 

ᠢᠳᠡᠷᠡᠭᠦᠨ ᠠᠯᠬᠤᠭ᠎ᠠ ᠦᠷᠨᠢᠩᠭᠦᠢ ᠬᠦᠭᠵᠢᠯᠲᠡ

2019-05-23 09:14
  177
  0


  ︽ᠬᠦᠬᠡ ᠤᠬᠳᠠᠷᠭᠤᠢ ᠳᠤ ᠤᠷᠠᠨ ᠪᠤᠯᠵᠤᠮᠤᠷ ᠵᠢᠷᠬᠢᠨ ᠳᠤᠩᠭᠤᠳᠤᠭᠠᠳ᠂ ᠬᠦᠳᠡᠭᠡ ᠲᠠᠯ᠎ᠠ ᠳᠤ ᠬᠤᠨᠢᠨ ᠰᠦᠷᠦᠭ ᠲᠡᠪᠡᠳᠡᠢ ᠪᠡᠯᠴᠢᠨ᠎ᠠ︾ — ᠡᠨᠡ ᠨᠢ ᠦᠪᠤᠷ ᠮᠤᠩᠭᠤᠯ ᠬᠡᠬᠦ ᠲᠠᠢ ᠵᠡᠷᠬᠡ ᠭᠠᠳᠠᠨᠠᠬᠢ ᠬᠦᠮᠤᠰ ᠲᠤ ᠦᠯᠡᠳᠡᠬᠡᠭᠰᠡᠡ ᠬᠠᠮᠤᠬ ᠤᠨ ᠬᠦᠨ ᠰᠠᠭᠤᠭᠳᠠᠯ ᠪᠤᠯᠤᠨ᠎ᠠ᠃ ᠬᠡᠳᠡᠯ᠎ᠠ᠂ ᠤᠯᠠᠭᠠᠨᠴᠠᠪ ᠬᠤᠳᠠ ᠬᠠᠷᠢᠨ ᠡᠨᠡ ᠬᠦ ᠬᠦᠮᠤᠰ ᠲᠤ ᠦᠯᠡᠳᠡᠬᠡᠭᠰᠡᠡ ᠬᠦᠨ ᠰᠠᠭᠤᠭᠳᠠᠯ ᠢ ᠬᠤᠪᠢᠷᠠᠭᠤᠯᠵᠤ᠂ ᠢᠳᠡᠷᠡᠬᠦᠨ ᠠᠯᠬᠤᠭ᠎ᠠ ᠪᠠᠷ ᠡᠷᠡᠮᠡᠬᠡᠶᠢᠯᠡᠨ ᠤᠷᠤᠭᠰᠢᠯᠠᠨ᠎ᠠ᠃
   ᠳᠤᠮᠤ ᠳ᠋ᠠᠶᠢᠲᠨ᠂ ᠡᠬᠦᠯᠠᠨ ᠪᠤᠳᠤᠯᠳᠠ ᠶᠢᠨ ᠠᠵᠤ ᠤᠢᠢᠯᠠᠰ ᠤᠨ ᠲᠦᠪᠯᠡᠷᠡᠯ ᠤᠨ ᠳᠤᠭᠤᠷᠢᠭ ᠨᠢ ᠲᠤᠮᠤ ᠳ᠋ᠠᠶᠢᠲ᠋ᠠ ᠶᠢ ᠬᠦᠭᠵᠢᠬᠦᠯᠵᠤ ᠠᠵᠦ ᠦᠢᠯᠡᠰ ᠤᠨ ᠠᠵᠦ ᠠᠬᠤᠢ ᠶᠢᠨ ᠬᠦᠭᠵᠢᠯᠲᠡ ᠪᠤᠯᠤᠨ ᠢᠨᠲ᠋ᠧᠷ ᠰᠦᠯᠵᠢᠶ᠎ᠠ ᠶᠢᠨ ᠴᠠᠭ ᠦᠶ᠎ᠡ ᠶᠢ ᠠᠭᠤᠰᠤᠯᠴᠠᠭᠤᠯᠪᠠ︔ ᠳᠤᠯᠤᠭᠠᠨ ᠰᠤᠮᠤ ᠶᠢᠨ ᠳᠤᠮᠳᠠᠳᠤ ᠡᠸᠦ᠋ᠷᠦᠫᠠ ᠶᠢᠨ ᠵᠢᠰᠢᠶᠠᠨ ᠤ ᠭᠠᠯᠳᠤ ᠲᠡᠷᠬᠡ ᠶᠢᠨ ᠪᠤᠳᠠᠰ ᠤᠨ ᠬᠦᠢᠯᠬᠡᠬᠡ ᠶᠢᠨ ᠰᠠᠭᠤᠷᠢᠨ ᠨᠢ ︽ᠨᠢᠬᠡ ᠪᠦᠰᠡ ᠨᠢᠬᠡ ᠵᠠᠮ︾ ᠤᠨ ᠪᠡᠬᠡᠵᠢᠩ ᠲᠢᠶᠠᠨᠵᠢᠨ ᠾᠧᠪᠸᠢ ᠲᠠᠢ ᠢᠳᠡᠪᠬᠢᠳᠡᠢ ᠠᠭᠤᠰᠤᠯᠴᠠᠵᠤ᠂ ᠪᠦᠬᠦ ᠤᠷᠤᠨ ᠤ ᠭᠠᠳᠠᠭᠠᠳᠤ ᠨᠡᠬᠡᠬᠡᠯᠳᠠ ᠶᠢ ᠬᠦᠭᠵᠢᠬᠦᠯᠬᠦ ᠰᠢᠨ᠎ᠠ ᠦᠨᠳᠦᠷᠯᠢᠭ ᠭᠠᠵᠡᠷ ᠢ ᠬᠦᠴᠤᠯᠠᠨ ᠪᠠᠶᠢᠭᠤᠯᠪᠠ︔ ᠤᠮᠠᠷᠠᠳᠤ ᠶᠢᠨ ᠬᠡᠷ ᠤᠨ ᠡᠳ᠋ᠯᠡᠯ ᠬᠡᠷᠡᠭᠰᠡᠯ ᠤᠨ ᠠᠵᠤ ᠤᠢᠢᠯᠠᠰ ᠤᠨ ᠬᠦᠷᠢᠶᠡᠯᠡᠩ ᠨᠢ ᠮᠤᠩᠭᠤᠯ ᠤᠷᠤᠰ ᠤᠨ ᠮᠤᠳᠤᠨ ᠮᠠᠲ᠋ᠧᠷᠢᠶᠠᠯ ᠤᠨ ᠠᠷᠠᠯᠵᠢᠶ᠎ᠠ ᠬᠤᠳᠠᠯᠳᠤᠭ᠎ᠠ᠂ ᠮᠤᠳᠤᠨ ᠮᠠᠲ᠋ᠧᠷᠢᠶᠠᠯ ᠪᠤᠯᠪᠠᠰᠤᠷᠠᠭᠤᠯᠬᠤ᠂ ᠮᠤᠳᠤᠨ ᠮᠠᠲ᠋ᠧᠷᠢᠶᠠᠯ ᠢ ᠶᠠᠷᠤᠩᠬᠡᠶᠢᠯᠡᠨ ᠠᠰᠢᠬᠯᠠᠬᠤ ᠵᠡᠷᠬᠡ ᠠᠵᠤ ᠤᠢᠢᠯᠠᠰ ᠤᠨ ᠬᠠᠮᠳᠤᠷᠠᠯᠴᠠᠭ᠎ᠠ ᠶᠢᠨ ᠬᠦᠭᠵᠢᠯᠳᠠ ᠶᠢ ᠲᠠᠶᠢᠴᠢᠯᠡᠵᠠᠢ᠃
   ᠴᠠᠬᠠᠷ ᠪᠠᠷᠠᠭᠤᠨ ᠭᠠᠷᠤᠨ ᠲᠤᠮᠳᠠᠲᠤ ᠬᠤᠰᠢᠭᠤᠨ ᠤ ᠬᠦᠭᠡᠪᠤᠷ ᠪᠠᠯᠭᠠᠰᠤᠨ ᠤ ᠠᠷᠤ ᠶᠢᠨ ᠵᠤᠤ ᠲᠤᠰᠬᠤᠨ ᠤ ᠨᠠᠮ ᠤᠨ ᠡᠭᠦᠷ ᠤᠨ ᠱᠦᠵᠢ ᠰᠢᠶᠧ ᠯᠢᠶᠠᠩ ᠠᠳᠡ ᠢᠷᠡᠭᠰᠡᠨ ᠴᠠᠭ ᠠᠴᠠ ᠪᠠᠨ ᠠᠷᠤ ᠶᠢᠨ ᠵᠤᠤ ᠲᠤᠰᠬᠤᠨ ᠢ ᠦᠪᠡᠷ ᠤᠨ ︽ᠭᠡᠷ ᠤᠷᠤᠨ︾ ᠢᠶᠠᠨ ᠰᠢᠬ᠂ ᠤᠯᠠᠨ ᠲᠦᠮᠡᠨ ᠢ ᠦᠪᠡᠷ ᠤᠨ ︽ᠰᠠᠳᠤᠨ ᠲᠦᠷᠤᠯ︾ ᠢᠶᠠᠨ ᠰᠢᠭ ᠰᠠᠨᠠᠭᠠᠯᠵᠠᠨ᠂ ᠳᠤᠰ ᠳᠤᠰᠬᠤᠨ ᠤ ᠬᠦᠭᠵᠢᠯᠲᠡ ᠲᠠᠪᠰᠢᠯᠲᠡ ᠶᠢᠨ ᠲᠦᠯᠦᠭᠡ ᠴᠦᠭᠦᠷᠡᠯ ᠦᠭᠡᠢ ᠵᠢᠳᠭᠦᠵᠤ ᠶᠠᠪᠤᠭᠰᠠᠨ ᠶᠤᠮ᠃ 2015 ᠤᠨ ᠳᠤ ᠨᠢᠭᠡᠳᠤᠭᠡᠷ ᠱᠦᠵᠢ ᠪᠠᠷ ᠲᠤᠮᠢᠯᠠᠭᠳᠠᠭᠰᠠᠨ ᠲᠡᠷᠠ ᠪᠠᠷ᠂ ᠪᠠᠶᠢᠭᠠᠯᠢ ᠶᠢᠨ ᠨᠦᠭᠦᠴᠡᠯ ᠪᠠᠷᠤᠭᠲᠠᠢ ᠶᠠᠳᠠᠭᠤ ᠬᠦᠴᠢᠷᠳᠠᠯᠲᠠᠢ ᠲᠤᠰᠬᠤᠨ ᠤ ᠺᠠᠳ᠋ᠷ ᠪᠤᠯᠤᠭᠰᠠᠨ ᠴᠤ ᠭᠤᠷᠪᠠ ᠳᠦᠷᠪᠡᠨ ᠵᠢᠯ ᠤᠨ ᠴᠢᠷᠮᠠᠶᠢᠯᠭ᠎ᠠ ᠪᠠᠷ ᠲᠠᠮᠵᠢᠨ ᠲᠤᠰᠬᠤᠨ ᠢᠶᠠᠨ ᠬᠦᠭᠵᠢᠭᠦᠯᠦᠨ ᠲᠤᠰᠬᠤᠨ ᠤ ᠠᠷᠠᠳ ᠢᠶᠠᠨ ᠶᠠᠳᠠᠭᠤ ᠠᠴᠠ ᠠᠩᠬᠢᠵᠢᠷᠠᠭᠤᠯᠤᠨ ᠪᠠᠶᠠᠵᠢᠯ ᠤᠨ ᠵᠠᠮ ᠳᠤ ᠬᠦᠳᠤᠯᠦᠭᠰᠡᠡ ᠨᠡᠶᠢᠳᠡᠯᠢᠭ ᠵᠢᠱᠢᠶ᠎ᠠ ᠪᠤᠯᠪᠡ᠃
   ︽ᠤᠯᠤᠰ ᠤᠨ ᠴᠡᠴᠡᠷᠯᠢᠭᠳᠦ ᠬᠤᠳᠠ︾᠂ ︽ᠳᠤᠮᠳᠠᠳᠤ ᠤᠯᠤᠰ ᠤᠨ ᠲᠠᠯ᠎ᠠ ᠨᠤᠳᠤᠭ ᠤᠨ ᠵᠤᠰᠠᠯᠠᠩ ᠤᠨ ᠤᠷᠤᠨ︾ ᠤ ᠴᠤᠯᠠ ᠶᠢ ᠬᠦᠷᠳᠡᠭᠰᠡᠡ ᠤᠯᠠᠭᠠᠨᠴᠠᠪ ᠬᠤᠳᠠ ᠶᠢᠨ ᠰᠤᠮᠤ ᠶᠢᠨ ᠠᠭᠤᠯᠠ᠂ ᠲᠠᠭ᠎ᠠ ᠶᠢᠨ ᠨᠠᠭᠤᠷ᠂ ᠨᠠᠷᠠᠰᠤᠨ ᠭᠤᠤᠯ ᠤᠨ ᠭᠤᠶᠢᠳᠠ ᠨᠤᠭᠤᠭᠠᠨ ᠬᠤᠪᠢᠷᠠᠯᠳᠠ ᠨᠢ ᠤᠯᠠᠭᠠᠨᠴᠠᠪ ᠬᠤᠳᠠ ᠠᠮᠢ ᠠᠬᠤᠢ ᠶᠢ ᠤᠷᠢᠳ ᠢᠶᠠᠷ ᠪᠤᠳᠤᠯᠬᠢᠯᠡᠨ᠂ ᠪᠤᠬᠢᠷᠳᠤᠯ ᠦᠬᠡᠢ ᠬᠦᠭᠵᠢᠯᠳᠠ ᠶᠢᠨ ᠵᠠᠮ ᠢᠶᠠᠷ ᠵᠠᠮᠨᠠᠭᠰᠠᠠ ᠤ ᠦᠷ᠎ᠠ ᠳ᠋ᠦᠩ ᠪᠤᠯᠤᠨ᠎ᠠ᠃
