬᠡᠪ ᠮᠠᠶ᠋ᠢᠭ ᠡᠪᠡᠳᠴᠢᠯᠡᠯ ᠳᠦ ᠬᠦᠷᠭᠡᠳᠡᠭ ᠨᠢ ᠡᠷᠡᠭᠡᠯᠵᠡᠭᠡ ᠦᠭᠡᠢ ᠪᠣᠯᠤᠭᠰᠠᠨ᠃ ᠪᠡᠶ᠎ᠡ ᠶᠢᠨ ᠬᠦᠴᠦᠨ ᠦ ᠠᠴᠢᠶᠠᠯᠠᠯ ᠠᠪᠬᠤ ᠦᠭᠡᠢ ᠪᠠᠶᠢᠭ᠎ᠠ ᠪᠠᠶᠢᠳᠠᠯ ᠨᠢ ᠠᠨᠠᠭᠠᠬᠤ ᠶᠢᠨ ᠰᠢᠨᠵᠢᠯᠡᠬᠦ ᠤᠬᠠᠭᠠᠨ ᠳᠤ 《ᠰᠠᠭᠤᠭ᠎ᠠ ᠦᠬᠦᠯ ᠦᠨ ᠬᠠᠮ ᠰᠢᠨᠵᠢ》 ᠭᠡᠬᠦ ᠰᠢᠨ᠎ᠡ ᠨᠡᠷ᠎ᠡ ᠲᠣᠮᠢᠶ᠎ᠠ ᠪᠤᠢ ᠪᠣᠯᠭᠠᠬᠤ ᠳᠤ ᠨᠥᠯᠦᠭᠡᠯᠡᠵᠡᠢ᠃ ᠢᠳᠡᠪᠬᠢ ᠦᠭᠡᠢ ᠠᠮᠢᠳᠤᠷᠠᠯ ᠤᠨ ᠬᠡᠪ ᠮᠠᠶ᠋ᠢᠭ ᠨᠢ 《ᠨᠡᠶᠢᠭᠡᠮ ᠤᠨ ᠡᠷᠡᠭᠦᠯ ᠢ ᠬᠠᠮᠠᠭᠠᠯᠠᠬᠤ ᠦᠨᠳᠦᠰᠦᠨ ᠳᠠᠶᠢᠰᠤᠨ》 ᠭᠡᠵᠦ ᠦᠵᠡᠬᠦ ᠪᠥᠭᠡᠳ ᠮᠠᠰᠢ ᠣᠯᠠᠨ ᠲᠥᠷᠥᠯ ᠦᠨ ᠠᠷᠬᠠᠭ ᠡᠪᠡᠳᠴᠢᠨ ᠦ ᠰᠠᠭᠤᠷᠢ ᠪᠣᠯᠵᠤ ᠪᠠᠶᠢᠭ᠎ᠠ ᠨᠢ ᠲᠣᠳᠣᠷᠬᠠᠢ᠃
ᠠᠮᠢᠳᠤᠷᠠᠯ ᠤᠨ ᠵᠤᠭᠠᠯᠠᠭ᠎ᠠ
2016 ᠣᠨ ᠤ ᠨᠢᠭᠡᠨ ᠰᠤᠳᠤᠯᠭᠠᠨ ᠠᠴᠠ ᠬᠠᠷᠠᠬᠤ ᠳᠤ᠂ ᠢᠯᠡᠭᠦᠳᠡᠯ ᠵᠢᠩᠲᠡᠢ ᠬᠡᠦᠬᠡᠳ ᠦᠳ ᠦᠨ ᠡᠳᠦᠷ ᠦᠨ ᠵᠤᠭᠠᠯᠠᠭ᠎ᠠ ᠶᠢ 45 ᠮᠢᠨᠦ᠋ᠲ ᠬᠦᠷᠲᠡᠯ᠎ᠡ ᠰᠤᠩᠭᠠᠵᠤ᠂ ᠳᠣᠯᠣᠭ᠎ᠠ ᠬᠣᠨᠣᠭ ᠤᠨ 5 ᠡᠳᠦᠷ ᠶᠠᠪᠤᠭᠤᠯᠬᠤ ᠳᠤ ᠠᠭᠤᠰᠬᠢᠨ ᠤ ᠪᠠᠭᠲᠠᠭᠠᠮᠵᠢ ᠨᠢ 6 ᠍ ᠬᠠᠨ ᠳᠣᠯᠣᠭ᠎ᠠ ᠬᠣᠨᠣᠭ ᠲᠤ ᠨᠡᠮᠡᠭᠳᠡᠵᠦ ᠪᠠᠶᠢᠴᠠᠢ᠃ ᠡᠭᠦᠪᠡᠷ ᠵᠥᠪᠬᠡᠨ ᠢᠳᠡᠪᠬᠢᠲᠡᠢ ᠠᠶᠢᠷᠣᠪᠧᠺ ᠳᠠᠰᠬᠠᠯ ᠨᠢ ᠦᠷ᠎ᠡ ᠳ᠋ᠦᠩ ᠲᠡᠢ ᠭᠡᠰᠡᠨ ᠪᠣᠳᠣᠯ ᠠᠴᠠ ᠰᠠᠯᠭᠠᠬᠤ ᠳᠤ ᠬᠦᠷᠭᠡᠵᠦ ᠪᠠᠶᠢᠨ᠎ᠠ᠃ ᠬᠤᠷᠳᠤᠨ ᠠᠯᠬᠤᠭ᠎ᠠ ᠶᠢ ᠤᠳᠠᠭᠠᠨ ᠠᠯᠬᠤᠭ᠎ᠠ ᠲᠠᠢ ᠬᠣᠣᠰᠯᠠᠭᠤᠯᠬᠤ ᠳᠤ ᠨᠢᠭᠡ ᠬᠡᠮᠨᠡᠯ ᠢᠶᠡᠷ ᠠᠯᠬᠤᠭᠰᠠᠨ ᠠᠴᠠ ᠢᠯᠡᠭᠦᠦ ᠲᠡᠢ ᠦᠷ᠎ᠡ ᠳ᠋ᠦᠩ ᠳᠦ ᠬᠦᠷᠴᠦ ᠪᠠᠶᠢᠭ᠎ᠠ ᠶᠢ ᠴᠤ ᠮᠥᠨ ᠲᠣᠭᠲᠠᠭᠠᠵᠤ ᠴᠢᠳᠠᠵᠠᠢ᠃
ᠭᠤᠳᠤᠮᠵᠢ ᠪᠠᠷ ᠠᠯᠬᠤᠬᠤ ᠨᠢ ᠰᠡᠳᠬᠢᠯ ᠰᠠᠨᠠᠭᠠᠨ ᠤ ᠬᠤᠪᠢ ᠳᠤ ᠴᠤ ᠡᠶᠡᠷᠡᠭ ᠨᠥᠯᠥᠭᠡ ᠲᠡᠢ᠃ ᠪᠠᠶᠢᠭᠠᠯᠢ ᠣᠷᠴᠢᠨ (ᠲᠧᠺᠨᠣᠯᠣᠭᠢ ᠠᠴᠠ ᠬᠣᠯᠠ) ᠰᠡᠳᠬᠢᠯ ᠰᠠᠨᠠᠭ᠎ᠠ ᠶᠢ ᠰᠡᠷᠭᠦᠭᠡᠵᠦ᠂ ᠰᠲᠷᠧᠰ ᠲᠠᠶᠢᠯᠬᠤ ᠳᠤ ᠲᠤᠰᠠᠯᠠᠨ᠎ᠠ.᠃
ᠨᠠᠷᠠ ᠨᠢ ᠬᠦᠮᠦᠨ ᠦ ᠪᠡᠶ᠎ᠡ ᠶᠢ ᠳ ᠠᠮᠢᠨ ᠳᠡᠮ ᠢᠶᠡᠷ ᠬᠠᠩᠭᠠᠬᠤ ᠪᠥᠭᠡᠳ ᠦᠢᠯᠡᠳᠪᠦᠷᠢᠯᠡᠯ ᠬᠥᠭᠵᠢᠭᠰᠡᠨ ᠥᠨᠥ ᠦᠶ᠎ᠡ ᠳᠦ ᠮᠠᠰᠢ ᠴᠢᠬᠤᠯᠠ ᠠᠰᠠᠭᠤᠳᠠᠯ ᠪᠣᠯᠤᠭᠠᠳ ᠪᠠᠶᠢᠭ᠎ᠠ ᠶᠢ ᠲᠠ ᠮᠡᠳᠡᠵᠦ ᠪᠠᠶᠢᠭ᠎ᠠ ᠪᠣᠯᠪᠠ ᠤᠤ᠃ ᠰᠲ᠋ᠧᠨᠹᠣᠷᠳ᠋ ᠍ ᠤᠨ ᠶᠡᠬᠡ ᠰᠤᠷᠭᠠᠭᠤᠯᠢ ᠶᠢᠨ ᠰᠠᠶ᠋ᠢᠬᠠᠨ ᠤ ᠨᠢᠭᠡᠨ ᠰᠤᠳᠤᠯᠭᠠᠨ ᠠᠴᠠ ᠬᠠᠷᠠᠬᠤ ᠳᠤ᠂ ᠭᠦᠶᠦᠯᠲᠡ ᠶᠢᠨ ᠵᠠᠮ ᠢᠶᠠᠷ ᠠᠯᠬᠤᠵᠤ ᠪᠠᠶᠢᠭ᠎ᠠ ᠬᠦᠮᠦᠨ ᠭᠤᠳᠤᠮᠵᠢᠨ ᠳᠤ ᠠᠯᠬᠤᠵᠤ ᠪᠠᠶᠢᠭ᠎ᠠ ᠲᠠᠢ ᠠᠳᠠᠯᠢ ᠣᠶᠤᠨ ᠤ ᠴᠢᠳᠠᠪᠤᠷᠢ ᠨᠢ ᠳᠡᠭᠡᠭᠰᠢᠯᠡᠭᠰᠡᠨ ᠢ ᠪᠠᠲᠤᠯᠠᠵᠠᠢ᠃ ᠭᠠᠳᠠᠭ᠎ᠠ ᠪᠠᠶᠢᠨ᠎ᠠ ᠤᠤ᠂ ᠳᠣᠲᠣᠷ᠎ᠠ ᠪᠠᠶᠢᠨ᠎ᠠ ᠤᠤ ᠬᠠᠮᠢᠭ᠎ᠠ ᠴᠤ ᠠᠯᠬᠤᠵᠤ ᠪᠣᠯᠤᠨ᠎ᠠ᠂ ᠣᠶᠤᠨ ᠤ ᠴᠢᠳᠠᠮᠵᠢ ᠲᠠᠨᠢ ᠳᠡᠭᠡᠭᠰᠢᠯᠡᠨ᠎ᠡ᠃
ᠫᠠᠷᠺ ᠢᠶᠠᠷ ᠵᠤᠭᠠᠯᠠᠬᠤ
ᠬᠠᠮᠢᠭ᠎ᠠ ᠨᠢᠭᠡᠲᠡᠭᠡ ᠡᠪᠡᠳᠬᠦ ᠳᠦ ᠡᠪᠡᠳᠴᠢᠲᠡᠢ ᠭᠠᠵᠠᠷ ᠢᠶᠠᠨ ᠬᠦᠷᠬᠦ ᠦᠭᠡᠢ ᠪᠠᠶᠢᠬᠤ ᠶᠢ ᠬᠦᠰᠡᠳᠡᠭ᠃ ᠪᠠᠶᠢᠩᠭᠤ ᠶᠢᠨ ᠠᠯᠬᠤᠭ᠎ᠠ ᠨᠢ ᠬᠥᠳᠡᠯᠭᠡᠭᠡᠨ ᠢ ᠰᠠᠶᠢᠵᠢᠷᠠᠭᠤᠯᠵᠤ ᠪᠡᠶ᠎ᠡ ᠣᠷᠭᠠᠨᠢᠰᠮ ᠳᠤ ᠭᠠᠷᠤᠭᠰᠠᠨ ᠠᠯᠢᠪᠠ ᠠᠰᠠᠭᠤᠳᠠᠯ ᠢ ᠤᠰᠠᠳᠬᠠᠵᠤ ᠡᠬᠢᠯᠡᠳᠡᠭ᠃ ᠠᠯᠬᠤᠭ᠎ᠠ ᠨᠢ ᠬᠥᠯᠦᠨ ᠳᠦ ᠠᠴᠢᠶᠠᠯᠠᠯ ᠦᠭᠬᠦ ᠪᠥᠭᠡᠳ ᠬᠣᠯᠪᠣᠬᠤ ᠡᠷᠬᠡᠲᠡᠨ ᠪᠣᠯᠤᠨ ᠶᠠᠰᠤ ᠶᠢ ᠪᠡᠬᠢᠵᠢᠭᠦᠯᠬᠦ ᠡᠴᠡ ᠭᠠᠳᠠᠨ᠎ᠠ ᠴᠢᠰᠤᠨ ᠤ ᠡᠷᠭᠢᠯᠲᠡ ᠶᠢ ᠰᠠᠶᠢᠵᠢᠷᠠᠭᠤᠯᠵᠤ᠂ ᠪᠣᠳᠠᠰ ᠤᠨ ᠰᠣᠯᠢᠯᠴᠠᠭ᠎ᠠ ᠶᠢ ᠢᠳᠡᠪᠬᠢᠵᠢᠭᠦᠯᠳᠡᠭ ᠪᠠᠶᠢᠨ᠎ᠠ᠃ ᠮᠡᠷᠭᠡᠵᠢᠯᠲᠡᠨ ᠨᠦᠭᠦᠳ ᠲᠠ ᠪᠦᠬᠦᠨ ᠢ ᠵᠥᠪᠬᠡᠨ ᠡᠨᠡ ᠰᠢᠯᠲᠠᠭᠠᠨ ᠢᠶᠠᠷ ᠠᠯᠬᠤᠭᠠᠰᠠᠢ ᠭᠡᠵᠦ ᠬᠦᠰᠡᠬᠦ ᠦᠭᠡᠢ ᠪᠠᠶᠢᠨ᠎ᠠ 《ᠬᠡᠷᠪᠡ ᠲᠠ ᠶᠠᠪᠤᠬᠤ ᠦᠭᠡᠢ ᠪᠠᠶᠢᠭ᠎ᠠ ᠪᠣᠯ ᠶᠠᠰᠤᠨ ᠤ ᠦᠶᠡᠨ ᠦ ᠰᠢᠩᠭᠡᠨ ᠪᠠᠭᠠᠰᠠᠨ᠎ᠠ᠂ ᠥᠭᠡᠷ᠎ᠡ ᠪᠡᠷ ᠬᠡᠯᠡᠪᠡᠯ ᠲᠠ ᠤᠯᠠᠮ ᠯᠠ ᠬᠤᠷᠳᠤᠨ ᠮᠠᠭᠤᠳᠠᠨ᠎ᠠ ᠭᠡᠰᠡᠨ ᠦᠭᠡ》 ᠭᠡᠵᠦ ᠲᠡᠳᠡ ᠪᠠᠲᠤᠯᠠᠭᠰᠠᠭᠠᠷ ᠪᠠᠶᠢᠭ᠎ᠠ ᠶᠢ ᠠᠩᠬᠠᠷᠤᠨ᠎ᠠ ᠤᠤ᠃
ᠠᠮᠧᠷᠢᠺᠠ ᠶᠢᠨ ᠺᠠᠷᠳᠢᠣᠯᠣᠭ ᠤᠨ ᠬᠣᠯᠪᠣᠭᠠᠨ ᠠᠴᠠ ᠠᠯᠬᠤᠭ᠎ᠠ ᠶᠢ ᠴᠢᠰᠤᠨ ᠳᠠᠬᠢ ᠰᠠᠬᠠᠷ ᠤᠨ ᠬᠡᠮᠵᠢᠶ᠎ᠡ ᠶᠢ ᠪᠠᠭᠠᠰᠭᠠᠬᠤ᠂ ᠰᠢᠬᠢᠷ ᠦᠨ ᠰᠢᠵᠢᠩ ᠲᠤᠰᠤᠬᠤ ᠪᠣᠯᠤᠨ ᠴᠢᠰᠤ ᠬᠠᠷᠪᠤᠯᠲᠠ ᠠᠴᠠ ᠤᠷᠢᠳᠴᠢᠯᠠᠨ ᠬᠠᠮᠠᠭᠠᠯᠠᠨ᠎ᠠ ᠭᠡᠵᠦ ᠰᠤᠷᠲᠠᠯᠴᠢᠯᠠᠭᠠᠳ ᠪᠠᠶᠢᠭ᠎ᠠ᠃ ᠲᠡᠳᠡᠨ ᠦ ᠵᠥᠪᠯᠡᠭᠰᠡᠨ ᠢᠶᠡᠷ᠂ ᠡᠳᠦᠷ ᠲᠦ ᠪᠠᠭ᠎ᠠ ᠪᠠᠷ ᠪᠣᠳᠣᠬᠤ ᠳᠤ 30 ᠮᠢᠨᠦ᠋ᠲ ᠠᠯᠬᠤᠬᠤ᠂ ᠳᠣᠯᠣᠭ᠎ᠠ ᠬᠣᠨᠣᠭ ᠲᠤ ᠪᠠᠨ 150 ᠮᠢᠨᠦ᠋ᠲ ᠠᠭᠠᠵᠢᠮ ᠠᠯᠬᠤᠬᠤ ᠡᠰᠡᠪᠡᠯ 75 ᠮᠢᠨᠦ᠋ᠲ ᠬᠤᠷᠳᠤ ᠲᠠᠢ ᠠᠯᠬᠤᠬᠤ ᠨᠢ ᠡᠷᠡᠭᠦᠯ ᠮᠡᠨᠳᠦ ᠳᠦ ᠲᠤᠰᠠᠲᠠᠢ ᠠᠵᠢ᠃ ᠠᠯᠬᠤᠭ᠎ᠠ ᠶᠢ ᠨᠢᠭᠡ ᠳᠣᠣᠷ᠎ᠠ ᠪᠦᠭᠦᠳᠡ ᠶᠢ ᠭᠦᠢᠴᠡᠳᠭᠡᠬᠦ ᠭᠡᠵᠦ ᠥᠪᠡᠷ ᠢ ᠪᠡᠨ ᠵᠣᠪᠠᠭᠠᠬᠤ ᠬᠡᠷᠡᠭ ᠦᠭᠡᠢ᠄ ᠨᠢᠭᠡ 30 ᠮᠢᠨᠦ᠋ᠲ ᠤᠨ ᠠᠯᠬᠤᠭ᠎ᠠ ᠶᠢ ᠲᠠ 2 ᠤᠳᠠᠭ᠎ᠠ ᠶᠢᠨ 15 ᠮᠢᠨᠦ᠋ᠲ ᠤᠨ ᠠᠯᠬᠤᠭ᠎ᠠ ᠪᠠᠷ ᠰᠤᠯᠢᠵᠤ ᠪᠣᠯᠤᠨ᠎ᠠ᠃ ᠥᠪᠡᠷ ᠦᠨ ᠢᠶᠡᠨ ᠣᠨᠴᠠᠯᠢᠭ ᠲᠤ ᠲᠤᠬᠢᠷᠠᠭᠤᠯᠬᠤ ᠬᠤᠷᠳᠤ ᠪᠣᠯᠤᠨ ᠬᠤᠭᠤᠴᠠᠭ᠎ᠠ ᠶᠢ ᠲᠣᠭᠲᠠᠭᠠᠨ᠎ᠠ᠃
