 

ᠮᠢᠬ᠎ᠠ ︽ᠮᠠᠩᠨᠤᠬ︾ ᠪᠣᠯᠪᠠ ᠮᠠᠨᠣᠰ ᠶᠠᠭᠠᠬᠢᠲᠠᠬ ᠪᠢᠯᠡ⁈

2019-11-06 19:12
  239
  0


   ᠦᠰᠴᠦ ᠪᠠᠭᠤᠷᠠᠬᠤ ᠪᠠ ᠦᠭᠰᠦᠵᠦ ᠣᠷᠣᠭᠤᠲᠠᠬᠤ ᠭᠡᠵᠦ ᠣᠷᠴᠢᠯᠠᠩ ᠤᠨ ᠲᠦᠮᠡᠨ ᠪᠣᠲᠠᠰ ᠤᠨ ᠵᠢᠮ᠎ᠠ ᠬᠠᠣᠯᠢ ᠶᠣᠮᠰᠠᠨ᠃ ᠭᠡᠬᠦ ᠳᠡᠭᠡᠨ ᠡᠨᠡᠬᠦ ᠵᠢᠮ᠎ᠠ ᠬᠠᠣᠯᠢ ᠨᠢ ᠭᠡᠨ ᠳᠤ ᠴᠦ ᠬᠡᠯᠡ ᠴᠢᠮᠡᠭᠡ ᠦᠭᠬᠦᠯ ᠦᠭᠡᠢ ᠪᠠᠷ ᠰᠡᠮ ᠰᠡᠮᠭᠡᠨ ᠢᠶᠠᠷ ᠢᠪ ᠲᠠᠭᠠᠷᠢᠨ ᠢᠷᠡᠭᠡᠳ ᠣᠯᠠᠨ ᠢ ᠦᠢᠮᠡᠬᠦᠯᠬᠦ ᠨᠢ ᠴᠣᠬᠤᠮ ᠦᠢᠯᠡ ᠭᠡᠵᠦ ᠮᠡᠲᠡ᠃ ᠡᠬᠦᠨ ᠳᠤ ᠭᠠᠵᠠᠷ ᠰᠡᠨᠲᠡᠯᠡᠲᠡᠭ ᠭᠠᠭ᠋ᠠᠢ ᠶᠢᠨ ᠮᠢᠬ᠎ᠠ ᠶᠢᠨ ᠦᠨ᠎ᠡ ᠶᠡᠭᠡ ᠦᠰᠦᠭᠰᠡᠨ ᠪᠣᠯ ᠲᠠᠷᠣᠢ ᠨᠢᠭᠡ ᠵᠢᠱᠢᠶ᠎ᠠ ᠪᠣᠯᠬᠤ ᠶᠣᠮ᠃ ᠨᠢᠲᠣᠨᠣᠨ ᠠᠴᠠ ᠨᠠᠰᠢ᠂ ᠮᠠᠨ ᠤ ᠣᠷᠣᠨ ᠲᠡᠲᠦᠢ ᠦᠭᠡᠢ ᠪᠦᠬᠦ ᠣᠯᠣᠰ ᠤᠨ ᠬᠡᠪᠴᠢᠶᠠᠨ ᠳᠤ ᠭᠠᠭ᠋ᠠᠢ ᠶᠢᠨ ᠮᠢᠬ᠎ᠠ ᠦᠷᠬᠦᠯᠵᠢᠯᠡᠨ ᠦᠰᠴᠦ᠂ ᠵᠠᠷᠢᠮ ᠭᠠᠵᠠᠷ ᠣᠷᠣᠨ ᠳᠤ ᠭᠠᠭ᠋ᠠᠢ ᠶᠢᠨ ᠮᠢᠬ᠎ᠠ ᠵᠢᠩ ᠪᠦᠷᠢ ᠳᠡᠭᠡᠨ ᠭᠤᠴᠢᠨ ᠬᠡᠲᠦᠨ ᠲᠦᠬᠦᠷᠢᠭ ᠴᠢᠨᠠᠬᠰᠢᠯᠠᠨ ᠲᠦᠴᠢᠨ ᠲᠦᠬᠦᠷᠢᠭ ᠲᠤ ᠲᠦᠬᠦᠭᠰᠡᠨ ᠢ ᠵᠠᠭᠤᠴᠢᠯᠠᠭᠤᠷ ᠲᠤ ᠮᠡᠲᠡᠭᠡᠯᠡᠵᠦ ᠪᠠᠶᠢᠬᠰᠠᠨ ᠪᠦᠭᠡᠳ ᠨᠢᠭᠡ ᠬᠡᠰᠡᠭ ᠬᠤᠭᠤᠴᠠᠭᠠᠨ ᠳᠤ ᠦᠷᠬᠦᠯᠵᠢᠯᠡᠨ ᠦᠰᠬᠦ ᠬᠠᠨᠲᠣᠰᠢ ᠲᠠᠢ ᠭᠡᠮᠡᠨ ᠲᠧᠯᠧᠢᠰ ᠰᠦᠯᠵᠢᠶ᠎ᠠ ᠠᠴᠠ ᠲᠣᠰᠬᠠᠢ ᠮᠡᠷᠭᠡᠵᠢᠯᠲᠡᠳ ᠲᠠᠶᠢᠯᠪᠣᠷᠢᠯᠠᠨ ᠵᠠᠲᠠᠯᠵᠦ ᠪᠠᠶᠢᠯ᠎ᠠ᠃ ᠠᠶ᠎ᠠ ᠬᠤᠬᠤᠢ᠂ ᠨᠡᠬᠡᠷᠡᠨ ᠴᠠᠭᠠᠨ ᠰᠠᠷ᠎ᠠ ᠳᠠᠭᠠᠨ ᠴᠠᠳᠲᠠᠯ᠎ᠠ ᠢᠲᠡᠬᠦ ᠠᠴᠠ ᠦᠭᠡᠷ᠎ᠡ ᠴᠠᠰᠢ ᠠᠷᠭ᠎ᠠ ᠦᠭᠡᠢ ᠪᠣᠯᠣᠬᠰᠠᠨ ᠭᠡᠵᠢ ᠤᠤ ᠳ᠋ᠠ⁈
   ᠡᠳ᠋ ᠬᠤᠪᠣᠷ ᠲᠠᠭᠠᠨ ᠦᠨᠡᠲᠡᠢ ᠭᠡᠵᠦ ᠣᠨᠣᠭᠠᠬᠰᠠᠨ ᠦᠭᠡ᠃ ᠬᠠᠩᠭᠠᠯᠭ᠎ᠠ ᠬᠢᠭᠡᠳ ᠬᠡᠷᠡᠭᠴᠡᠭᠡ ᠲᠡᠩᠴᠡᠬᠦᠷᠢ ᠪᠠᠨ ᠠᠯᠲᠠᠵᠦ᠂ ᠬᠡᠯᠪᠡᠯᠵᠡᠨ ᠲᠠᠶᠢᠪᠢᠯᠵᠠᠬᠤ ᠳᠤ ᠦᠪᠡᠷ ᠤᠨ ᠦᠷᠲᠡᠭ ᠨᠢ ᠨᠡᠮᠡᠭᠲᠡᠵᠦ ᠬᠠᠰᠣᠬᠲᠠᠬᠤ ᠪᠦᠭᠡᠳ ᠡᠬᠦᠨ ᠤ ᠣᠯᠠᠮ ᠢᠶᠠᠷ ᠦᠨ᠎ᠡ ᠨᠢ ᠴᠦ ᠲᠠᠭᠠᠯᠲᠣᠨ ᠦᠰᠴᠦ ᠪᠠᠭᠤᠷᠠᠲᠠᠬ ᠠᠵᠢ᠃ ᠡᠨᠡ ᠪᠣᠯ ᠵᠠᠬ᠎ᠠ ᠲᠡᠯᠭᠡᠬᠦᠷ ᠤᠨ ᠵᠦᠢ᠂ ᠵᠠᠪᠠᠯ ᠪᠠᠷᠢᠮᠲᠠᠯᠠᠬᠤ ᠭᠤᠷᠢᠮ ᠪᠢᠯᠡ᠃ ᠲᠡᠭᠡᠬᠦ ᠳᠤ ᠬᠠᠷᠢᠨ ᠭᠠᠭ᠋ᠠᠢ ᠶᠢᠨ ᠮᠢᠬ᠎ᠠ ᠶᠢᠨ ᠦᠨ᠎ᠡ ᠦᠰᠬᠦ ᠶᠢ ᠲᠠᠭᠠᠯᠲᠣᠨ ᠲᠠᠬᠢᠶᠠᠨ ᠮᠢᠬ᠎ᠠ᠂ ᠦᠭᠡᠷ ᠤᠨ ᠮᠢᠬ᠎ᠠ᠂ ᠲᠠᠬᠢᠶᠠᠨ ᠦᠨᠳᠡᠭᠡ ᠪᠠ ᠠᠮᠣ ᠲᠣᠰᠣ᠂ ᠨᠣᠭᠤᠭ᠎ᠠ ᠵᠢᠮᠢᠰ ᠵᠡᠷᠭᠡ ᠶᠢᠨ ᠦᠨ᠎ᠡ ᠴᠦ ᠪᠠᠭ᠋ᠠᠨ ᠦᠰᠦᠭᠰᠡᠨ ᠨᠢ ᠭᠠᠶᠢᠬᠠᠰᠢ ᠠᠯᠲᠠᠭᠤᠯᠣᠮᠠᠷ᠃ ᠡᠬᠦᠨ ᠤ ᠣᠴᠢᠷ ᠰᠢᠯᠲᠠᠭᠠᠨ ᠢ ᠣᠬᠤᠴᠢᠯᠠᠪᠠᠯ᠂ ᠠᠮᠢᠲᠣ ᠪᠣᠲᠠᠰ ᠤᠨ ᠢᠲᠡᠰᠢᠨ ᠬᠢᠨᠵᠢ ᠮᠡᠲᠦ ᠪᠠᠷ ᠬᠠᠷᠢᠯᠴᠠᠨ ᠬᠤᠯᠪᠣᠯᠲᠣᠵᠦ᠂ ᠨᠢᠭᠡ ᠨᠢ ᠨᠦᠬᠦᠭᠡ ᠪᠠᠨ ᠨᠦᠯᠦᠭᠡᠯᠡᠵᠦ ᠪᠠᠶᠢᠲᠠᠬ ᠠᠵᠢ᠃ ᠢᠩᠬᠢᠭᠡᠳ ᠦᠭᠡᠷ᠎ᠡ ᠵᠦᠢᠯ ᠤᠨ ᠮᠢᠬ᠎ᠠ ᠲᠣᠰᠣ ᠪᠠᠷ ᠦᠨᠳᠦᠷ ᠦᠨ᠎ᠡ ᠳᠤ ᠬᠦᠷᠦᠭᠰᠡᠨ ᠭᠠᠭ᠋ᠠᠢ ᠶᠢᠨ ᠮᠢᠬ᠎ᠠ ᠶᠢ ᠣᠷᠣᠯᠠᠭᠤᠯᠵᠦ᠂ ᠭᠡᠲᠡᠰᠦ ᠪᠣᠷᠣᠯᠠᠭᠤᠯᠬᠤ ᠭᠡᠰᠡᠨ ᠬᠦᠮᠦᠰ ᠤᠨ ᠪᠣᠲᠣᠯ ᠢ ᠬᠤᠭᠤᠰᠣᠲᠠᠭᠤᠯᠣᠬᠰᠠᠨ ᠪᠠᠶᠢᠨ᠎ᠠ᠃
   ︽ᠢᠷᠭᠡᠳ ᠢᠨᠦ ᠠᠮᠣ ᠬᠦᠨᠡᠰᠦ ᠪᠠᠷ ᠦᠨᠳᠦᠰᠦ ᠪᠣᠯᠭᠠᠮᠣᠢ︾ ᠭᠡᠵᠦ ᠡᠷᠲᠡᠨ ᠤ ᠦᠭᠡᠨ ᠳᠤ ᠶᠠᠷᠢᠲᠠᠬ᠃ ᠶᠡᠷᠦ ᠨᠢ ᠡᠳᠦᠮ ᠲᠣᠲᠣᠮ ᠤᠨ ᠬᠤᠭᠤᠯᠠ ᠬᠦᠨᠡᠰᠦ ᠳᠤ ᠬᠡᠷᠡᠭᠯᠡᠬᠦ ᠮᠢᠬ᠎ᠠ ᠲᠣᠰᠣ ᠶᠢᠨ ᠦᠨ᠎ᠡ ᠦᠰᠬᠦ ᠦᠢᠮᠡᠭᠡᠨ ᠳᠤ ᠡᠭᠡᠯ ᠠᠷᠠᠳ ᠬᠠᠮᠤᠬ ᠠᠴᠠ ᠲᠦᠷᠦᠬᠦᠨ ᠳᠤ ᠦᠷᠲᠦᠵᠦ ᠶᠠᠭᠠᠷᠠᠲᠠᠬ ᠣᠴᠢᠷᠲᠠᠢ᠃ ᠪᠠᠷᠠᠭᠠᠨ ᠤ ᠦᠨ᠎ᠡ ᠦᠰᠬᠦ ᠶᠢᠨ ᠣᠯᠠᠮ ᠢᠶᠠᠷ ᠣᠷᠣᠯᠭ᠎ᠠ ᠨᠢᠮᠭᠡᠷᠡᠨ ᠵᠠᠷᠣᠯᠭ᠎ᠠ ᠨᠡᠮᠡᠭᠲᠡᠵᠦ᠂ ᠠᠮᠠ ᠪᠠᠨ ᠪᠠᠷᠢᠨ ᠭᠠᠰᠠᠯᠵᠦ ᠠᠷᠭ᠎ᠠ ᠪᠠᠷᠠᠬᠲᠠᠬᠰᠠᠨ ᠬᠦᠮᠦᠰ ᠵᠦᠪᠭᠡᠨ ᠭᠡᠲᠡᠰᠦ ᠪᠠᠨ ᠪᠣᠭᠤᠵᠦ᠂ ᠬᠠᠷᠠᠰᠣ ᠪᠣᠲᠠᠭ᠎ᠠ ᠪᠠᠷ ᠬᠤᠲᠣᠭᠤᠲᠣ ᠪᠠᠨ ᠲᠦᠬᠦᠷᠭᠡᠬᠦ ᠪᠣᠯᠭᠤᠵᠠᠢ ᠭᠡᠯᠴᠡᠨ᠎ᠡ᠃ ᠡᠶᠢᠨ ᠬᠦ ᠣᠯᠠᠨ ᠲᠦᠮᠡᠨ ᠤ ᠰᠠᠨᠠᠭᠠᠰᠢᠷᠠᠯ ᠣᠯᠣᠰ ᠣᠷᠣᠨ ᠤ ᠠᠩᠬᠠᠷᠣᠯ ᠳᠤ ᠬᠦᠷᠴᠦ᠂ ᠲᠦᠷᠦᠬᠦᠭᠡᠨ ᠲᠦᠷᠦ ᠶᠢᠨ ᠶᠠᠪᠣᠲᠠᠯ ᠤᠨ ᠬᠤᠷᠢᠶ᠎ᠠ ᠠᠴᠠ ᠬᠤᠷᠠᠯ ᠬᠤᠷᠠᠯᠲᠣᠭᠤᠯᠵᠦ᠂ ᠭᠠᠭ᠋ᠠᠢ ᠲᠡᠵᠢᠭᠡᠬᠦ ᠦᠢᠯᠡᠳᠪᠦᠷᠢᠯᠡᠯ ᠢ ᠲᠣᠬᠲᠠᠭᠤᠨ ᠪᠠᠶᠢᠯᠭᠠᠵᠦ᠂ ᠭᠠᠭ᠋ᠠᠢ ᠶᠢᠨ ᠮᠢᠬᠠᠨ ᠤ ᠬᠠᠩᠭᠠᠯᠭ᠎ᠠ ᠶᠢ ᠪᠠᠲᠣᠯᠠᠬᠤ ᠪᠣᠯ ᠣᠯᠠᠨ ᠲᠦᠮᠡᠨ ᠤ ᠦᠢᠯᠡᠳᠪᠦᠷᠢᠯᠡᠯ ᠪᠠ ᠪᠠᠷᠠᠭᠠᠨ ᠤ ᠦᠨ᠎ᠡ ᠶᠢ ᠲᠣᠬᠲᠠᠭᠤᠨ ᠪᠠᠶᠢᠯᠭᠠᠬᠤ ᠲᠠᠢ ᠬᠤᠯᠪᠣᠬᠲᠠᠨ᠎ᠠ ᠬᠡᠮᠡᠨ ᠵᠢᠭᠠᠵᠦ ᠭᠠᠷᠭᠠᠬᠰᠠᠨ ᠪᠦᠭᠡᠳ ᠪᠠᠰᠠ ᠶᠡᠷᠦᠩᠬᠡᠶᠢᠯᠡᠭᠰᠡᠨ ᠠᠷᠭ᠎ᠠ ᠬᠡᠮᠵᠢᠶ᠎ᠠ ᠠᠪᠴᠦ᠂ ᠭᠠᠭ᠋ᠠᠢ ᠲᠡᠵᠢᠭᠡᠬᠦ ᠦᠢᠯᠡᠳᠪᠦᠷᠢᠯᠡᠯ ᠢ ᠰᠡᠷᠬᠦᠭᠡᠵᠦ᠂ ᠬᠡᠪᠴᠢᠶᠠᠵᠢᠬᠦᠯᠦᠨ ᠲᠡᠵᠢᠭᠡᠬᠦ ᠶᠢ ᠪᠠᠷᠢᠮᠲᠠᠯᠠᠨ ᠲᠠᠷᠢᠶᠠᠴᠢᠨ ᠡᠷᠦᠭᠡ ᠶᠢᠨ ᠭᠠᠭ᠋ᠠᠢ ᠲᠡᠵᠢᠭᠡᠬᠦ ᠶᠢ ᠲᠡᠮᠵᠢᠵᠦ᠂ ᠭᠠᠭ᠋ᠠᠢ ᠶᠢᠨ ᠮᠢᠬᠠᠨ ᠤ ᠬᠠᠩᠭᠠᠯᠭ᠎ᠠ ᠶᠢ ᠪᠠᠲᠣᠯᠠᠨ᠎ᠠ ᠭᠡᠵᠦ ᠲᠣᠬᠲᠠᠭᠠᠪᠠ᠃ ᠡᠨᠡ ᠴᠣᠬᠤᠮ ᠲᠠᠭᠠᠷᠠᠬᠰᠠᠨ ᠬᠦᠮᠦᠨ ᠳᠤ ᠲᠠᠬᠤ ᠬᠦᠷᠭᠡᠭᠰᠡᠨ ᠮᠡᠲᠦ ᠶᠠᠭᠤᠲᠠᠢ ᠶᠡᠭᠡ ᠪᠠᠶᠠᠷ ᠪᠣᠯᠬᠤ ᠠᠵᠢ᠃
   ᠮᠢᠬ᠎ᠠ ︽ᠮᠠᠩᠨᠤᠬ︾ ᠪᠣᠯᠪᠠ᠂ ᠮᠠᠨᠣᠰ ᠶᠠᠭᠠᠬᠢᠲᠠᠬ ᠪᠢᠯᠡ⁈ ᠲᠦᠷᠦ ᠶᠢᠨ ᠶᠠᠪᠣᠲᠠᠯ ᠤᠨ ᠬᠤᠷᠢᠶ᠎ᠠ ᠠᠴᠠ ᠴᠢᠬᠤᠯᠠᠴᠢᠯᠠᠨ ᠬᠠᠮᠢᠶ᠎ᠠ ᠪᠦᠬᠦᠢ ᠠᠷᠭ᠎ᠠ ᠬᠡᠮᠵᠢᠶ᠎ᠠ ᠠᠪᠴᠦ᠂ ᠬᠠᠩᠭᠠᠯᠭ᠎ᠠ ᠬᠡᠷᠡᠭᠴᠡᠭᠡ ᠶᠢ ᠪᠠᠲᠣᠯᠠᠬᠤ ᠪᠠᠷ ᠲᠣᠬᠲᠠᠭᠠᠯ᠎ᠠ᠃ ᠡᠨᠡ ᠨᠢ ᠤᠯᠠᠨ ᠲᠦᠮᠡᠨ ᠳᠤ ᠠᠪᠴᠤ ᠬᠡᠯᠡᠪᠡᠯ ᠴᠤᠬᠤᠮ ᠨᠢᠭᠡᠨ ᠪᠠᠶᠠᠷ ᠤᠨ ᠴᠢᠮᠡᠭᠡ ᠭᠡᠯᠳᠠᠢ︕ ᠵᠣᠬᠢᠶᠠᠭᠴᠢ᠄  ᠸᠠᠩ ᠰᠢᠶᠣᠣ ᠮᠢᠩ 



  
     
     