-
13098
ᠲᠣᠷᠭᠠᠨ ᠱᠠᠯᠠ ᠶᠢᠨ ᠨᠡᠭᠦᠳᠡᠯ
2018-08-27 17:38
338
0
ᠲᠣᠷᠭᠠᠨ ᠱᠠᠯᠠ ᠶᠢᠨ ᠨᠡᠬᠥᠳᠠᠯ
ᠦᠭᠡ᠄ ᠬᠤᠱᠤᠤᠨ ᠲᠠᠯᠠᠪᠠᠶᠠᠷ
ᠰᠢᠯᠢ ᠶᠢᠨ ᠬᠥᠪ ᠤᠨ ᠳᠠᠪᠠᠭ᠎ᠠ ᠪᠡᠷ ᠡᠷᠳᠠᠨ ᠤ ᠨᠡᠭᠦᠳᠡᠯ ᠰᠤᠨᠤᠭᠰᠠᠨ
ᠰᠢᠪᠡᠭᠡᠳᠤ ᠭᠡᠷᠡᠮ ᠤᠨ ᠬᠥᠪᠡᠭᠡ ᠪᠡᠷ ᠲᠡᠦᠬᠡ ᠶᠢᠨ ᠨᠡᠬᠥᠳᠠᠯ ᠪᠢᠴᠢᠭᠯᠡᠭᠰᠡᠨ
ᠪᠠᠯᠭᠠᠳᠤ ᠭᠣᠣᠯ ᠤᠨ ᠬᠥᠪᠡᠭᠡᠨ ᠳ᠋ᠤᠨᠢ ᠲᠤᠷᠭᠤᠤᠨ ᠨᠡᠭᠦᠳᠡᠯ ᠡᠪᠤᠯᠵᠢᠭᠰᠡᠨ
ᠪᠤᠯᠠᠬᠳᠤ ᠬᠢᠯᠢ ᠶᠢᠨ ᠰᠤᠭᠤᠮ ᠳ᠋ᠤᠨᠢ ᠲᠠᠪᠤᠨ ᠪᠠᠭᠠᠳᠤᠷ ᠪᠠᠢᠯᠳᠤᠭᠰᠠᠨ
ᠲᠡᠭᠷᠢ ᠶᠢᠨ ᠬᠠᠶᠠᠭ᠎ᠠ ᠡᠴᠠ ᠬᠦᠯᠦᠭ ᠤᠨ ᠢᠨᠴᠠᠭ᠎ᠠ ᠴᠤᠤᠷᠢᠶᠠᠳᠤᠬᠰᠠᠨ
ᠲᠠᠭᠤᠯᠠᠨ ᠳᠤᠷᠠᠰᠤᠮᠠ ᠲᠣᠷᠭᠠᠨ ᠱᠠᠯᠠ ᠶᠢᠨ ᠨᠡᠬᠥᠳᠠᠯ ᠮᠢᠨᠢ
.
ᠠᠭᠤᠳᠠᠮ ᠭᠣᠪᠢ ᠶᠢᠨ ᠬᠥᠨᠳᠠᠢ ᠪᠡᠷ ᠲᠠᠯ᠎ᠠ ᠶᠢᠨ ᠨᠡᠬᠥᠳᠠᠯ ᠴᠡᠢᠯᠵᠡᠬᠰᠠᠨ
ᠠᠷᠤ ᠠᠭᠤᠯᠠᠰ ᠤᠨ ᠤᠷᠤᠢᠥᠨ ᠢᠶᠡᠷ ᠰᠢᠪᠡᠭᠤᠨ ᠨᠡᠭᠦᠳᠡᠯ ᠭᠠᠩᠭᠠᠨᠠᠭᠰᠠᠨ
ᠬᠠᠭᠠᠨ ᠠᠪᠤ ᠶᠢᠨ ᠬᠠᠷᠠᠴᠠᠨ ᠳ᠋ᠤᠨᠢ ᠠᠢᠵᠠᠮ ᠨᠡᠭᠦᠳᠡᠯ ᠡᠩᠬᠡᠵᠢᠭᠰᠡᠨ
ᠬᠠᠳᠤᠨ ᠡᠵᠢ ᠶᠢᠨ ᠬᠠᠢᠷᠠᠨ ᠳ᠋ᠤᠨᠢ ᠲᠠᠢᠪᠤᠩ ᠬᠣᠷᠤ᠎ᠠ ᠵᠢᠷᠭᠠᠭᠰᠠᠨ
ᠲᠠᠯ ᠤᠨ ᠨᠢᠷᠤᠭᠤᠨ ᠡᠴᠠ ᠣᠪᠤᠭᠠᠨ ᠲᠡᠭᠷᠢ ᠴᠡᠯᠮᠡᠯᠵᠡᠭᠰᠡᠨ
ᠲᠡᠩᠴᠤ ᠪᠠᠬᠠᠷᠤᠮ᠎ᠠ ᠲᠣᠷᠭᠠᠨ ᠱᠠᠯᠠ ᠶᠢᠨ ᠨᠡᠭᠦᠳᠡᠯ ᠮᠢᠨᠢ
ᠵᠠᠭᠤᠨ ᠤ ᠱᠠᠯᠠ ᠶᠢᠨ ᠵᠠᠢ ᠪᠡᠷ ᠬᠠᠪᠳᠠᠭᠠᠢ ᠶᠢᠨ ᠨᠡᠬᠥᠳᠠᠯ ᠪᠠᠷᠠᠯᠠᠭᠰᠠᠨ
ᠬᠠᠯᠳᠠᠷ ᠲᠠᠯ ᠤᠨ ᠠᠷᠳᠠᠭ ᠪᠡᠷ ᠵᠡᠭᠡᠷ᠎ᠡ ᠶᠢᠨ ᠨᠡᠭᠦᠳᠡᠯ ᠴᠤᠪᠤᠭᠰᠠᠨ
ᠬᠥᠬᠡ ᠥᠵᠤᠭᠥᠷ ᠤᠨ ᠴᠢᠯᠠᠭᠤᠨ ᠳ᠋ᠤᠨᠢ ᠭᠠᠯᠪᠠ ᠶᠢᠨ ᠨᠡᠭᠦᠳᠡᠯ ᠮᠥᠩᠬᠡᠵᠢᠭᠰᠡᠨ
ᠪᠠᠶᠠᠨ ᠵᠣᠬᠢᠶᠠᠯ ᠤᠨ ᠬᠠᠳᠠᠨ ᠳ᠋ᠤᠨᠢ ᠲᠣᠭᠰᠢᠨ ᠶᠠᠩᠭᠢᠷ ᠢᠳᠡᠭᠡᠯᠡᠭᠰᠡᠨ
ᠭᠣᠪᠢ ᠶᠢᠨ ᠪᠠᠷ᠎ᠠ ᠡᠴᠠ ᠠᠷᠭᠠᠯ ᠤᠨ ᠤᠨᠢᠶᠡᠷ ᠴᠡᠩᠭᠡᠷᠳᠥᠭᠰᠡᠨ
ᠬᠤᠯᠠᠨ ᠲᠥᠭᠡᠷᠢᠮᠡ ᠲᠣᠷᠭᠠᠨ ᠱᠠᠯᠠ ᠶᠢᠨ ᠨᠡᠭᠦᠳᠡᠯ ᠮᠢᠨᠢ