-
29519
ᠡᠵᠢ ᠨᠣᠮ
2025-08-07 11:21
5
0
ᠡᠵᠢ ᠬᠥᠮᠥᠨ ᠨᠢᠭᠡ ᠢᠵᠢ ᠰᠠᠶᠢᠨ ᠨᠣᠮ ᠰᠠᠶᠢᠬᠠᠨ ᠤᠬᠠᠭᠠᠨ ᠪᠢᠯᠡ᠃ ᠡᠨᠡ ᠨᠣᠮ ᠡᠴᠡ ᠰᠦᠵᠢᠷᠡᠵᠦ ᠢᠪᠢᠯᠵᠤ᠂ ᠰᠤᠷᠭᠠᠯ ᠰᠠᠴᠤᠷᠠᠵᠤ᠂ ᠰᠤᠷᠲᠠᠬᠤᠨ ᠳᠡᠯᠭᠡᠳᠡᠭ ᠰᠠᠨ᠃ ᠡᠨᠡ ᠨᠣᠮ ᠶᠣᠰᠣᠲᠠᠢ ᠤᠩᠰᠢᠭᠠᠳ ᠳᠠᠭᠤᠰᠤᠰᠢ ᠦᠭᠡᠢ᠂ ᠠᠮᠲᠠᠷᠬᠠᠭᠠᠳ ᠬᠠᠨᠤᠰᠢ ᠦᠭᠡᠢ᠂ ᠠᠭᠤᠯᠭ᠎ᠠ ᠪᠦᠷᠢᠨ᠂ ᠤᠳᠬ᠎ᠠ ᠲᠡᠭᠦᠰ᠂ ᠨᠣᠮ ᠤᠬᠠᠭᠠᠨ ᠤ ᠳᠡᠭᠡᠵᠢ ᠪᠣᠯᠬᠤ ᠶᠤᠮ ᠰᠠᠨ᠃
ᠡᠨᠡ ᠨᠣᠮ ᠤᠩᠰᠢᠭᠰᠠᠨ ᠪᠥᠬᠥᠨ ᠤ ᠂ ᠤᠬᠠᠭᠠᠨ ᠪᠣᠳᠣᠯ ᠢ ᠰᠠᠷᠠᠭᠤᠯᠵᠢᠭᠤᠯᠵᠤ᠂ ᠠᠯᠤᠰ ᠤᠨ ᠬᠠᠷᠠᠯᠲᠠ ᠶᠢ ᠭᠡᠭᠡᠷᠡᠭᠦᠯᠳᠡᠭ ᠡᠷᠡᠭᠦᠯ ᠤᠬᠠᠭᠠᠨ ᠤ ᠰᠢᠳᠢᠲᠤ ᠨᠣᠮ᠃
ᠡᠨᠡ ᠨᠣᠮ ᠦᠷ᠎ᠡ ᠲᠥᠯ ᠳ᠋ᠦ ᠪᠡᠨ ᠤᠬᠠᠭᠠᠨ ᠴᠢᠮᠡᠳᠡᠭ᠂ ᠤᠳᠤᠮ ᠰᠤᠳᠤᠷ ᠲᠦ ᠪᠡᠨ ᠰᠤᠷᠲᠠᠬᠤᠨ ᠬᠠᠨᠳᠢᠪᠯᠠᠳᠠᠭ᠂ ᠣᠶᠣᠨ ᠤᠬᠠᠭᠠᠨ ᠤ ᠭᠡᠭᠡ ᠲᠤᠶᠠᠭᠠᠷᠠᠭᠰᠠᠨ᠂ ᠡᠨᠡᠷᠢᠰᠡᠭ ᠰᠡᠳᠬᠢᠯ ᠤᠨ ᠵᠤᠯᠠ ᠪᠠᠳᠮᠠᠯᠠᠭᠰᠠᠨ᠂ ᠦᠷᠦᠪᠴᠢ ᠶᠢᠨ ᠰᠡᠳᠬᠢᠯ ᠴᠠᠯᠭᠢᠶᠠᠯᠠᠭᠰᠠᠨ᠂ ᠬᠠᠷᠢᠭᠤᠴᠠᠯᠭ᠎ᠠ ᠶᠢᠨ ᠡᠬᠡ ᠬᠥᠮᠥᠨ ᠤ ᠡᠷᠬᠢᠮᠰᠦᠭ ᠴᠢᠨᠠᠷ ᠰᠠᠴᠤᠷᠠᠭᠰᠠᠨ ︱ ᠪᠤᠷᠬᠠᠨ ᠤᠬᠠᠭᠠᠨ ᠤ ᠪᠣᠯᠣᠷ ᠬᠠᠨᠳᠠ᠃
ᠡᠨᠡ ᠳᠡᠯᠡᠬᠡᠢ ᠳ᠋ᠦ ᠠᠩᠬ᠎ᠠ ᠢᠷᠡᠭᠰᠡᠳ ᠡᠨᠡ ᠨᠣᠮ ᠡᠴᠡ ᠤᠩᠰᠢᠵᠤ ᠰᠢᠮ᠎ᠡ ᠬᠦᠷᠲᠡᠳᠡᠭ᠂ ᠰᠢᠨᠳᠠᠰᠤ ᠬᠥᠯᠥᠭ ᠪᠣᠯᠳᠠᠭ᠃ ᠡᠨᠡ ᠨᠣᠮ ᠠᠯᠬᠤᠮ ᠪᠦᠷᠢ ᠶᠢ ᠴᠢᠨᠢ ᠠᠭᠤᠤ ᠶᠢᠨ ᠵᠤᠯᠠ ᠪᠡᠷ ᠂ ᠠᠷᠨᠰᠢᠯ ᠰᠤᠷᠲᠠᠬᠤᠨ ᠢ ᠴᠢᠨᠢ ᠠᠯᠪᠢᠨ ᠤᠬᠠᠭᠠᠨ ᠢᠶᠡᠷ ᠵᠢᠮᠰᠡᠭᠯᠡᠵᠦ᠂ ᠤᠳᠤᠮ ᠰᠤᠳᠤᠷ ᠢᠶᠡᠨ ᠤᠯᠠᠯᠵᠠᠭᠤᠯᠵᠤ ᠂ ᠢᠶᠡᠨ ᠡᠯᠢᠭᠡᠰᠢᠭᠦᠯᠵᠦ᠂ ᠤᠭᠰᠠᠭ᠎ᠠ ᠦᠨᠳᠦᠰᠦᠲᠡᠨ ᠢᠶᠡᠨ ᠂ ᠨᠤᠲᠤᠭ ᠤᠰᠤ ᠳ᠋ᠦ ᠬᠠᠷᠠᠮ ᠦᠭᠡᠢ ᠬᠠᠷᠢᠭᠤᠴᠠᠯᠭ᠎ᠠ ᠭᠦᠢᠴᠡᠳᠬᠡᠵᠦ᠂ ᠬᠥᠮᠥᠨ ᠠᠷᠠᠳ ᠳ᠋ᠦ ᠪᠡᠨ ᠥᠷᠢ ᠲᠥᠯᠥᠭᠡᠰᠦ ᠲᠠᠢ ᠶᠤᠮ ᠠᠵᠢᠯᠯᠠᠵᠤ ᠠᠮᠢᠳᠤᠷᠠᠬᠤ ᠠᠮᠢᠨ ᠶᠢᠨ ᠤᠬᠠᠭᠠᠨ ᠱᠠᠩᠨᠠᠳᠠᠭ ᠬᠥᠮᠥᠵᠢᠯ ᠤᠨ ᠢᠪᠡᠭᠡᠯ ᠲᠠᠢ ᠨᠣᠮ ᠪᠣᠯᠬᠤ ᠶᠤᠮ᠃
ᠡᠵᠢ ᠨᠣᠮ ᠡᠩᠭᠡᠷ ᠡᠴᠡ ᠪᠡᠨ ᠂ ᠦᠰᠦᠭ ᠪᠥᠬᠥᠨ ᠨᠢ ᠂ ᠦᠭᠡ ᠪᠥᠬᠥᠨ ᠨᠢ ᠂ ᠥᠭᠦᠯᠡᠪᠦᠷᠢ ᠪᠥᠬᠥᠨ ᠨᠢ ᠰᠤᠷᠭᠠᠯ ᠂ ᠥᠭᠦᠯᠡᠵᠦ ᠭᠦᠦᠷᠡᠭᠰᠡᠨ ᠪᠥᠬᠥᠨ ᠨᠢ ᠬᠥᠮᠥᠵᠢᠯ᠂ ᠤᠬᠠᠷᠠᠭᠤᠯᠵᠤ ᠰᠡᠬᠡᠭᠡᠷᠡᠭᠦᠯᠦᠭᠰᠡᠨ ᠪᠥᠬᠥᠨ ᠨᠢ ᠬᠥᠮᠥᠨ ᠪᠣᠯᠬᠤ ᠶᠢᠨ ᠶᠣᠰᠣ ᠪᠣᠯᠬᠣᠷ ᠡᠨᠡ ᠨᠣᠮ ᠢ ᠤᠩᠰᠢᠪᠠᠴᠤ ᠰᠢᠯᠢᠳᠡᠭ ᠬᠥᠮᠥᠨ ᠪᠣᠯᠵᠤ᠂ ᠰᠠᠭᠠᠷ ᠲᠠᠢ ᠤᠩᠰᠢᠪᠠᠴᠤ ᠰᠢᠭᠠᠷᠤ ᠬᠥᠮᠥᠨ ᠪᠣᠯᠳᠠᠭ᠃
ᠬᠥᠮᠥᠵᠢᠯ ᠬᠥᠮᠥᠨ ᠴᠢᠨᠠᠷ ᠠᠷᠢᠭᠤᠰᠬᠠᠬᠤ ᠡᠷᠳᠡᠨᠢ ᠪᠢᠯᠡ᠃ ᠬᠥᠮᠥᠨ ᠪᠥᠬᠥᠨ ᠳ᠋ᠦ ᠪᠣᠯᠣᠰᠢ ᠦᠭᠡᠢ ᠣᠶᠣᠨ ᠤᠬᠠᠭᠠᠨ ᠤ ᠠᠷᠢᠭᠤᠰᠬᠠᠯ᠃ ᠬᠥᠮᠥᠨ ᠲᠦᠮᠡᠨ ᠪᠣᠳᠠᠰᠲᠠᠨ ᠤ ᠲᠡᠷᠢᠭᠦᠨ ᠪᠣᠯᠤᠭᠰᠠᠨ ᠤ ᠤᠴᠢᠷ ᠡᠭᠦᠨ ᠳ᠋ᠦ ᠪᠣᠢ᠃ ᠬᠡᠷᠪᠡ ᠨᠢᠭᠡ ᠬᠥᠮᠥᠨ ᠬᠥᠮᠥᠵᠢᠯ ᠰᠤᠷᠲᠠᠬᠤᠨ ᠦᠭᠡᠢ ᠪᠣᠯᠪᠠᠰᠤ ᠶᠣᠰᠣᠲᠠᠢ ᠬᠥᠮᠥᠨ ᠳᠦᠷᠢ ᠲᠠᠢ᠂ ᠬᠦᠵᠦᠭᠦᠦ ᠲᠣᠯᠣᠭᠠᠢ ᠲᠠᠢ ᠪᠣᠯᠬᠤ ᠨᠢ
ᠪᠣᠯᠬᠣᠷ ᠬᠥᠮᠥᠨ ᠪᠣᠯᠤᠭᠰᠠᠨ ᠤ ᠬᠤᠪᠢ ᠳ᠋ᠦ ᠬᠥᠮᠥᠨ ᠪᠥᠬᠥᠨ ᠬᠥᠮᠥᠵᠢᠯ ᠶᠢᠨ ᠡᠭᠡᠰᠢᠭᠯᠡᠩ ᠲᠠᠢ ᠡᠵᠢ ᠨᠣᠮ ᠢᠶᠡᠨ ᠨᠠᠷᠢᠨ ᠤᠩᠰᠢᠵᠤ ᠨᠠᠨᠳᠢᠩᠨᠠᠵᠦ ᠃
ᠠᠮᠢᠨ ᠮᠡᠳᠡᠷᠡᠮᠵᠢ ᠬᠠᠨᠳᠢᠪᠯᠠᠭᠰᠠᠨ ᠡᠨᠡ ᠨᠣᠮ ᠠᠯᠳᠠ ᠡᠴᠡ ᠦᠨᠡᠲᠡᠢ ᠶᠢ ᠠᠷᠢᠭᠤᠨ ᠰᠡᠳᠬᠢᠯ ᠡᠴᠡ ᠪᠡᠨ ᠮᠡᠳᠡᠷᠡᠵᠦ ᠶᠠᠪᠤᠭᠠᠷᠠᠢ᠃
ᠡᠨᠡ ᠨᠣᠮ ᠢ ᠤᠩᠰᠢᠬᠤ ᠪᠡᠷ ᠰᠡᠳᠬᠢᠯ ᠤᠨ ᠪᠣᠬᠢᠷᠳᠦᠯ ᠠᠷᠢᠯᠵᠤ᠂ ᠰᠠᠨᠠᠭᠠᠨ ᠤ ᠳᠠᠷᠤᠮ᠎ᠠ ᠰᠠᠷᠨᠢᠵᠦ᠂ ᠡᠷᠡᠭᠦᠯ ᠪᠡᠶ᠎ᠡ ᠳ᠋ᠦ ᠰᠠᠷᠠᠭᠤᠯ ᠤᠬᠠᠭᠠᠨ ᠲᠤᠶᠠᠭᠠᠷᠠᠬᠤ ᠶᠤᠮ ᠰᠠᠨ᠃
ᠡᠨᠡ ᠨᠣᠮ ᠢ ᠤᠩᠰᠢᠬᠤ ᠪᠡᠷ ᠭᠡᠭᠡᠷᠡᠵᠦ᠂ ᠰᠡᠳᠬᠢᠯ ᠠᠷᠢᠭᠤᠰᠴᠦ᠂ ᠪᠣᠯᠪᠠᠰᠤᠨ ᠰᠡᠳᠬᠢᠴᠡ ᠪᠤᠷᠭᠢᠬᠤ ᠶᠤᠮ ᠰᠠᠨ᠃
ᠡᠨᠡ ᠨᠣᠮ ᠶᠢ ᠤᠩᠰᠢᠬᠤ ᠪᠡᠷ ᠣᠶᠣᠨ ᠤ ᠨᠠᠷᠠ ᠰᠠᠴᠤᠷᠠᠵᠤ᠂ ᠤᠬᠠᠭᠠᠨ ᠲᠡᠭᠦᠯᠳᠡᠷᠵᠢᠵᠦ᠂ ᠮᠡᠳᠡᠯᠭᠡ ᠮᠡᠳᠡᠴᠡ ᠨᠡᠮᠡᠭᠳᠡᠵᠦ᠂ ᠬᠠᠷᠢᠭᠤᠴᠠᠯᠭ᠎ᠠ ᠶᠢᠨ ᠡᠷᠴᠢ ᠶᠤᠮ ᠰᠠᠨ᠃
᠁
ᠡᠵᠢ ᠬᠥᠮᠥᠨ ᠨᠢᠭᠡ ᠢᠵᠢ ᠨᠣᠮ ᠤᠬᠠᠭᠠᠨ ᠶᠤᠮ ᠰᠢᠤ᠃
ᠡᠨᠡ ᠨᠣᠮ ᠳ᠋ᠦ ᠠᠷᠢᠭᠤᠨ ᠴᠠᠭᠠᠨ ᠪᠣᠢ᠂ ᠡᠨᠡᠷᠢᠯ ᠢᠪᠡᠭᠡᠯ ᠤᠨ ᠰᠡᠳᠬᠢᠯ ᠪᠣᠢ᠂ ᠬᠠᠷᠠᠮᠴᠢ ᠦᠭᠡᠢ ᠪᠣᠢ᠂ ᠬᠠᠮᠤᠭ ᠡᠷᠬᠢᠮ ᠬᠠᠷᠢᠭᠤᠴᠠᠯᠭ᠎ᠠ ᠪᠣᠢ᠃
ᠬᠥᠮᠥᠰ ᠡ᠂ ᠡᠵᠢ ᠨᠣᠮ ᠢᠶᠡᠨ ᠪᠤᠦ ᠂ ᠡᠷᠬᠢᠮ ᠳᠡᠭᠡᠳᠦ ᠢᠶᠡᠨ ᠤᠳᠤᠮ ᠵᠠᠯᠭᠠᠵᠤ ᠃ ᠶᠢᠷᠲᠢᠨᠴᠦ ᠳ᠋ᠦ ᠡᠭᠦᠨ ᠡᠴᠡ ᠡᠷᠬᠢᠮ ᠦᠨᠡᠲᠦ ᠡᠷᠳᠡᠨᠢ ᠥᠭᠡᠷ᠎ᠡ ᠦᠭᠡᠢ᠃
ᠬᠥᠮᠥᠨ ᠨᠠᠨᠳᠢᠨ ᠴᠢᠨᠠᠷ ᠲᠠᠢ ᠶᠠᠪᠤᠬᠤ ᠪᠡᠷ ᠨᠠᠷᠠᠨ ᠤ ᠭᠡᠷᠡᠯ ᠪᠡᠶ᠎ᠡ ᠡᠴᠡ ᠨᠢ ᠰᠠᠴᠤᠷᠠᠳᠠᠭ ᠶᠢ ᠨᠠᠰᠤᠨ ᠲᠤᠷᠰᠢ ᠴᠡᠭᠡᠵᠢᠯᠡᠵᠦ ᠶᠠᠪᠤᠭᠠᠷᠠᠢ