-
100669
ᠴᠠᠰᠤ ᠬᠠᠶᠠᠯᠠᠬᠤ ᠲᠠᠭᠤᠨ ᠢ ᠤᠯᠵᠤ ᠰᠤᠨᠤᠷᠳᠠᠪᠠᠯ
2018-12-06 09:53
250
0
ᠴᠠᠰᠤ ᠬᠠᠶᠠᠯᠠᠬᠤ ᠲᠠᠭᠣᠨ ᠢ ᠤᠯᠵᠣ ᠰᠤᠨᠤᠷᠳᠠᠪᠠᠯ
ᠴᠠᠰᠤ ᠬᠠᠶᠠᠯᠠᠬᠤ ᠲᠠᠭᠤᠨ ᠢ ᠤᠯᠵᠣ ᠰᠤᠨᠤᠷᠳᠠᠪᠠᠯ
ᠴᠠᠭᠯᠠᠰᠢ ᠦᠭᠡᠢ ᠵᠢᠷᠭᠠᠯ ᠲᠡᠮᠤᠯᠵᠤ ᠢᠷᠡᠨ᠎ᠡ
ᠴᠠᠰᠤ ᠬᠠᠶᠠᠯᠠᠬᠤ ᠲᠠᠭᠤᠨ ᠢ ᠤᠯᠵᠤ ᠰᠤᠨᠤᠷᠳᠠᠪᠠᠯ
ᠴᠠᠭ ᠤᠨ ᠬᠠᠭᠤᠳᠠᠰᠤ ᠠᠯᠠᠭᠠᠨ ᠳᠤ ᠴᠢᠨᠢ ᠲᠡᠯᠭᠡᠷᠡᠨ᠎ᠡ
ᠴᠠᠰᠣ ᠬᠠᠶᠠᠯᠠᠬᠤ ᠲᠠᠭᠤᠨ ᠢ ᠤᠯᠵᠤ ᠰᠤᠨᠤᠷᠳᠠᠪᠠᠯ
ᠴᠠᠭᠠᠨ ᠶᠢᠷᠲᠢᠨᠴᠦ ᠶᠢᠨ ᠵᠦᠩ ᠭᠦᠭᠵᠢᠮ ᠤᠶᠠᠩᠭᠠᠷᠠᠨ᠎ᠠ
ᠴᠠᠰᠣ ᠬᠠᠶᠠᠯᠠᠬᠤ ᠲᠠᠭᠤᠨ ᠢ ᠤᠯᠵᠤ ᠰᠤᠨᠤᠷᠳᠠᠪᠠᠯ
ᠴᠠᠨ᠎ᠠ ᠴᠡᠴᠡᠭ ᠦᠨ ᠴᠡᠪᠡᠷ ᠲᠠᠯᠪᠢ ᠲᠡᠯᠭᠡᠭᠳᠡᠨ᠎ᠡ
ᠴᠠᠰᠣ ᠬᠠᠶᠠᠯᠠᠬᠤ ᠲᠠᠭᠤᠨ ᠢ ᠤᠯᠵᠤ ᠰᠤᠨᠤᠷᠳᠠᠪᠠᠯ
ᠴᠠᠩᠭᠠᠭ᠎ᠠ ᠲᠠᠢᠯᠬᠤ ᠰᠦ ᠲᠠᠢ ᠴᠠᠢ ᠠᠮᠳᠠᠭᠳᠠᠨ᠎ᠠ
ᠴᠠᠰᠣ ᠬᠠᠶᠠᠯᠠᠬᠤ ᠲᠠᠭᠤᠨ ᠢ ᠤᠯᠵᠣ ᠰᠤᠨᠤᠷᠳᠠᠪᠠᠯ
ᠴᠠᠬᠢᠮ ᠮᠡᠳᠡᠭᠡᠨ ᠦ ᠬᠠᠯᠠᠭᠤᠨ ᠰᠤᠷᠠᠭ ᠲᠠᠮᠵᠢᠭᠳᠠᠨᠠ
ᠴᠠᠰᠤ ᠬᠠᠶᠠᠯᠠᠬᠤ ᠲᠠᠭᠤᠨ ᠢ ᠤᠯᠵᠤ ᠰᠤᠨᠤᠷᠳᠠᠪᠠᠯ
ᠴᠠᠬᠢᠷᠮ᠎ᠠ ᠶᠢᠨ ᠦᠩᠭᠡ ᠰᠡᠳᠬᠢᠯ ᠳ᠋ᠤᠷ ᠲᠠᠭᠠᠯᠠᠭᠳᠠᠨ᠎ᠠ
ᠴᠠᠰᠤ ᠬᠠᠶᠠᠯᠠᠬᠤ ᠲᠠᠭᠤᠨ ᠢ ᠤᠯᠵᠤ ᠰᠤᠨᠤᠷᠳᠠᠪᠠᠯ
ᠴᠠᠨᠠᠴᠢᠨ ᠦ ᠠᠶᠠᠯᠠᠯ ᠪᠤᠳᠤᠯ ᠳ᠋ᠤᠷ ᠠᠯᠤᠰᠷᠠᠨᠠ
ᠴᠠᠰᠤ ᠬᠠᠶᠠᠯᠠᠬᠤ ᠲᠠᠭᠤᠨ ᠢ ᠤᠯᠵᠤ ᠰᠤᠨᠤᠷᠳᠠᠪᠠᠯ
ᠴᠠᠷᠠᠰᠣᠨ ᠮᠤᠳᠤᠨ ᠤ ᠰᠣᠳᠣᠨ ᠦᠨᠤᠷ ᠰᠠᠩᠬᠢᠨᠠᠨᠠ
ᠴᠠᠰᠤ ᠬᠠᠶᠠᠯᠠᠬᠤ ᠲᠠᠭᠤᠨ ᠢ ᠤᠯᠵᠣ ᠰᠤᠨᠤᠷᠳᠠᠪᠠᠯ
ᠴᠠᠷᠳᠠ ᠶᠢᠨ ᠭᠠᠯᠪᠠ ᠶᠢᠨ ᠪᠤᠭᠤᠷᠤᠯ ᠲᠦᠷᠭᠥ ᠪᠦᠷᠳᠤᠯᠵᠡᠨᠡ
ᠴᠠᠰᠤ ᠬᠠᠶᠠᠯᠠᠬᠤ ᠲᠠᠭᠤᠨ ᠢ ᠤᠯᠵᠤ ᠰᠤᠨᠤᠷᠳᠠᠪᠠᠯ
ᠴᠢᠩ ᠵᠢᠷᠤᠭᠡ ᠲᠠᠢ ᠪᠠᠠ ᠭᠦᠤᠷᠨᠢᠵᠤ ᠪᠠᠢᠭ᠎ᠠ ᠮᠡᠳᠤ᠂᠂᠂᠂