   ᠢᠯᠠᠩᠭᠤᠶ᠎ᠠ᠂ ᠰᠢᠩ ᠾᠧ ᠰᠢᠶᠠᠨ ᠳᠤ ᠪᠠᠶᠢᠷᠢᠯᠠᠭ᠎ᠠ ᠰᠤᠮᠤ ᠶᠢᠨ ᠠᠭᠤᠯᠠ ᠶᠢᠨ ᠤᠢ ᠰᠢᠭᠤᠢ ᠶᠢᠨ ᠲᠡᠯᠡᠪᠡᠢ ᠶᠢᠨ ᠠᠵᠢᠯᠲᠠᠨ ᠭᠤᠷᠪᠡᠨ ᠦᠶ᠎ᠠ ᠪᠠᠷ ᠢᠶᠠᠨ ᠰᠤᠮᠤ ᠶᠢᠨ ᠠᠭᠤᠯᠠ ᠶᠢᠨ ᠨᠤᠭᠤᠭᠠᠷᠠᠭᠤᠯᠤᠯᠳᠠ ᠳᠤ ᠵᠠᠯᠠᠭᠤ ᠽᠠᠨᠳᠠᠨ ᠨᠠᠰᠤ ᠪᠠᠨ ᠬᠠᠷᠠᠮ ᠦᠬᠡᠢ ᠡᠷᠬᠦᠵᠤ ᠶᠠᠪᠤᠵᠠᠢ︔ ᠯᠢᠶᠠᠩᠴᠧᠩ ᠰᠢᠶᠠᠨ ᠤ ᠲᠠᠭ᠎ᠠ ᠶᠢᠨ ᠨᠠᠭᠤᠷ ᠤᠨ ᠬᠦᠪᠡᠬᠡᠨ ᠳᠤ ᠵᠢᠷᠭᠤᠭᠠᠨ ᠦᠶ᠎ᠠ ᠪᠠᠷ ᠢᠶᠠᠨ ᠠᠵᠢᠯᠯᠠᠵᠤ ᠠᠮᠢᠳᠤᠷᠠᠵᠤ ᠶᠠᠪᠤᠭ᠎ᠠ ᠮᠤᠩᠭᠤᠯ ᠨᠠᠰᠤᠳᠠᠨ ᠲᠠᠭ᠎ᠠ ᠶᠢᠨ ᠨᠠᠭᠤᠷ ᠤᠨ ᠠᠮᠢ ᠠᠬᠤᠢ ᠶᠢᠨ ᠬᠤᠪᠢᠷᠠᠯᠳᠠ ᠶᠢ ᠪᠡᠶ᠎ᠡ ᠪᠠᠷ ᠢᠶᠠᠨ ᠮᠡᠳᠡᠷᠡᠵᠤ ᠶᠠᠪᠤᠪᠠ︔ ᠵᠢᠨᠢᠩ ᠤᠨ ᠠᠮᠢ ᠠᠬᠤᠢ ᠤᠷᠴᠢᠨ ᠳᠤᠭᠤᠷᠢᠨ ᠤ ᠪᠦᠳᠤᠬᠡᠨ ᠪᠠᠶᠢᠭᠤᠯᠤᠯᠳᠠ ᠨᠢ ᠲᠡᠭᠷᠢ ᠭᠠᠵᠡᠷ ᠤᠨ ᠬᠤᠪᠢᠷᠠᠯᠳᠠ ᠲᠠᠢ ᠪᠤᠯᠵᠠᠢ᠃
   ᠤᠯᠠᠭᠠᠨᠴᠠᠪ ᠬᠤᠳᠠ ᠶᠢᠨ ᠡᠳᠡᠬᠡᠷ ᠲᠦᠷᠬᠡᠨ ᠬᠦᠭᠵᠢᠯᠳᠠ ᠨᠢ ᠰᠢᠨ᠎ᠠ ᠴᠠᠭ ᠦᠶ᠎ᠠ ᠶᠢᠨ ︽ᠲᠠᠯ᠎ᠠ ᠨᠤᠳᠤᠭ ᠤᠨ ᠬᠦᠭᠵᠢᠯᠳᠠ︾ ᠶᠢᠨ ᠰᠢᠨ᠎ᠠ ᠬᠠᠭᠤᠳᠠᠰᠤ ᠶᠢ ᠪᠢᠴᠢᠭᠯᠡᠵᠦ ᠪᠤᠢ᠃  ︵ᠵᠣᠬᠢᠶᠠᠭᠴᠢ᠄  ᠠᠯᠳ᠋ᠬᠠᠠᠭᠤᠯᠠ ᠬᠤᠱᠤᠳ · ᠨᠤᠮᠢᠨ ᠬᠠᠢ ᠵᠢᠶᠦ᠋ᠨ ᠵᠢᠷᠤᠮᠳᠤ ︶



  
     
     