ᠠᠯᠬᠤᠭᠠᠨ ᠤ ᠪᠦᠬᠦ ᠠᠰᠢᠭᠲᠠᠢ ᠲᠠᠯ᠎ᠠ ᠡᠭᠦᠪᠡᠷ ᠳᠠᠭᠤᠰᠬᠤ ᠦᠭᠡᠢ᠃ ᠤᠨᠲᠠᠬᠤ ᠭᠡᠵᠦ ᠵᠣᠪᠠᠵᠤ ᠪᠠᠶᠢᠨ᠎ᠠ ᠤᠤ? ᠵᠤᠭᠠᠯᠠ᠃ ᠨᠣᠶᠢᠷᠠᠨ ᠤ ᠠᠰᠠᠭᠤᠳᠠᠯ ᠤᠨ ᠰᠠᠩ ᠤᠨ ᠰᠠᠶ᠋ᠢᠬᠠᠨ ᠤ ᠨᠢᠭᠡᠨ ᠰᠤᠳᠤᠯᠭᠠᠨ ᠠᠴᠠ ᠬᠠᠷᠠᠬᠤ ᠳᠤ᠂ ᠠᠶᠢᠷᠣᠪᠧᠺ ᠳᠠᠰᠬᠠᠯ ᠡᠰᠡᠪᠡᠯ ᠠᠯᠬᠤᠭ᠎ᠠ ᠨᠢ ᠤᠨᠲᠠᠬᠤ ᠭᠡᠵᠦ ᠪᠠᠶᠢᠭ᠎ᠠ ᠴᠠᠭ ᠢ ᠣᠶᠢᠷᠠᠲᠤᠭᠤᠯᠵᠤ᠂ ᠤᠨᠲᠠᠬᠤ ᠴᠠᠭ ᠢ ᠤᠷᠲᠤᠰᠬᠠᠵᠤ ᠪᠠᠶᠢᠭ᠎ᠠ ᠶᠢ ᠲᠣᠭᠲᠠᠭᠠᠴᠠᠢ᠃ ᠢᠩᠭᠢᠭᠡᠳ ᠭᠠᠭᠴᠠ ᠵᠤᠭᠠᠯᠠᠭᠠᠳ ᠯᠠ ᠲᠠ ᠨᠣᠶᠢᠷᠠᠨ ᠤ ᠠᠰᠠᠭᠤᠳᠠᠯ ᠢᠶᠠᠨ ᠪᠠᠰᠠ ᠰᠢᠢᠳᠴᠦ ᠪᠣᠯᠬᠤ ᠨᠢ᠃
ᠪᠠᠰᠠ ᠪᠤᠰᠤ ᠵᠦᠢᠯᠡᠰ
7 ᠤᠯᠤᠰ ᠣᠷᠣᠨ ᠳᠤ ᠰᠡᠭᠦᠯ ᠦᠨ 11 ᠵᠢᠯ ᠬᠢᠭᠰᠡᠨ ᠠᠯᠬᠤᠭᠠᠨ ᠤ ᠲᠠᠯᠠᠭᠠᠷᠬᠢ ᠰᠤᠳᠤᠯᠭᠠᠨ ᠤ ᠳ᠋ᠦᠩᠨᠡᠯᠲᠡ ᠡᠴᠡ ᠳᠤᠷᠢᠳᠠᠪᠠᠯ᠂ ᠪᠠᠶᠢᠩᠭᠤ ᠶᠢᠨ ᠠᠯᠬᠤᠭ᠎ᠠ ᠨᠢ ᠵᠢᠷᠦᠬᠡ ᠰᠤᠳᠠᠰᠤᠨ ᠤ ᠡᠪᠡᠳᠴᠢᠯᠡᠯ ᠢ ᠬᠦᠮᠦᠨ ᠠᠮᠠ ᠶᠢᠨ ᠳᠤᠮᠳᠠ 31% ᠍ ᠢ ᠪᠠᠷ ᠪᠠᠭᠠᠰᠤᠭᠰᠠᠨ᠂ ᠤᠭ ᠡᠪᠡᠳᠴᠢᠨ ᠢᠶᠡᠷ ᠨᠠᠰᠤ ᠪᠠᠷᠠᠬᠤ ᠲᠣᠬᠢᠶᠠᠯᠳᠤᠯ 32% ᠍ ᠢ ᠪᠠᠷ ᠪᠠᠭᠤᠷᠠᠵᠠᠢ᠃ ᠳᠣᠯᠣᠭ᠎ᠠ ᠬᠣᠨᠣᠭ ᠲᠤ 8᠂85 ᠺᠢᠯᠣᠮᠧᠲ᠋ᠷ ᠵᠠᠮ ᠢ 3᠂22 ᠺᠢᠯᠣᠮᠧᠲ᠋ᠷ/ᠴᠠᠭ ᠶᠠᠪᠤᠬᠤ ᠳᠤ ᠲᠠᠨ ᠢ ᠠᠶᠤᠯᠲᠤ ᠡᠪᠡᠳᠴᠢᠨ ᠡᠴᠡ ᠠᠪᠤᠷᠠᠨ᠎ᠠ᠃
ᠬᠦᠮᠦᠨ ᠪᠣᠯᠭᠠᠨ ᠰᠫᠣᠷᠲ ᠵᠠᠭᠠᠯᠠᠩ ᠳᠤ ᠬᠢᠴᠢᠶᠡᠯᠯᠡᠬᠦ ᠪᠣᠯᠤᠮᠵᠢ ᠦᠭᠡᠢ ᠴᠤ ᠶᠡᠬᠡᠩᠬᠢ ᠨᠢ ᠠᠯᠬᠤᠵᠤ ᠴᠢᠳᠠᠨ᠎ᠠ᠃ ᠳᠡᠭᠡᠷ᠎ᠡ ᠳᠤᠷᠢᠳᠠᠭᠰᠠᠨ ᠰᠢᠯᠲᠠᠭᠠᠨ ᠤ ᠤᠯᠠᠮ ᠠᠴᠠ ᠲᠠ ᠡᠳᠦᠷ ᠪᠣᠯᠭᠠᠨ ᠠᠯᠬᠤᠬᠤ ᠪᠣᠯᠤᠨ᠎ᠠ ᠭᠡᠳᠡᠭ ᠲᠦ ᠨᠠᠶᠢᠳᠠᠵᠤ ᠪᠠᠶᠢᠨ᠎ᠠ᠃ ᠲᠠᠨ ᠳᠤ ᠬᠡᠷᠡᠭ ᠲᠡᠢ ᠵᠦᠢᠯᠡ ᠭᠡᠪᠡᠯ ᠬᠥᠯ ᠳᠦ ᠲᠠᠭᠠᠷᠠᠭᠰᠠᠨ ᠭᠤᠲᠤᠯ᠂ 15 ᠍ ᠬᠠᠨ ᠮᠢᠨᠦ᠋ᠲ/ᠡᠳᠦᠷ ᠲᠦ᠃ ᠥᠪᠡᠷ ᠦᠨ ᠢᠶᠡᠨ ᠡᠷᠡᠭᠦᠯ ᠮᠡᠨᠳᠦ ᠶᠢᠨ ᠲᠥᠯᠥᠭᠡ ᠡᠨᠡ ᠴᠠᠭ ᠢ ᠭᠠᠷᠭᠠᠵᠤ ᠴᠢᠳᠠᠨ᠎ᠠ ᠪᠢᠵᠡ ᠳ᠋ᠡ?



  
     
     